ᠬᠦᠨᠲᠦᠲᠦ ᠡᠵᠢ ᠮᠢᠨᠢ᠄ | ᠰᠠᠶᠢᠨ ᠪᠠᠶᠢᠨ᠎ᠠ ᠤᠤ︖ ᠭᠡᠵᠤ ᠠᠯᠤᠰ ᠲᠤ ᠰᠠᠭᠤᠭ᠎ᠠ ᠡᠵᠢ ᠲᠡᠨ ᠳᠤ ᠪᠠᠨ ᠠᠯᠠᠭ᠎ᠠ ᠴᠢᠨᠡᠭᠡᠨ ᠴᠠᠭᠠᠰᠤᠨ ᠲᠡᠭᠡᠷ᠎ᠡ ᠠᠯᠲᠠ ᠬᠠᠲᠠᠭ ᠢᠶᠠᠨ ᠲᠡᠯᠭᠡᠨ ᠠᠮᠤᠷ | ᠡᠷᠢᠨ ᠵᠤᠯᠭᠠᠵᠤ ᠪᠠᠶᠢᠨ᠎ᠠ᠃ | ᠦᠨᠦᠲᠦᠷ ᠪᠤᠯ ᠬᠦᠦ ᠶᠢᠨ ᠴᠢᠨᠢ ᠲᠦᠷᠦᠭᠰᠡᠨ ᠡᠲᠦᠷ ᠤᠨ ᠪᠠᠶᠠᠷ᠃ ᠡᠨᠡ ᠡᠲᠦᠷ ᠢ ᠡᠵᠢ ᠮᠢᠨᠢ ᠲᠠ ᠭᠡᠨ ᠠᠴᠠ ᠴᠦ ᠢᠯᠡᠬᠦᠦ ᠰᠠᠶᠢᠨ ᠴᠡᠭᠡᠵᠢᠯᠡᠵᠦ | ᠪᠠᠶᠢᠬᠤ ᠨᠢ ᠯᠠᠪᠲᠠᠢ ᠶᠤᠮ᠃ ︽ᠦᠨᠦᠲᠦᠷ ᠪᠤᠯ ᠮᠢᠨᠤ ᠬᠦᠦ ᠶᠢᠨ ᠲᠦᠷᠦᠭᠰᠡᠨ ᠡᠲᠦᠷ᠂ ᠡᠵᠢ ᠨᠢ ᠰᠠᠶᠢᠬᠠᠨ ᠠᠮᠲᠠᠲᠠᠢ ᠬᠤᠭᠤᠯᠠ ᠬᠢᠵᠦ ᠢᠲᠡᠬᠦᠯᠦᠶᠡ︾ ᠭᠡᠵᠤ | ᠪᠠᠭ᠎ᠠ ᠪᠠᠶᠢᠬᠤ ᠳᠤ ᠵᠢᠯ ᠪᠦᠷᠢ ᠶᠢᠨ ᠡᠨᠡ ᠡᠲᠦᠷ ᠢ ᠡᠵᠢ ᠲᠡᠨ ᠤ ᠬᠢᠭᠰᠡᠨ ᠠᠮᠲᠠᠲᠤ ᠬᠤᠭᠤᠯᠠᠨ ᠤ ᠱᠠᠩᠨᠠᠯ ᠲᠠᠢ ᠦᠩᠭᠡᠷᠡᠭᠡᠲᠡᠭ ᠪᠠᠶᠢᠯ᠎ᠠ᠃ ᠡᠨᠡ ᠵᠢᠯ᠂ ᠮᠢᠨᠤ | ᠲᠦᠷᠦᠭᠰᠡᠨ ᠡᠲᠦᠷ ᠢ ᠮᠡᠲᠡᠭᠰᠡᠨ ᠨᠠᠶᠢᠵᠢ ᠨᠦᠭᠦᠳ᠂ ᠬᠠᠮᠲᠤ ᠠᠵᠢᠯᠯᠠᠭᠰᠠᠳ᠄ ︽ᠲᠦᠷᠦᠭᠰᠡᠨ ᠡᠲᠦᠷ ᠢᠶᠠᠨ ᠶᠠᠭᠠᠬᠢᠵᠤ ᠪᠡᠯᠡᠭᠯᠡᠬᠦ ᠪᠤᠢ︖︾ ᠭᠡᠵᠤ ᠦᠷᠯᠦᠭᠡ | ᠠᠯᠪᠠᠨ ᠭᠡᠷ ᠲᠤ ᠢᠷᠡᠭᠰᠡᠨ ᠠᠴᠠ ᠠᠪᠤᠭᠠᠳ ᠠᠰᠠᠭᠤᠬᠤ ᠪᠠᠷ ᠢᠶᠠᠨ ᠪᠤᠯᠤᠭᠰᠠᠨ᠃ ᠵᠠᠷᠢᠮ ᠨᠢ ᠪᠠᠰᠠ ᠴᠠᠬᠢᠮ ᠮᠡᠲᠡᠭᠡ ᠪᠠᠷ ᠲᠦᠷᠦᠭᠰᠡᠨ ᠡᠲᠦᠷ ᠤᠨ ᠰᠠᠶᠢᠨ | ᠰᠠᠶᠢᠬᠠᠨ ᠤ ᠪᠡᠯᠭᠡᠲᠡᠯ ᠢᠶᠠᠨ ᠲᠡᠪᠰᠢᠬᠦᠯᠦᠭᠰᠡᠨ᠃ ᠲᠡᠶᠢᠮᠦ ᠡ᠂ ᠬᠦᠦ ᠴᠢᠨᠢ ᠪᠢ ᠤᠶᠢᠷ᠎ᠠ ᠶᠢᠨ ᠵᠢᠯ ᠬᠦᠷᠲᠡᠯ᠎ᠠ ᠨᠠᠶᠢᠵᠢ ᠨᠦᠬᠦᠳ ᠢᠶᠠᠨ ᠴᠤᠭᠯᠠᠭᠤᠯᠤᠨ | ᠲᠦᠷᠦᠭᠰᠡᠨ ᠡᠲᠦᠷ ᠢᠶᠠᠨ ᠪᠡᠯᠡᠭᠯᠡᠵᠦ ᠪᠠᠶᠢᠭᠰᠠᠨ ᠶᠤᠮ᠃ | ᠤᠬᠢᠯᠠᠵᠤ ᠪᠠᠶᠠᠷᠯᠠᠵᠤ ᠶᠠᠪᠤᠲᠠᠭ ᠬᠤᠷᠸ᠎ᠠ ᠳᠤ ᠤᠬᠠᠭᠠᠷᠠᠵᠤ ᠰᠡᠭᠡᠭᠡᠷᠡᠵᠦ ᠶᠠᠪᠤᠬᠤ ᠶᠢ ᠲᠡᠭᠡᠲᠦᠯᠡᠲᠡᠭ ᠤᠴᠢᠷ ᠲᠠᠢ᠃ ᠬᠦᠦ ᠴᠢᠨᠢ ᠦᠷ᠎ᠡ ᠲᠠᠢ ᠪᠤᠯᠤᠭᠰᠠᠨ ᠢ | ᠰᠤᠨᠤᠰᠤᠭᠠᠳ ᠡᠵᠢ ᠲᠠᠨ ᠤ ᠮᠠᠩᠨᠠᠢ ᠳᠤ ᠰᠠᠭᠤᠭᠰᠠᠨ ᠠᠲᠤᠷᠢᠶ᠎ᠠ ᠠᠴᠠ ᠭᠡᠲᠦ ᠨᠢ ᠠᠷᠴᠢᠭᠲᠠᠭᠰᠠᠨ ᠢ ᠠᠯᠢ ᠬᠤᠶᠢᠨ᠎ᠠ ᠨᠢ ᠰᠠᠶ᠋ᠢ ᠤᠯᠵᠤ ᠮᠡᠲᠡᠵᠡᠢ᠃ ᠡᠵᠢ | ᠬᠦᠮᠦᠨ ᠤ ᠠᠭᠤᠤ ᠶᠡᠭᠡ ᠭᠡᠲᠡᠭ ᠢ ᠦᠪᠡᠷ ᠢᠶᠠᠨ ᠦᠷ᠎ᠡ ᠲᠠᠢ ᠪᠤᠯᠤᠭᠠᠳ ᠰᠠᠶ᠋ᠢ ᠤᠬᠠᠭᠠᠷᠠᠭᠰᠠᠨ ᠶᠤᠮ᠃ ᠲᠡᠶᠢᠮᠦ ᠳᠤ ᠪᠠᠨ ᠤᠬᠠᠭᠠᠨ ᠲᠦᠬᠦᠭᠡ ᠦᠭᠡᠢ | ᠶᠠᠪᠤᠭᠰᠠᠨ ᠲᠡᠷᠡ ᠤᠯᠠᠨ ᠡᠲᠦᠷ ᠬᠤᠨᠤᠭ ᠢ ᠡᠷᠬᠢᠴᠡᠬᠦᠯᠦᠨ ᠪᠤᠲᠤᠬᠤ ᠳᠤ ᠨᠡᠲᠡ ᠶᠢ ᠤᠬᠠᠭᠠᠨ ᠦᠭᠡᠢ ᠤᠰᠤᠨ ᠲᠡᠨᠡᠭ ᠭᠡᠵᠤ ᠭᠡᠯᠡᠬᠦ ᠳᠤ ᠢᠯᠡᠬᠦᠲᠡᠮᠡᠷ ᠭᠠᠵᠠᠷ | ᠦᠭᠡᠢ ᠠᠵᠠᠢ᠃ | ᠠᠩᠬ᠎ᠠ ᠲᠤᠮᠲᠠᠲᠤ ᠳᠤ ᠭᠡᠲᠦᠶᠢᠪᠡᠷ ᠮᠢᠨᠤ ᠰᠤᠷᠤᠯᠭ᠎ᠠ ᠲᠤᠰ ᠤᠨ ᠤ ᠲᠦᠷᠪᠡᠨ ᠠᠩᠬᠢ ᠳᠤ ᠪᠠᠨ ᠲᠡᠭᠡᠬᠦᠷ ᠶᠠᠪᠤᠲᠠᠭ ᠴᠦ ︽ᠭᠡᠷᠡᠭ ᠤᠨ ᠲᠦᠷᠦᠬᠦᠦ | ᠭᠡᠩᠭᠡᠷᠭᠡᠨ ᠲᠤᠬᠢᠭᠤᠷ︾ ᠭᠡᠵᠤ ᠮᠠᠲᠠ᠃ ᠰᠤᠷᠤᠯᠭ᠎ᠠ ᠰᠠᠶᠢᠨ ᠲᠡᠭᠡᠷ᠎ᠡ ᠪᠠᠨ ᠭᠡᠷᠡᠭ ᠵᠠᠷᠭᠤ ᠲᠠᠲᠠᠲᠠᠭ ᠠᠴᠠ ᠪᠠᠭᠰᠢ ᠨᠠᠷ ᠤᠨ ᠢᠶᠠᠨ ᠲᠤᠯᠤᠭᠠᠢ ᠶᠢ | ᠡᠪᠡᠳᠭᠡᠲᠡᠭ ︽ᠰᠠᠶᠢᠨ ᠡᠷ᠎ᠡ︾ ᠪᠠᠶᠢᠵᠠᠢ᠃ ᠤᠲᠠᠬᠤ ᠦᠭᠡᠢ ᠤᠲᠠᠬᠤ ᠦᠭᠡᠢ ᠭᠡᠷᠡᠭ ᠭᠠᠷᠭᠠᠴᠢᠬᠠᠭᠰᠠᠨ ᠡᠵᠢ ᠲᠡᠨ ᠢᠶᠠᠨ ᠪᠠᠭᠰᠢ ᠪᠠᠷ ᠲᠠᠭᠤᠲᠠᠭᠤᠯᠤᠨ | ᠵᠠᠩᠨᠠᠭᠤᠯᠲᠠᠭ ᠪᠠᠶᠢᠭᠰᠠᠨ᠃ ᠠᠩᠬ᠎ᠠ ᠬᠤᠶᠠᠷ ᠤᠨ ᠲᠤᠤᠷ᠎ᠠ ᠬᠤᠭᠤᠴᠠᠭ᠎ᠠ ᠰᠤᠷᠭᠠᠭᠤᠯᠢ ᠡᠬᠢᠯᠡᠭᠡᠳ ᠲᠡᠮᠡᠢ ᠤᠲᠠᠭ᠎ᠠ ᠦᠭᠡᠢ ᠪᠠᠶᠢᠬᠤ ᠳᠤ ᠪᠠᠰᠠ ᠯᠠ ᠪᠦᠲᠦᠬᠦᠨ | ᠲᠤᠯᠤᠭᠠᠶᠢᠯᠠᠵᠤ ᠭᠡᠷᠡᠭ ᠲᠠᠲᠠᠴᠢᠬᠠᠯᠠ᠃ ᠲᠤᠬᠠᠢ ᠶᠢᠨ ᠦᠶ᠎ᠡ ᠮᠡᠨ ᠤ ᠬᠢᠨᠢ ᠲᠡᠷᠭᠡ ᠤᠨᠤᠭ᠎ᠠ ᠨᠡᠪᠲᠡᠷᠡᠲᠡᠭ ᠦᠭᠡᠢ ᠪᠤᠶᠢᠲᠠ ᠪᠦᠭᠯᠡᠬᠦᠦ ᠠᠭᠤᠯᠠᠨ ᠳᠤ ᠰᠠᠭᠤᠲᠠᠭ᠃ | ᠭᠡᠬᠦ ᠳᠤ ᠭᠡᠲᠦᠨ ᠡᠲᠦᠷ ᠪᠤᠯᠤᠯ ᠦᠭᠡᠢ ᠪᠠᠭᠰᠢ ᠨᠠᠲᠠ ᠶᠢ ᠠᠯᠪᠠᠨ ᠭᠡᠷ ᠲᠤ ᠪᠠᠨ ᠲᠠᠭᠤᠲᠠᠬᠤ ᠳᠤ ᠡᠵᠢ ᠲᠡ ᠮᠢᠨᠢ ᠢᠷᠡᠴᠢᠭᠡᠭᠡᠳ ᠪᠠᠶᠢᠯ᠎ᠠ᠃ ᠡᠨᠡᠬᠦ ᠴᠢᠮᠡᠭᠡ ᠶᠢ | ᠠᠷᠤ ᠭᠡᠷ ᠲᠤ ᠪᠠᠶᠢᠭ᠎ᠠ ᠡᠵᠢ ᠲᠠᠨ ᠳᠤ ᠶᠠᠭᠠᠬᠢᠵᠤ ᠬᠦᠷᠭᠡᠵᠦ ᠦᠭᠬᠦᠭᠰᠡᠨ ᠢ ᠪᠢ ᠪᠤᠲᠤᠵᠤ ᠤᠯᠤᠭ᠎ᠠ ᠦᠭᠡᠢ᠂ ᠵᠤᠷᠢᠭᠯᠠᠭᠠᠳ ᠠᠰᠠᠭᠤᠵᠤ ᠴᠢᠲᠠᠭ᠎ᠠ ᠦᠭᠡᠢ ᠤᠲᠤ | ᠪᠤᠯᠵᠠᠢ᠃ ᠪᠠᠭᠰᠢ ᠶᠢᠨ ᠠᠯᠪᠠᠨ ᠭᠡᠷ ᠲᠤ ᠰᠤᠷᠭᠠᠭᠤᠯᠢ ᠶᠢᠨ ᠵᠠᠬᠢᠷᠤᠯ᠂ ᠠᠩᠬᠢ ᠶᠢᠨ ᠡᠷᠬᠢᠯᠡᠭᠴᠢ ᠪᠦᠷ ᠪᠠᠶᠢᠯᠴᠠᠯᠠ᠃ ᠰᠢᠬᠦᠮᠵᠢᠯᠡᠯ ᠠᠷᠤ ᠠᠷᠤ ᠠᠴᠠ ᠪᠠᠨ | ᠰᠤᠪᠤᠷᠠᠵᠤ᠂ ᠦᠭᠡᠨ ᠤ ᠲᠤᠰᠤᠯᠲᠠ ᠶᠢᠨ ᠤᠯᠠᠩᠬᠢ ᠨᠢ ᠡᠵᠢ ᠲᠡᠨ ᠠᠴᠠ ᠰᠠᠯᠤᠭ᠎ᠠ ᠦᠭᠡᠢ᠃ ᠲᠡᠭᠡᠬᠦ ᠳᠤ ᠠ ᠦᠰᠦᠭ ᠲᠠᠨᠢᠬᠤ ᠦᠭᠡᠢ ᠡᠵᠢ ᠲᠡ ᠮᠢᠨᠢ | ᠄ ︽ᠪᠦᠷ ᠪᠢᠲᠠ ᠭᠡᠤᠭᠡᠳ ᠢᠶᠠᠨ ᠰᠠᠶᠢᠨ ᠰᠤᠷᠭᠠᠭᠰᠠᠨ ᠦᠭᠡᠢ᠂ ᠬᠤᠵᠢᠮ ᠢᠯᠡᠬᠦᠤ ᠰᠠᠶᠢᠨ ᠰᠤᠷᠭᠠᠶ᠎ᠠ︾ ᠭᠡᠵᠤ ᠲᠠᠪᠲᠠᠵᠤ ᠯᠠ ᠪᠠᠶᠢᠯ᠎ᠠ᠃ ᠪᠢ ᠭᠡᠵᠤ ᠡᠶᠢᠮᠦᠷᠬᠦ | ᠰᠢᠬᠦᠮᠵᠢᠯᠡᠯ ᠳᠤ ᠲᠠᠳᠴᠢᠬᠠᠭᠰᠠᠨ ᠬᠠᠭᠤᠴᠢᠨ ᠭᠠᠷ ᠶᠤᠮ ᠪᠤᠯᠬᠤᠷ ᠲᠡᠮᠡᠢ ᠯᠠ ᠶᠠᠭᠤᠮ᠎ᠠ ᠪᠤᠯᠭᠠᠭᠰᠠᠨ ᠦᠭᠡᠢ᠃ ᠬᠠᠪᠤᠷ ᠤᠨ ᠲᠦᠯ ᠲᠤᠰᠬᠤ ᠶᠠᠭᠠᠷᠠᠯᠲᠠᠢ ᠴᠠᠭ | ᠲᠠᠭᠠᠷᠠᠭᠰᠠᠨ ᠪᠤᠯᠬᠤᠷ ᠡᠵᠢ ᠲᠠ ᠮᠢᠨᠢ ᠲᠠᠷᠤᠶᠢᠬᠠᠨ ᠪᠤᠴᠠᠬᠤ ᠪᠤᠯᠤᠯ᠎ᠠ᠃ ︽ᠬᠦᠦ ᠮᠢᠨᠢ ᠨᠤᠮ ᠢ ᠨᠢ ᠰᠤᠷ᠂ ᠨᠤᠮᠤᠬᠠᠨ ᠢ ᠨᠢ ᠴᠦ ᠰᠤᠷ ᠡ︕ ᠡᠵᠢ ᠨᠢ ᠲᠤᠬᠠᠢ | ᠶᠢᠨ ᠦᠶ᠎ᠡ ᠵᠦᠢᠯ ᠵᠦᠢᠯ ᠤᠨ ᠰᠢᠯᠲᠠᠭᠠᠨ ᠠᠴᠠ ᠪᠤᠯᠵᠤ ᠰᠤᠷᠭᠠᠭᠤᠯᠢ ᠰᠤᠶᠤᠯ ᠤᠨ ᠮᠦᠷ ᠢ ᠬᠦᠭᠡᠭᠡᠵᠦ ᠴᠢᠲᠠᠭ᠎ᠠ ᠦᠭᠡᠢ᠂ ᠮᠠᠨ ᠤ ᠬᠢᠨ ᠠᠴᠠ ᠰᠤᠶᠤᠯ ᠲᠠᠢ | ᠮᠡᠲᠡᠯᠭᠡ ᠲᠠᠢ ᠬᠦᠮᠦᠨ ᠭᠠᠷᠬᠤ ᠶᠢ ᠲᠤᠩ ᠬᠦᠰᠡᠲᠡᠭ᠂ ᠡᠵᠢ ᠨᠢ ᠶᠠᠪᠤᠯ᠎ᠠ᠂ ᠪᠠᠭᠰᠢ ᠶᠢᠨ ᠢᠶᠠᠨ ᠦᠭᠡ ᠶᠢ ᠰᠠᠶᠢᠨ ᠰᠤᠨᠤᠰ ᠡ︕︾ ᠭᠡᠳ ᠪᠡᠶ᠎ᠡ ᠡᠷᠬᠢᠬᠦ ᠳᠤᠨᠢ | ᠡᠵᠢ ᠲᠠᠨ ᠤ ᠬᠤᠶᠠᠷ ᠨᠢᠲᠦᠨ ᠳᠤ ᠨᠢᠯᠪᠤᠰᠤ ᠮᠡᠯᠲᠡᠭᠡᠨᠡᠵᠦ ᠪᠠᠶᠢᠬᠤ ᠶᠢ ᠪᠢ ᠲᠤᠪ ᠲᠤᠲᠤᠬᠠᠨ ᠤᠯᠵᠤ ᠬᠠᠷᠠᠭᠰᠠᠨ᠃ ᠪᠢ ᠶᠠᠭᠤ ᠴᠦ ᠭᠡᠯᠡᠵᠦ ᠴᠢᠲᠠᠭ᠎ᠠ ᠦᠭᠡᠢ | ᠤᠷᠭᠤᠭ᠎ᠠ ᠮᠤᠲᠤ ᠶᠤᠮ ᠰᠢᠭ᠋ ᠬᠦᠲᠡᠯᠦᠯ ᠦᠭᠡᠢ ᠤᠷᠤᠨ ᠳᠤ ᠪᠠᠨ ᠵᠤᠭᠰᠤᠭᠰᠠᠭᠠᠷ ᠬᠤᠴᠤᠷᠤᠭᠰᠠᠨ᠃ ᠠᠮᠢᠲᠤᠷᠠᠯ ᠤᠨ ᠬᠠᠲᠠᠭᠤ ᠪᠡᠷᠭᠡ ᠤᠨ ᠵᠢᠯ ᠤᠳ ᠲᠤ ᠮᠠᠨ | ᠤ ᠠᠬ᠎ᠠ ᠲᠡᠬᠦᠦ ᠲᠦᠷᠪᠡᠬᠦᠯᠡ ᠶᠢ ᠬᠦᠮᠦᠨ ᠤ ᠵᠡᠷᠭᠡ ᠳᠤ ᠬᠦᠷᠭᠡᠬᠦ ᠭᠡᠵᠤ ᠡᠵᠢ ᠮᠢᠨᠢ ᠲᠠ ᠠᠮᠢᠲᠤᠷᠠᠯ ᠳᠤ ᠪᠠᠨ ᠪᠠᠭ᠎ᠠ ᠴᠦ ᠭᠡᠰᠡᠨ ᠨᠡᠮᠡᠬᠦᠷᠢ ᠪᠤᠯᠤᠭᠠᠰᠠᠢ ᠭᠡᠵᠤ | ᠨᠠᠮᠤᠷ ᠤᠨ ᠬᠠᠲᠤᠯᠠᠩ ᠪᠤᠯᠬᠤ ᠪᠠᠷ ᠨᠠᠷᠠ ᠪᠢᠲᠡᠬᠦᠦ ᠪᠠᠷ ᠭᠠᠷᠴᠤ ᠨᠠᠷᠠ ᠰᠢᠩᠭᠡᠲᠡᠯ᠎ᠡ ᠪᠠᠨ ᠪᠤᠷᠪᠢ ᠨᠤᠭᠤᠷᠠᠯ ᠦᠭᠡᠢ ᠠᠵᠢᠯᠯᠠᠨ᠂ ᠲᠦᠮᠦᠰᠤ᠂ ᠴᠠᠭᠠᠨ ᠨᠤᠭᠤᠭ᠎ᠠ᠂ | ᠯᠤᠤᠪᠠᠩ ᠤᠯᠲᠠᠭ ᠪᠤᠯ ᠢᠮᠠᠭ᠎ᠠ ᠰᠠᠮᠨᠠᠬᠤ ᠤᠯᠠᠷᠢᠯ ᠪᠤᠯᠬᠤ ᠪᠠᠷ ᠲᠦᠷᠪᠡᠨ ᠲᠠᠪᠤᠨ ᠵᠠᠭᠤᠨ ᠢᠮᠠᠭ᠎ᠠ ᠶᠢ ᠪᠠᠷᠤᠭ ᠯᠠ ᠲᠠ ᠭᠠᠭᠴᠠᠭᠠᠷ ᠢᠶᠠᠨ ᠰᠠᠮᠨᠠᠵᠤ ᠲᠠᠭᠤᠰᠬᠤ | ᠳᠤ ᠭᠡᠲᠦᠢ ᠶᠡᠭᠡ ᠶᠠᠲᠠᠷᠠᠵᠤ ᠵᠦᠲᠡᠷᠡᠭᠰᠡᠨ ᠴᠦ ᠨᠢᠯᠪᠤᠰᠤ ᠤᠨᠠᠭᠠᠵᠤ ᠦᠵᠡᠭᠡ ᠦᠭᠡᠢ᠃ ᠡᠵᠢ ᠬᠦᠮᠦᠨ ᠦᠷ᠎ᠡ ᠶᠢᠨ ᠢᠶᠠᠨ ᠲᠦᠯᠦᠭᠡ ᠰᠡᠳᠬᠢᠯ ᠢᠶᠠᠷ ᠤᠨᠠᠲᠠᠭ ᠤᠨ | ᠤᠴᠢᠷ ᠢ ᠲᠠᠨ ᠤ ᠨᠢᠯᠪᠤᠰᠤ ᠨᠠᠲᠠ ᠭᠡᠯᠡᠭᠰᠡᠨ ᠪᠢᠯᠡ᠃ ᠮᠥᠨ ᠯᠠ ᠲᠡᠷᠡ ᠦᠶ᠎ᠡ ᠠᠴᠠ ᠡᠬᠢᠯᠡᠨ ᠬᠢᠴᠢᠶᠡᠯ ᠰᠤᠷᠤᠯᠭ᠎ᠠ ᠳᠤ ᠪᠠᠨ ᠰᠢᠮᠲᠠᠨ᠂ ᠰᠤᠶᠤᠯ ᠲᠠᠢ ᠮᠤᠩᠭᠤᠯ | ᠪᠤᠯᠬᠤ ᠭᠡᠵᠤ ᠴᠢᠷᠮᠠᠶᠢᠵᠤ ᠡᠬᠢᠯᠡᠭᠰᠡᠨ ᠶᠤᠮ᠃ | ᠤᠲᠤ ᠲᠡᠷᠡ ᠦᠶ᠎ᠡ ᠪᠠᠨ ᠡᠷᠬᠢᠴᠡᠬᠦᠯᠦᠨ ᠪᠤᠲᠤᠬᠤ ᠳᠤ ᠡᠵᠢ ᠮᠢᠨᠢ ᠡᠭᠡᠯ ᠵᠢᠷ ᠤᠨ ᠮᠦᠷᠲᠡᠭᠡᠨ ᠠᠭᠤᠤ ᠶᠡᠭᠡ ᠪᠠᠶᠢᠵᠠᠢ᠃ ᠵᠤᠨ ᠤ ᠠᠮᠠᠷᠠᠯᠲᠠ ᠪᠠᠷ ᠤᠨ | ᠨᠢᠭᠡᠴᠡ ᠳᠤ ᠪᠠᠨ ᠲᠡᠷᠢᠬᠦᠯᠡᠭᠰᠡᠨ ᠪᠠᠶᠠᠷ ᠤᠨ ᠴᠢᠮᠡᠭᠡ ᠲᠠᠢ ᠬᠠᠷᠢᠬᠤ ᠳᠤ ᠡᠵᠢ ᠲᠠ ᠮᠢᠨᠢ ᠪᠠᠶᠠᠷᠯᠠᠭᠰᠠᠨ ᠭᠡᠲᠡᠭ ᠢ ᠭᠡᠯᠡᠬᠦ ᠶᠢᠨ ᠠᠷᠭ᠎ᠠ ᠦᠭᠡᠢ᠃ ︽ᠮᠢᠨᠤ ᠬᠦᠦ | ᠪᠤᠯᠵᠤ ᠪᠠᠶᠢᠨ᠎ᠠ᠂ ᠡᠵᠢ ᠨᠢ ᠴᠢᠨᠤ ᠨᠡᠷ᠎ᠡ ᠶᠢ ᠪᠢᠴᠢᠵᠦ ᠴᠢᠲᠠᠬᠤ ᠪᠤᠯᠤᠭᠰᠠᠨ ᠡ︾ ᠭᠡᠵᠤ ᠮᠤᠰᠢᠭᠠᠢ ᠬᠠᠵᠠᠭᠠᠢ ᠪᠤᠯᠪᠠᠴᠤ ᠵᠦᠪ ᠪᠢᠴᠢᠯ᠎ᠠ᠃ ᠮᠢᠨᠤ ᠴᠡᠭᠡᠵᠢᠯᠡᠵᠦ | ᠪᠠᠶᠢᠬᠤ ᠪᠠᠷ ᠲᠠ ᠦᠪᠡᠷ ᠤᠨ ᠨᠡᠷ᠎ᠡ ᠪᠠᠨ ᠴᠦ ᠪᠢᠴᠢᠵᠦ ᠴᠢᠲᠠᠲᠠᠭ ᠦᠭᠡᠢ᠂ ᠭᠡᠬᠦ ᠳᠤ ᠮᠢᠨᠤ ᠨᠡᠷ᠎ᠡ ᠶᠢ ᠲᠠᠨᠢᠵᠤ ᠪᠢᠴᠢᠵᠦ ᠴᠢᠲᠠᠬᠤ ᠪᠤᠯᠤᠭᠰᠠᠨ ᠨᠢ ᠲᠤᠩ | ᠭᠠᠶᠢᠬᠠᠯᠲᠠᠢ᠂ ᠴᠠᠭᠠᠨ ᠲᠤᠯᠤᠭᠠᠢ ᠰᠤᠷᠤᠭ᠎ᠠ ᠦᠭᠡᠢ ᠡᠵᠢ ᠲᠠ ᠮᠢᠨᠢ ᠨᠢᠭᠡ ᠦᠰᠦᠭ ᠢ ᠲᠠᠨᠢᠵᠤ ᠪᠢᠴᠢᠵᠦ ᠰᠤᠷᠬᠤ ᠭᠡᠵᠤ ᠭᠡᠲᠦᠢ ᠴᠢᠷᠮᠠᠶᠢᠭᠰᠠᠨ ᠢ ᠪᠢ | ᠲᠦᠰᠦᠪᠯᠡᠬᠦᠶᠡ ᠪᠡᠷᠭᠡ᠃ ᠡᠵᠢ ᠲᠠᠨ ᠤ ᠦᠷ᠎ᠡ ᠪᠠᠨ ᠭᠡᠰᠡᠨ ᠬᠠᠶᠢᠷ᠎ᠠ ᠨᠠᠲᠠ ᠳᠤ ᠲᠤᠩ ᠶᠡᠭᠡ ᠢᠲᠡᠭᠡᠯ ᠬᠦᠴᠦᠨ ᠢ ᠤᠯᠭᠤᠭᠰᠠᠨ ᠶᠤᠮ᠃ | ᠡᠵᠢ ᠡ᠂ ᠤᠲᠤ ᠲᠠ ᠮᠢᠨᠢ ᠵᠢᠷᠡ ᠶᠢᠨ ᠲᠠᠪᠠᠭ᠎ᠠ ᠶᠢ ᠲᠠᠪᠠᠨ ᠲᠠᠰ ᠬᠠᠷ᠎ᠠ ᠦᠰᠦᠨ ᠳᠤ ᠴᠢᠨᠢ ᠮᠦᠩᠬᠦᠨ ᠬᠢᠷᠠᠭᠤ ᠤᠨᠠᠵᠤ ᠪᠤᠭᠤᠷᠤᠯᠲᠠᠯᠠ᠃ ᠭᠡᠬᠦ ᠳᠤ | ᠭᠤᠴᠢᠨ ᠵᠢᠯ ᠤᠨ ᠡᠮᠦᠨᠡᠬᠢ ᠲᠡᠨ ᠤ ᠮᠢᠨᠢ ᠦᠷ᠎ᠡ ᠠᠴᠠ ᠪᠠᠨ ᠨᠢᠭᠤᠵᠤ ᠤᠨᠠᠭᠠᠭᠰᠠᠨ ᠨᠢᠯᠪᠤᠰᠤ ᠨᠡᠲᠡ ᠳᠤ ᠲᠤᠩ ᠶᠡᠭᠡ ᠨᠦᠯᠦᠭᠡ ᠪᠤᠯᠵᠤ᠂ ᠬᠦᠦ ᠴᠢᠨᠢ ᠤᠲᠤ | ᠬᠦᠮᠦᠨ ᠤ ᠠᠮᠢᠲᠤᠷᠠᠯ ᠤᠨ ᠲᠡᠷᠲᠡᠩ ᠵᠠᠮ ᠢᠶᠠᠷ ᠲᠠᠨ ᠤ ᠪᠠᠨ ᠪᠢᠴᠢᠵᠦ ᠴᠢᠲᠠᠲᠠᠭ ᠭᠠᠭᠴᠠᠬᠠᠨ ᠦᠰᠦᠭ ᠢ ᠴᠢᠨᠢ ᠭᠤᠲᠤᠭᠠᠯ ᠦᠭᠡᠢ ᠱᠠᠩᠨᠠᠯ ᠬᠦᠬᠢᠬᠦᠯᠦᠯ ᠤᠨ | ᠲᠡᠪᠲᠡᠷ ᠢᠶᠠᠷ ᠮᠢᠯᠢᠶᠠᠯᠭᠠᠵᠤ᠂ ᠲᠦᠮᠡᠨ ᠤ ᠲᠤᠮᠲᠠ ᠪᠠᠨ ᠪᠡᠶ᠎ᠡ ᠪᠡᠷᠲᠡᠮ ᠰᠡᠳᠬᠢᠯ ᠬᠠᠩᠬᠤᠯᠠᠭᠤᠨ ᠶᠠᠪᠤᠨ᠎ᠠ ᠁ | ᠡᠨᠡ ᠬᠤᠷᠸ᠎ᠠ ᠳᠤ ᠪᠢ ᠤᠬᠢᠯᠡᠨ ᠪᠠᠶᠢᠵᠤ ᠡᠵᠢ ᠲᠠᠨ ᠤ ᠪᠠᠨ ᠤᠤᠭᠠᠨ ᠬᠦᠦ ᠨᠢ ᠪᠤᠯᠵᠤ ᠵᠠᠶᠠᠭᠠᠭᠰᠠᠨ ᠨᠢ ᠠᠵᠠ ᠶᠢᠨ ᠲᠡᠭᠷᠢ ᠨᠠᠲᠠ ᠶᠢ ᠢᠪᠡᠭᠡᠵᠡᠢ᠃ | ᠲᠡᠷᠡ ᠵᠢᠯ ᠤᠨ ᠲᠡᠷᠡ ᠮᠦᠴᠡ ᠳᠤ᠂ ᠡᠵᠢ ᠮᠢᠨᠢ ᠲᠠ ᠦᠷ᠎ᠡ ᠲᠠᠢ ᠪᠤᠯᠬᠤ ᠭᠡᠵᠤ ᠡᠨᠡᠯᠦᠨ ᠵᠤᠪᠠᠵᠤ ᠶᠠᠪᠤᠭᠰᠠᠨ ᠪᠤᠯ ᠲᠡᠬᠦᠨ ᠠᠴᠠ ᠬᠤᠶᠢᠰᠢ ᠲᠡᠷᠡ ᠡᠲᠦᠷ ᠨᠢ | ᠮᠢᠨᠤ ᠲᠦᠷᠦᠭᠰᠡᠨ ᠡᠲᠦᠷ ᠤᠨ ᠪᠠᠶᠠᠷ ᠪᠤᠯᠵᠤ ᠲᠡᠮᠲᠡᠭᠯᠡᠭᠲᠡᠨ ᠪᠡᠯᠡᠭᠯᠡᠭᠲᠡᠬᠦ ᠪᠤᠯᠤᠭᠰᠠᠨ ᠪᠠᠶᠢᠯ᠎ᠠ᠃ ᠡᠨᠡ ᠵᠢᠯ ᠪᠢ ᠲᠦᠷᠦᠭᠰᠡᠨ ᠡᠲᠦᠷ ᠤᠨ ᠪᠠᠶᠠᠷ ᠢᠶᠠᠨ ᠪᠡᠯᠡᠭᠯᠡᠭᠡ | ᠦᠭᠡᠢ᠂ ᠬᠠᠷᠢᠨ ᠪᠢᠷ ᠴᠠᠭᠠᠰᠤ ᠪᠠᠨ ᠭᠠᠷᠭᠠᠨ ᠪᠤᠭᠤᠷᠤᠯ ᠡᠵᠢ ᠲᠡᠨ ᠳᠤ ᠪᠠᠨ ᠡᠨᠡᠬᠦ ᠵᠡᠬᠢᠶᠡ ᠶᠢ ᠪᠢᠴᠢᠨ ᠲᠦᠷᠦᠭᠰᠡᠨ ᠡᠲᠦᠷ ᠢᠶᠠᠨ ᠲᠡᠮᠲᠡᠭᠯᠡᠨ ᠦᠩᠭᠡᠷᠡᠭᠡᠵᠦ | ᠪᠠᠶᠢᠭ᠎ᠠ ᠨᠢ ᠡᠨᠡ ᠠᠵᠠᠢ᠃ ᠬᠦᠦ ᠴᠢᠨᠢ ᠪᠢ ᠲᠦᠴᠢ ᠦᠩᠭᠡᠷᠡᠭᠡᠳ ᠤᠷᠤᠶᠢᠲᠡᠨ ᠤᠬᠠᠭᠠᠷᠠᠵᠤ ᠪᠠᠶᠢᠭ᠎ᠠ ᠳᠤ ᠡᠵᠢ ᠮᠢᠨᠢ ᠲᠠ ᠠᠭᠤᠴᠢᠯᠠᠬᠤ ᠪᠤᠯᠪᠠᠤ︖ | ᠪᠤᠷᠬᠠᠨ ᠰᠢᠲᠦᠲᠡᠭ ᠦᠭᠡᠢ ᠨᠠᠲᠡ ᠳᠤ ᠪᠠᠨ ᠪᠤᠷᠬᠠᠨ ᠪᠤᠯᠵᠤ ᠰᠢᠲᠦᠭᠲᠡᠭᠰᠡᠨ ᠪᠤᠭᠤᠷᠤᠯ ᠡᠵᠢ ᠮᠢᠨᠢ᠂ ᠦᠷ᠎ᠡ ᠶᠢᠨ ᠢᠶᠠᠨ ᠰᠠᠶᠢᠨ ᠢᠶᠠᠷ ᠦᠲᠡᠯᠡᠭᠡ ᠨᠠᠰᠤ | ᠴᠢᠨᠢ ᠵᠤᠯ ᠵᠢᠷᠭᠠᠯ ᠲᠠᠢ ᠪᠠᠶᠢᠬᠤ ᠶᠢ ᠬᠦᠰᠡᠨ ᠵᠦᠩᠨᠡᠶ᠎ᠡ᠃ | ᠡᠵᠢ ᠮᠢᠨᠢ ᠲᠠ ᠤᠷᠲᠤ ᠨᠠᠰᠤᠯᠠᠵᠤ ᠤᠲᠠᠭᠠᠨ ᠵᠢᠷᠭᠠᠭᠠᠷᠠᠢ︕ | ᠪᠠᠶᠠᠷᠲᠡᠢ | ᠡᠬᠦᠨᠡ᠄ ᠮᠡᠬᠦᠰ ᠬᠦᠦ ᠴᠢᠨᠢ ᠪᠦᠭᠡ ᠠᠴᠠ ᠮᠡᠨᠲᠦᠴᠢᠯᠡᠨ ᠶᠤᠰᠤᠯᠠᠪᠠ | 2015 ᠤᠨ ᠤ 8 ᠰᠠᠷ᠎ᠠ ᠶᠢᠨ 1 ᠤ ᠡᠲᠦᠷ | | ᠪᠠ᠊ ᠪᠦᠬᠡ ᠶᠢᠨ ︽ᠬᠠᠶᠢᠷ᠎ᠠ ᠪᠠᠷ ᠢᠪᠢᠯᠬᠦ ᠬᠤᠷᠸ᠎ᠠ︾ ᠭᠡᠬᠦ ᠮᠡᠳᠡᠭᠡᠯᠡᠯ ᠤᠨ ᠤᠷᠠᠨ ᠵᠤᠬᠢᠶᠠᠯ ᠤᠨ ᠲᠡᠭᠦᠪᠦᠷᠢ ᠠᠴᠠ ᠪᠠᠭᠤᠯᠭᠠᠪᠠ | | | | | | |