ᠤᠷᠠᠳ ᠤᠨ ᠲᠤᠮᠲᠠᠲᠤ ᠬᠤᠰᠢᠭᠤᠨ ᠤ ᠪᠠᠶᠠᠨᠬᠠᠲᠠᠢ ᠰᠤᠮᠤᠨ ᠤ ᠵᠤᠰᠠᠮᠠᠯ ᠭᠠᠴᠠᠭᠠᠨ ᠳᠤ ᠪᠠᠶᠢᠷᠢᠰᠢᠭ᠎ᠠ ᠰᠢᠷᠡᠭᠡ ᠶᠢᠨ ᠰᠦᠮ᠎ᠡ ᠳᠤ ᠲᠠ ᠤᠴᠢᠵᠦ | ᠦᠩᠭᠡᠷᠡᠭᠰᠡᠨ ᠤᠤ︖ ᠰᠢᠳᠢᠳᠦ ᠤᠮᠲᠠᠭᠠᠨ ᠰᠢᠷᠡᠭᠡ ᠶᠢᠨ ᠷᠠᠰᠢᠶᠠᠨ ᠭᠡᠵᠤ ᠠᠯᠢ ᠡᠷᠲᠡ ᠠᠴᠠ ᠠᠯᠲᠠᠷᠰᠢᠭᠰᠠᠨ ᠷᠠᠰᠢᠶᠠᠨ ᠢ ᠲᠠ ᠤᠤᠭᠤᠵᠤ ᠦᠵᠡᠭᠰᠡᠨ ᠤᠤ︖ | ᠬᠤᠰᠢᠭᠤᠨ ᠲᠦᠪ ᠬᠠᠯᠢᠭᠤᠲᠤ ᠪᠠᠯᠭᠠᠰᠤᠨ ᠠᠴᠠ ᠰᠢᠨᠡᠬᠦ᠋ᠷᠢᠶᠠ ᠰᠤᠮᠤ ᠬᠦᠷᠬᠦ ᠲᠡᠷᠭᠡᠨ ᠳᠤ ᠰᠠᠭᠤᠵᠤ ᠨᠠᠢᠮᠠ ᠶᠢᠰᠦᠨ ᠺᠢᠯᠤᠮᠲ᠋ᠧᠷ ᠶᠠᠪᠤᠭᠠᠳ ᠪᠠᠶᠠᠨᠬᠠᠲᠠᠢ ᠰᠤᠮᠤᠨ | ᠤ ᠲᠡᠪᠰᠡᠭ ᠤᠨ ᠤᠪᠤᠭ᠎ᠠ ᠬᠦᠷᠦᠭᠡᠳ ᠬᠤᠶᠢᠰᠢ ᠰᠠᠯᠠᠭ᠎ᠠ ᠵᠠᠮ ᠢᠶᠠᠷ ᠲᠠᠪᠤ ᠵᠢᠷᠭᠤᠭᠠᠨ ᠭᠠᠵᠠᠷ ᠶᠠᠪᠤᠪᠠᠯ ᠲᠦᠷᠪᠡᠨ ᠲᠠᠯ᠎ᠠ ᠪᠠᠷ ᠢᠶᠠᠨ ᠠᠭᠤᠯᠠᠨ ᠳᠤ | ᠬᠦᠷᠢᠶᠡᠯᠡᠭᠲᠡᠭᠰᠡᠨ ᠬᠠᠪᠴᠢᠯ ᠳᠤ ᠤᠷᠤᠬᠤ ᠳᠤ ᠡᠪᠲᠡᠷᠡᠵᠦ ᠨᠤᠷᠠᠭᠰᠠᠨ ᠰᠦᠮ᠎ᠠ ᠶᠢᠨ ᠪᠠᠭᠤᠷᠢ ᠬᠠᠷᠠᠭᠲᠠᠬᠤ ᠪᠤᠯᠤᠨ᠎ᠠ᠃ ᠡᠨᠡ ᠪᠤᠯ ᠲᠠᠷᠤᠢ ᠲᠡᠤᠭᠡᠨᠠ | ᠠᠯᠲᠠᠷᠰᠢᠭᠰᠠᠨ ᠰᠢᠷᠡᠭᠡ ᠶᠢᠨ ᠰᠦᠮ᠎ᠠ ᠪᠤᠯᠤᠨ᠎ᠠ᠃ | ᠰᠢᠷᠡᠭᠡ ᠶᠢᠨ ᠰᠦᠮ᠎ᠠ ᠶᠢᠨ ᠠᠷᠤ ᠠᠭᠤᠯᠠ ᠶᠢ ᠬᠠᠷ᠎ᠠ ᠪᠤᠩᠬᠤᠨ᠂ ᠵᠡᠬᠦᠨ ᠠᠭᠤᠯᠠ ᠶᠢ ᠬᠠᠶᠢᠯᠠᠰᠤᠲᠠᠢ᠂ ᠵᠡᠬᠦᠨ ᠬᠦᠲᠦᠯ ᠢ ᠨᠠᠷᠡᠨ ᠭᠡᠮᠵᠢᠶᠡᠲᠦ᠂ ᠡᠮᠦᠨ᠎ᠠ | ᠠᠭᠤᠯᠠ ᠶᠢ ᠭᠡᠮᠫᠢ᠂ ᠪᠠᠷᠠᠭᠤᠨ ᠡᠮᠦᠨᠡᠬᠢ ᠠᠭᠤᠯᠠ ᠶᠢ ᠠᠭᠤᠯᠠᠨ ᠤᠪᠤᠭ᠎ᠠ᠂ ᠪᠠᠷᠠᠭᠤᠨ ᠬᠤᠶᠢᠲᠤ ᠠᠭᠤᠯᠠ ᠶᠢ ᠦᠷᠬᠦᠬᠦᠯ ᠠᠭᠤᠢ ᠭᠡᠬᠦ ᠪᠠ ᠲᠡᠬᠦᠨ ᠤ ᠪᠠᠷᠠᠭᠤᠨ | ᠡᠮᠦᠨᠡᠬᠢ ᠬᠦᠲᠦᠯ ᠢ ᠬᠠᠷ᠎ᠠ ᠭᠡᠷᠰᠡᠩ ᠭᠡᠲᠡᠭ᠃ ᠰᠢᠲᠦᠭᠡᠨ ᠲᠤᠭᠠᠩ ᠤᠨ ᠠᠷᠤ ᠳᠠᠬᠢ ᠱᠤᠪᠤᠭᠤᠷ ᠠᠭᠤᠯᠠ ᠶᠢᠨ ᠤᠷᠤᠢ ᠲᠡᠭᠡᠷ᠎ᠡ ᠵᠠᠰᠠᠭᠠᠳ ᠲᠠᠯᠪᠢᠭᠰᠠᠨ ᠶᠤᠮᠰᠢᠭ | ᠮᠠᠰᠢ ᠪᠦᠲᠦᠭᠦᠨ ᠠᠰᠬ᠎ᠠ ᠬᠠᠲᠠ ᠰᠡᠬᠦᠶᠢᠨ ᠪᠤᠰᠤᠭᠰᠠᠨ ᠪᠠᠶᠢᠲᠠᠭ᠂ ᠡᠬᠦᠨ ᠢ ︽ᠢᠯᠠᠭᠤᠭᠰᠠᠨ ᠴᠢᠮᠡᠭ︾ ᠭᠡᠵᠤ ᠨᠡᠷᠡᠯᠡᠲᠡᠭ ᠪᠦᠭᠡᠳ ᠡᠷ᠎ᠡ ᠪᠡᠯᠭᠡ ᠶᠢᠨ ᠬᠦᠢᠰᠤ | ᠶᠢ ᠲᠦᠯᠦᠭᠡᠯᠡᠲᠡᠭ ᠪᠠᠶᠢᠨ᠎ᠠ᠃ ᠰᠦᠮ᠎ᠠ ᠶᠢᠨ ᠪᠠᠷᠠᠭᠤᠨ ᠡᠮᠦᠨ᠎ᠡ ᠲᠠᠯ᠎ᠠ ᠳᠤ ᠪᠠᠷᠠᠭᠤᠨ ᠬᠤᠶᠢᠰᠢ ᠪᠠᠨ ︽ᠢᠯᠠᠭᠤᠭᠰᠠᠨ ᠴᠢᠮᠡᠭ︾ ᠢ ᠬᠠᠨᠲᠤᠭᠰᠠᠨ ᠬᠠᠪᠴᠢᠯ ᠲᠠᠢ᠂ | ᠬᠠᠪᠴᠢᠯ ᠤᠨ ᠬᠤᠶᠠᠷ ᠲᠠᠯ᠎ᠠ ᠲᠡᠭᠡᠷ᠎ᠡ ᠨᠢ ᠲᠤᠰ ᠪᠦᠷᠢ ᠨᠢᠭᠡ ᠴᠠᠭᠠᠨ ᠰᠤᠪᠤᠷᠭ᠎ᠠ ᠪᠠᠶᠢᠭᠤᠯᠵᠠᠢ᠃ ᠡᠨᠡ ᠭᠠᠵᠠᠷ ᠢ ᠡᠮ᠎ᠡ ᠪᠡᠯᠭᠡ ᠶᠢᠨ ᠬᠦᠢᠰᠦ ᠶᠢ ᠲᠦᠯᠦᠭᠡᠯᠡᠲᠡᠭ | ᠪᠠᠶᠢᠨ᠎ᠠ᠃ ᠦᠭᠡᠷ᠎ᠡ ᠪᠠᠷ ᠭᠡᠯᠡᠪᠡᠯ ᠡᠨᠡ ᠰᠦᠮ᠎ᠡ ᠶᠢᠨ ᠪᠠᠶᠢᠷᠢᠯᠠᠭ᠎ᠠ ᠭᠠᠵᠠᠷ ᠲᠤ ᠠᠷᠭ᠎ᠠ ᠪᠢᠯᠢᠭ ᠵᠡᠷᠭᠡᠴᠡᠨ ᠤᠷᠤᠰᠢᠭᠰᠠᠨ ᠭᠠᠶᠢᠬᠠᠮᠰᠢᠭᠲᠤ ᠭᠠᠵᠠᠷ ᠪᠤᠯᠤᠨ᠎ᠠ᠃ | ᠲᠡᠤᠭᠡᠨ ᠳᠤ᠂ ᠰᠤᠪᠤᠷᠭ᠎ᠠ ᠶᠢᠨ ᠲᠤᠭᠤᠷᠢᠨ ᠳᠤ ᠨᠠᠢᠮᠠᠨ ᠭᠠᠨᠳᠢᠭ ᠴᠢᠯᠠᠭᠤᠨ ᠠᠷᠰᠯᠠᠨ ᠲᠠᠯᠪᠢᠵᠦ᠂ ᠲᠤᠰ ᠠᠷᠰᠯᠠᠨ ᠨᠤᠭᠤᠳ ᠤᠨ ᠬᠦᠯ ᠠᠴᠠ ᠨᠢ ᠬᠤᠷᠤᠬᠠᠢ | ᠭᠡᠯᠪᠡᠷᠢᠲᠦ ᠨᠠᠷᠢᠨ ᠲᠡᠮᠦᠷ ᠲᠡᠭᠡᠰᠤ ᠪᠠᠷ ᠤᠭᠤᠰᠤᠷᠯᠠᠨ ᠰᠤᠪᠤᠷᠭ᠎ᠠ ᠶᠢᠨ ᠤᠷᠤᠢ ᠲᠠᠢ ᠬᠤᠯᠪᠤᠭᠰᠠᠨ ᠪᠠᠶᠢᠲᠠᠭ᠃ ᠡᠨᠡᠬᠦ ᠬᠠᠪᠴᠢᠯ ᠢ ᠦᠭᠡᠲᠡᠯᠡᠨ ᠵᠠᠭᠤ ᠭᠠᠷᠤᠢ | ᠮᠧᠲᠷ ᠶᠠᠪᠤᠪᠠᠯ ᠨᠠᠷᠢᠨ ᠤᠷᠤᠰᠬᠠᠯ ᠲᠠᠢ ᠭᠤᠤᠯ ᠤᠨ ᠡᠮᠦᠨ᠎ᠡ ᠲᠠᠯ᠎ᠠ ᠳᠤ ᠪᠤᠯᠠᠭ ᠲᠠᠢ ᠪᠠᠶᠢᠵᠤ᠂ ᠪᠤᠯᠠᠭ ᠤᠨ ᠢᠷᠤᠭᠠᠷ ᠤᠨ ᠭᠡᠰᠡᠭ ᠲᠤ ᠲᠤᠮᠤ ᠱᠠᠭᠠᠵᠠᠩ ᠤᠨ | ᠴᠢᠨᠡᠭᠡᠨ ᠭᠤᠷᠪᠠᠨ ᠴᠢᠨᠲᠠᠮᠤᠨᠢ ᠨᠦᠭᠡ ᠪᠠᠷ ᠷᠠᠰᠢᠶᠠᠨ ᠲᠠᠰᠤᠷᠠᠯᠲᠠ ᠦᠭᠡᠢ ᠤᠨᠲᠤᠷᠤᠳᠠᠭ ᠪᠠᠶᠢᠨ᠎ᠠ᠃ | ᠰᠢᠲᠦᠭᠡᠨ ᠲᠤᠭᠠᠩ ᠤᠨ ᠡᠮᠦᠨ᠎ᠡ ᠲᠤᠤᠷᠠᠬᠢ ᠦᠨᠲᠦᠷ ᠭᠠᠴᠠᠭᠠᠨ ᠳᠤ ︽ᠲᠢᠶᠠᠨᠴᠢ ᠶᠢᠨ ᠠᠭᠤᠢ︾ ᠲᠠᠢ᠃ ︽ᠲᠢᠶᠠᠨᠴᠢ ᠶᠢᠨ ᠠᠭᠤᠢ︾ ᠠᠴᠠ ᠲᠡᠭᠡᠭᠰᠢ | ᠬᠠᠲᠠᠨ ᠭᠠᠴᠠᠭ᠎ᠠ ᠶᠢ ᠴᠢᠯᠠᠭᠤ ᠪᠠᠷ ᠲᠡᠭᠲᠡᠷᠯᠡᠨ ᠦᠷᠦᠵᠦ᠂ ᠷᠠᠰᠠᠩ ᠲᠤᠭᠠᠩ ᠤᠨ ᠵᠡᠬᠦᠨ ᠡᠮᠦᠨ᠎ᠡ ᠠᠴᠠ ᠪᠠᠷᠠᠭᠤᠨ ᠡᠮᠦᠨ᠎ᠠ ᠬᠦᠷᠲᠡᠯ᠎ᠠ ᠰᠦᠮ᠎ᠠ ᠶᠢᠨ ᠡᠬᠦᠲᠡ ᠶᠢ | ᠬᠠᠰᠢᠵᠦ᠂ ᠮᠧᠲᠷ ᠦᠨᠲᠦᠷ ᠴᠢᠯᠠᠭᠤᠨ ᠭᠡᠷᠡᠮ ᠦᠷᠦᠵᠦ ᠬᠠᠰᠢᠯᠭ᠎ᠠ ᠪᠤᠯᠭᠠᠨ ᠵᠠᠰᠠᠭᠰᠠᠨ ᠶᠤᠮ᠃ ᠠᠷᠠᠳ ᠤᠨ ᠶᠠᠷᠢᠶᠠᠨ ᠳᠤ ︽ᠲᠢᠶᠠᠨᠴᠢ ᠶᠢᠨ ᠠᠭᠤᠢ︾ | ᠲᠤᠲᠤᠷ᠎ᠠ ᠰᠠᠩ ᠲᠠᠯᠪᠢᠪᠠᠯ ᠢᠯᠠᠭᠤᠭᠰᠠᠨ ᠴᠢᠮᠡᠭ ᠤᠨ ᠤᠷᠤᠢ ᠪᠠᠷ ᠰᠠᠩ ᠤᠨ ᠤᠲᠤᠭ᠎ᠠ ᠨᠢ ᠭᠠᠷᠲᠠᠭ ᠪᠠᠶᠢᠯ᠎ᠠ ᠭᠡᠲᠡᠭ᠃ ᠤᠷᠤᠭ᠎ᠠ ᠪᠤᠰᠤᠭ᠎ᠠ ᠲᠡᠤᠭᠡ ᠶᠢᠨ | ᠤᠯᠪᠠᠭ᠎ᠠ ᠪᠠᠷ ᠲᠡᠮᠵᠢᠨ ᠦᠨᠦᠲᠦᠷ ᠪᠤᠯᠬᠤ ᠳᠤ ᠡᠨᠡᠬᠦ ᠬᠠᠴᠢᠨ ᠦᠵᠡᠭᠲᠡᠯ ᠲᠡᠬᠢᠨ ᠬᠠᠷᠠᠭᠲᠠᠬᠤ ᠪᠠᠨ ᠪᠤᠯᠢᠵᠠᠢ᠃ | ᠲᠡᠭᠡᠪᠡᠯ ᠰᠢᠷᠡᠭᠡ ᠶᠢᠨ ᠰᠦᠮ᠎ᠡ ᠪᠠᠶᠢᠭᠤᠯᠤᠭᠲᠠᠭᠰᠠᠨ ᠲᠤᠬᠠᠢ ᠪᠠᠰᠠ ᠨᠢᠭᠡᠨ ᠰᠠᠶᠢᠬᠠᠨ ᠲᠤᠮᠤᠭ ᠤᠯᠠᠮᠵᠢᠯᠠᠭᠲᠠᠵᠤ ᠪᠠᠶᠢᠲᠠᠭ᠃ ᠪᠠᠲᠠᠷᠠᠯᠲᠤ ᠲᠦᠷᠦ ᠶᠢᠨ | ᠠᠩᠬᠠᠲᠤᠭᠠᠷ ᠤᠨ ︵1875 ᠤᠨ︶ ᠳᠤ ᠳ᠋ᠧᠽᠦ᠋ᠩ ᠬᠠᠭᠠᠨ ᠤ ᠡᠭᠡ ᠨᠢ ᠪᠡᠭᠡᠵᠢᠩ ᠬᠤᠲᠠᠨ᠎ᠠ ᠨᠠᠰᠤ ᠨᠦᠭᠴᠢᠭᠰᠡᠨ ᠳᠤ ᠬᠠᠭᠠᠨ ᠡᠵᠡᠨ ᠴᠢᠭᠤᠯᠭᠠᠨ ᠬᠤᠷᠠᠵᠤ | ᠵᠠᠷᠯᠢᠭ ᠪᠠᠭᠤᠯᠭᠠᠨ᠄ ︽ᠮᠢᠨᠤ ᠡᠵᠢ ᠶᠢᠨ ᠨᠦᠭᠴᠢᠭᠰᠡᠨ ᠰᠦᠨᠠᠰᠤ ᠶᠢ ᠪᠤᠷᠬᠠᠨ ᠪᠤᠳᠢᠰᠠᠳ᠋ᠸ᠎ᠠ ᠶᠢᠨ ᠤᠷᠤᠨ ᠳᠤ ᠬᠦᠷᠭᠡᠵᠦ ᠴᠢᠲᠠᠬᠤ ᠡᠷᠲᠡᠮᠲᠤ ᠯᠠᠮᠠ ᠬᠠᠮᠢᠭ᠎ᠠ | ᠪᠠᠶᠢᠬᠤ ᠪᠤᠢ︖︾ ᠭᠡᠮᠡᠨ ᠰᠠᠶᠢᠳ ᠲᠦᠰᠢᠮᠡᠳ ᠠᠴᠠ ᠪᠠᠨ ᠠᠰᠠᠭᠤᠭᠰᠠᠨ ᠳᠤ ᠰᠢᠡᠵᠢᠭᠴᠢ ᠰᠠᠶᠢᠳ᠄ ︽ᠪᠠᠷᠠᠭᠤᠨ ᠬᠤᠶᠢᠲᠤ ᠵᠦᠭ ᠤᠨ ᠠᠯᠤᠰ ᠲᠠᠬᠢ ᠬᠠᠲᠠᠨ | ᠠᠭᠤᠢ ᠶᠢᠨ ᠲᠤᠲᠤᠷ᠎ᠠ ᠨᠢᠭᠡᠨ ᠠᠷᠰᠢ ᠯᠠᠮᠠ ᠪᠠᠶᠢᠮᠤᠢ᠂ ᠲᠡᠷᠡ ᠬᠦᠮᠦᠨ ᠡᠵᠡᠨ ᠬᠠᠭᠠᠨ ᠤ ᠡᠵᠢ ᠶᠢᠨ ᠨᠦᠭᠴᠢᠭᠰᠡᠨ ᠰᠦᠨᠡᠰᠤ ᠶᠢ ᠪᠤᠷᠬᠠᠨ ᠪᠤᠳᠢᠰᠠᠳ᠋ᠸ᠎ᠠ ᠶᠢᠨ | ᠤᠷᠤᠨ᠎ᠠ ᠬᠦᠷᠭᠡᠵᠦ ᠴᠢᠲᠠᠮᠤᠢ︾ ᠭᠡᠵᠤ ᠠᠶᠢᠯᠠᠳᠬᠠᠪᠠ᠃ ᠡᠵᠡᠨ ᠬᠠᠭᠠᠨ ᠡᠬᠦᠨ ᠢ ᠰᠤᠨᠤᠰᠤᠭᠠᠳ ᠮᠠᠰᠢᠲᠠ ᠪᠠᠶᠠᠷᠯᠠᠨ ᠲᠠᠷᠤᠶᠢᠬᠠᠨ ᠵᠠᠯᠠᠵᠤ ᠠᠪᠴᠢᠷᠠᠭᠲᠤᠨ ᠭᠡᠵᠤ | ᠵᠠᠷᠯᠢᠭ ᠪᠤᠯᠪᠠ᠃ | ᠰᠢᠡᠵᠢᠭᠴᠢ ᠰᠠᠶᠢᠳ ᠬᠦᠰᠭᠡ ᠲᠡᠷᠭᠡ ᠪᠠᠷ ᠪᠠᠷᠠᠭᠤᠨ ᠬᠤᠶᠢᠲᠤ ᠵᠦᠭ ᠢ ᠵᠤᠷᠢᠨ ᠶᠠᠪᠤᠭᠰᠠᠭᠠᠷ ᠪᠠᠶᠢᠵᠤ᠂ ᠨᠢᠭᠡᠨ ᠡᠲᠦᠷ ᠤᠨ ᠨᠠᠷᠠᠨ ᠵᠢᠷᠭᠠᠬᠤ ᠶᠢᠨ ᠦᠶ᠎ᠡ | ᠪᠠᠷ ᠰᠢᠷᠡᠭᠡ ᠶᠢᠨ ᠠᠭᠤᠯᠠᠨ ᠳᠤ ᠬᠦᠷᠴᠦ ᠠᠷᠰᠢ ᠯᠠᠮᠠ ᠳᠤ ᠢᠷᠡᠭᠰᠡᠨ ᠵᠤᠷᠢᠯᠭ᠎ᠠ ᠪᠠᠨ ᠲᠤᠲᠤᠷᠬᠠᠶᠢᠯᠠᠭᠰᠠᠨ ᠳᠤ ᠠᠷᠰᠢ ᠯᠠᠮᠠ᠄ ︽ᠪᠤᠯᠤᠨ᠎ᠠ︾ ᠭᠡᠵᠤ | ᠵᠦᠪᠰᠢᠶᠡᠷᠡᠭᠡᠳ ᠪᠡᠯᠡᠳᠭᠡᠵᠦ ᠢᠷᠡᠭᠰᠡᠨ ᠰᠠᠤᠭᠡᠨ ᠳᠤᠨᠢ ᠰᠠᠭᠤᠭᠰᠠᠨ ᠦᠭᠡᠢ ᠶᠠᠪᠠᠭᠠᠨ ᠢᠶᠠᠷ ᠪᠡᠭᠡᠵᠢᠩ ᠬᠤᠲᠠᠨ᠎ᠠ ᠬᠦᠷᠬᠦ ᠵᠠᠮ ᠳᠤ ᠪᠠᠨ ᠤᠷᠤᠯ᠎ᠠ᠃ ᠡᠪᠤᠭᠡᠨ ᠠᠷᠰᠢ | ︽ᠶᠠᠮᠠᠲᠠᠨ ᠪᠤᠷᠬᠠᠨ︾ ᠪᠡᠶ᠎ᠡ ᠪᠠᠷ ᠪᠦᠲᠦᠵᠦ ᠵᠠᠯᠠᠷᠠᠨ ᠪᠠᠭᠤᠬᠤ ᠳᠤ᠂ ᠡᠵᠡᠨ ᠬᠠᠭᠠᠨ ᠦᠪᠡᠷ ᠤᠨ ᠪᠡᠶ᠎ᠡ ᠪᠠᠷ ᠢᠶᠠᠨ ᠭᠠᠷᠴᠤ ᠠᠯᠲᠠ ᠮᠦᠩᠬᠦ᠂ ᠮᠠᠩᠨᠤᠭ ᠲᠤᠷᠭ᠎ᠠ | ᠵᠡᠷᠭᠡ ᠶᠢ ᠬᠦᠷᠭᠡᠨ᠂ ᠬᠦᠵᠢ ᠵᠤᠯᠠ ᠠᠰᠠᠭᠠᠨ ᠵᠠᠯᠠᠯᠭ᠎ᠠ ᠲᠡᠯᠪᠢᠨ ᠤᠭᠲᠤᠵᠤ᠂ ᠰᠢᠲᠦᠭᠡᠨ ᠤ ᠤᠷᠲᠤᠨ ᠳᠤ ᠪᠠᠨ ᠪᠠᠭᠤᠯᠭᠠᠨ᠂ ᠲᠦᠷᠦ ᠶᠢᠨ ᠪᠡᠯᠪᠡᠰᠤᠷᠠᠯ ᠤᠨ | ᠶᠤᠰᠤᠭᠠᠷ ᠮᠡᠨᠲᠦᠯᠡᠵᠦ᠂ ᠵᠠᠯᠠᠵᠤ ᠰᠠᠭᠤᠯᠭᠠᠵᠠᠢ᠃ ᠲᠠᠷᠠᠭ᠎ᠠ ᠦᠷᠯᠦᠭᠡ ᠨᠢ ᠡᠪᠦᠭᠡᠨ ᠠᠷᠰᠢ᠄ ︽ᠲᠠᠨᠠᠷ ᠭᠠᠲᠠᠨ᠎ᠠ ᠭᠠᠷᠴᠤ ᠤᠭᠲᠠᠷᠭᠤᠢ ᠶᠢ ᠪᠠᠷᠠᠭᠠᠯᠠᠭᠲᠤᠨ︕ | ᠡᠵᠨᠨ ᠬᠠᠭᠠᠨ ᠤ ᠡᠵᠢ ᠶᠢᠨ ᠴᠢᠨᠲᠡᠷ ᠤᠨ ᠭᠡᠷ ᠤᠨ ᠤᠷᠤᠢ ᠠᠴᠠ ᠤᠷᠲᠤ ᠴᠠᠭᠠᠨ ᠰᠤᠭᠤᠨᠠᠭ ᠲᠡᠭᠲᠡᠵᠦ ᠬᠠᠮᠢᠭᠠᠰᠢ ᠤᠳᠬᠤ ᠶᠢ ᠨᠠᠲᠤᠷ ᠮᠡᠲᠡᠬᠦᠯ︾ ᠭᠡᠵᠡᠢ᠃ | ᠡᠵᠡᠨ ᠬᠠᠭᠠᠨ ᠤᠯᠠᠨ ᠰᠠᠶᠢᠳ ᠲᠦᠰᠢᠮᠡᠯ ᠤᠨ ᠬᠠᠮᠲᠤ ᠴᠢᠨᠲᠠᠷ ᠤᠨ ᠭᠡᠷ ᠤᠨ ᠤᠷᠤᠢ ᠶᠢ ᠪᠠᠷᠠᠭᠠᠯᠠᠵᠤ ᠪᠠᠶᠢᠲᠠᠯ᠎ᠠ ᠦᠨᠡᠭᠡᠷ ᠨᠢᠭᠡᠨ ᠤᠷᠲᠤ ᠴᠠᠭᠠᠨ ᠰᠤᠭᠤᠨᠠᠭ | ᠲᠠᠲᠠᠵᠤ ᠪᠠᠷᠠᠭᠠᠳ ᠬᠤᠶᠢᠲᠤ ᠵᠦᠭ ᠲᠤ ᠲᠡᠭᠲᠡᠨ ᠤᠭᠲᠠᠷᠭᠤᠢ ᠳᠤ ᠰᠢᠩᠭᠡᠨ ᠵᠠᠮᠬᠠᠷᠠᠵᠤᠬᠤᠢ᠃ ᠡᠬᠦᠨ ᠢ ᠮᠡᠲᠡᠬᠦᠯᠬᠦ ᠳᠤ ᠡᠪᠦᠭᠡᠨ ᠠᠷᠰᠢ᠄ ︽ᠡᠶᠢᠮᠤ ᠪᠤᠯᠪᠠᠰᠤ | ᠡᠵᠡᠨ ᠬᠠᠭᠠᠨ ᠤ ᠡᠵᠢ ᠶᠢᠨ ᠰᠦᠨᠡᠰᠤ ᠢᠨᠤ ᠪᠤᠷᠬᠠᠨ ᠪᠤᠳᠢᠰᠠᠳ᠋ᠸ᠎ᠠ ᠶᠢᠨ ᠤᠷᠤᠨ ᠳᠤ ᠬᠦᠷᠴᠦᠬᠦᠢ︾ ᠭᠡᠮᠡᠨ ᠦᠬᠦᠯᠡᠵᠦ᠂ ᠤᠲᠤ ᠴᠢᠨᠲᠠᠷ ᠢ ᠨᠢ ᠲᠡᠭᠡᠲᠦᠰ ᠤᠨ | ᠪᠤᠩᠬᠤᠨ ᠳᠤ ᠤᠷᠤᠰᠢᠭᠤᠯᠲᠤᠭᠠᠢ ᠭᠡᠪᠡ᠃ | ᠡᠬᠦᠨ ᠠᠴᠠ ᠡᠵᠡᠨ ᠬᠠᠭᠠᠨ ᠠᠷᠰᠢ ᠬᠠᠭᠠᠨ ᠠᠷᠰᠢ ᠯᠠᠮᠠ ᠶᠢᠨ ᠡᠷᠲᠡᠮ ᠴᠢᠲᠠᠪᠤᠷᠢ ᠶᠢ ᠶᠡᠭᠡᠲᠡ ᠪᠢᠰᠢᠷᠡᠵᠦ᠂ ᠲᠡᠬᠦᠨ ᠳᠤ ᠲᠤᠭᠠᠩ ᠰᠦᠮ᠎ᠠ ᠪᠠᠶᠢᠭᠤᠯᠤᠨ | ᠰᠢᠲᠦᠭᠡᠨ ᠪᠤᠷᠬᠠᠨ ᠲᠠᠬᠢᠭᠤᠯᠬᠤ ᠶᠢᠨ ᠲᠦᠯᠦᠭᠡ ᠶᠢᠰᠤ ᠶᠢᠰᠤ ᠨᠠᠶᠠᠨ ᠨᠢᠭᠡᠨ ᠵᠦᠢᠯ ᠤᠨ ᠪᠡᠯᠡᠭ ᠢ ᠰᠤᠩᠭᠤᠨ ᠪᠤᠲᠤᠭᠲᠤ ᠠᠯᠲᠠᠨ ᠯᠤᠤ ᠶᠢᠨ ᠬᠤᠸᠠᠷ ᠲᠠᠢ ᠬᠤᠶᠠᠷ | ᠰᠤᠷᠢᠨᠵᠢᠨ ᠬᠦᠷᠲᠦᠲᠤ ᠠᠪᠲᠠᠷ᠎ᠠ ᠳᠤ ᠬᠢᠵᠦ ᠬᠦᠷᠭᠡᠭᠰᠡᠨ ᠪᠦᠭᠡᠳ ᠲᠠᠪᠤᠨ ᠵᠢᠯ ᠤᠨ ᠬᠤᠭᠤᠴᠠᠭᠠᠨ ᠳᠤ ᠰᠢᠷᠡᠭᠡ ᠶᠢᠨ ᠰᠦᠮ᠎ᠠ ᠶᠢ ᠪᠠᠶᠢᠭᠤᠯᠤᠨ ᠪᠦᠲᠦᠭᠡᠭᠰᠡᠨ | ᠪᠠᠶᠢᠨ᠎ᠠ᠃ | ᠰᠢᠷᠡᠭᠡ ᠶᠢᠨ ᠰᠦᠮ᠎ᠠ ᠨᠢ ᠰᠢᠲᠦᠭᠡᠨ ᠲᠤᠭᠠᠩ᠂ ᠷᠠᠰᠠᠩ ᠲᠤᠭᠠᠩ᠂ ᠬᠦᠭᠡ ᠰᠦᠮ᠎ᠠ᠂ ᠨᠦᠩᠨᠠᠢ ᠲᠤᠭᠠᠩ᠂ ᠭᠠᠨᠵᠤᠤᠷ ᠲᠤᠭᠠᠩ᠂ ᠯᠠᠪᠷᠤᠩ᠂ ᠷᠦᠩᠺᠠᠩ | ︵ᠬᠤᠭᠤᠯᠠᠨ ᠭᠡᠷ︶᠂ ᠵᠢᠰᠠ ᠶᠢᠨ ᠵᠠᠪᠠ ︵ᠡᠳ᠋ ᠤᠨ ᠵᠠᠰᠠᠭ︶ ᠵᠡᠷᠭᠡ ᠪᠠᠷᠢᠯᠭ᠎ᠠ ᠪᠠᠷ ᠪᠦᠷᠢᠯᠲᠦᠵᠦ᠂ ᠬᠦᠭᠵᠢᠯ ᠤᠨ ᠱᠠᠲᠤᠨ ᠳᠤ ᠪᠠᠨ ᠭᠡᠲᠦᠨ ᠵᠠᠭᠤᠨ ᠯᠠᠮᠠ | ᠱᠠᠪᠢ ᠲᠠᠢ ᠲᠤᠮᠤ ᠰᠦᠮ᠎ᠠ ᠪᠠᠶᠢᠵᠤ᠂ ᠦᠯᠡᠲᠡᠵᠦ ᠬᠤᠴᠤᠷᠤᠭᠰᠠᠨ ᠪᠠᠭᠤᠷᠢ ᠠᠴᠠ ᠨᠢ ᠬᠤᠯᠠ ᠤᠶᠢᠷ᠎ᠠ ᠶᠢᠨ ᠮᠦᠷᠬᠦᠯᠴᠢᠳ ᠰᠤᠪᠤᠷᠠᠭᠰᠠᠨ ᠱᠠᠰᠢᠨ ᠤ ᠤᠷᠤᠨ | ᠪᠠᠶᠢᠭᠰᠠᠨ ᠢ ᠮᠡᠲᠡᠵᠦ ᠪᠤᠯᠤᠨ᠎ᠠ᠃ | ᠰᠢᠷᠡᠭᠡ ᠶᠢᠨ ᠰᠦᠮ᠎ᠡ ᠨᠢ ᠤᠷᠤᠭ᠎ᠠ ᠪᠤᠰᠤᠭ᠎ᠠ ᠲᠡᠤᠭᠡ ᠶᠢᠨ ᠰᠠᠯᠬᠢ ᠰᠢᠭᠤᠷᠭᠠᠨ ᠳᠤ ᠦᠨᠲᠦᠰᠦᠲᠠᠨ ᠤ ᠮᠢᠨᠢ ᠰᠤᠶᠤᠯ ᠤᠨ ᠬᠤᠪᠤᠷ ᠡᠷᠲᠡᠨᠢᠰ ᠦᠨᠡᠰᠤᠨ | ᠲᠤᠪᠤᠷᠠᠭ ᠪᠤᠯᠵᠤ᠂ ᠦᠯᠡᠲᠡᠵᠦ ᠬᠤᠴᠤᠷᠤᠭᠰᠠᠨ ᠨᠤᠷ᠎ᠠ ᠲᠦᠷᠢ ᠨᠢ ᠦᠴᠦᠭᠡᠲᠦᠷ ᠤᠨ ᠬᠦᠭᠵᠢᠯ ᠴᠡᠴᠡᠭᠯᠡᠯ ᠢ ᠶᠠᠭᠠᠬᠢᠬᠤ ᠶᠢᠨ ᠠᠷᠭ᠎ᠠ ᠦᠭᠡᠢ ᠶᠠᠷᠢᠵᠦ ᠪᠠᠶᠢᠯ᠎ᠠ᠃ | ᠤᠷᠴᠢᠮ ᠤᠨ ᠭᠡᠲᠦᠨ ᠵᠢᠯ ᠲᠦᠷᠦ ᠶᠢᠨ ᠪᠤᠲᠤᠯᠭ᠎ᠠ ᠶᠢᠨ ᠲᠤᠶᠠᠭᠠᠯᠠᠯ ᠲᠤᠤᠷ᠎ᠠ᠂ ᠰᠢᠷᠡᠭᠡ ᠰᠦᠮ᠎ᠡ ᠨᠢ ᠵᠠᠷᠢᠮ ᠪᠠᠷᠢᠯᠭ᠎ᠠ ᠪᠠᠨ ᠰᠡᠷᠬᠦᠭᠡᠨ ᠵᠠᠰᠠᠵᠤ᠂ ᠱᠠᠰᠢᠨ ᠤ | ᠠᠵᠢᠯᠯᠠᠭ᠎ᠠ ᠪᠠᠨ ᠡᠬᠢᠯᠡᠬᠦᠯᠵᠦ᠂ ᠡᠯᠡᠰᠤ ᠬᠠᠶᠢᠷ ᠲᠤ ᠲᠠᠷᠤᠭᠲᠠᠭᠠᠳ ᠤᠨ ᠵᠢᠯ ᠤᠲᠠᠭᠰᠠᠨ ᠷᠠᠰᠢᠶᠠᠨ ᠪᠤᠯᠠᠭ ᠨᠢ ᠴᠦ ᠠᠮᠢᠯᠠᠯ ᠤᠨ ᠬᠦᠴᠦᠨ ᠢᠶᠠᠨ ᠤᠯᠵᠤ᠂ | ᠲᠦᠷᠪᠡᠨ ᠵᠦᠭ ᠨᠠᠢᠮᠠᠨ ᠵᠤᠪᠬᠢᠰ ᠤᠨ ᠵᠤᠭᠠᠴᠠᠭᠰᠠᠳ᠂ ᠮᠦᠷᠬᠦᠯᠴᠢᠳ ᠤᠨ ᠬᠠᠯᠠᠭᠤᠨ ᠬᠦᠷᠢᠶᠡᠯᠡᠯ ᠢ ᠤᠯᠤᠭᠰᠠᠨ ᠰᠢᠲᠢᠲᠤ ᠤᠮᠲᠠᠭᠠᠨ ᠪᠤᠯᠤᠭᠰᠠᠨ ᠪᠠᠶᠢᠨ᠎ᠠ᠃ | | | | ᠪᠠ᠊ ᠪᠦᠬᠡ ᠶᠢᠨ ︽ᠬᠠᠶᠢᠷ᠎ᠠ ᠪᠠᠷ ᠢᠪᠢᠯᠬᠦ ᠬᠤᠷᠸ᠎ᠠ︾ ᠭᠡᠬᠦ ᠮᠡᠳᠡᠭᠡᠯᠡᠯ ᠤᠨ ᠤᠷᠠᠨ ᠵᠤᠬᠢᠶᠠᠯ ᠤᠨ ᠲᠡᠭᠦᠪᠦᠷᠢ ᠠᠴᠠ ᠪᠠᠭᠤᠯᠭᠠᠪᠠ | | | | | | | | |