︿︿ᠡᠵᠡᠨ ᠲᠡᠭᠷᠢ ᠶᠢᠨ ᠡᠯᠴᠢ ᠭᠡᠵᠦ | ᠡᠷᠲᠡᠨ ᠡᠳᠣᠭᠡ ᠶᠢᠨ ᠬᠢᠨ ᠵᠣᠶᠢᠷᠯᠡᠳᠡᠭ | ᠡᠪᠡᠳᠴᠢᠳᠡᠨ ᠵᠣᠪᠠᠯᠠᠩᠳᠠᠨ ᠤ ᠣᠳᠣᠨ ᠭᠡᠵᠤ | ᠲᠠᠶᠠᠭᠠᠷ ᠪᠦᠬᠦᠨ ᠢᠶᠠᠷ ᠢᠶᠠᠨ ᠮᠠᠭᠳᠠᠳᠠᠭ | ᠡᠯᠪᠡᠷᠢᠯ ᠬᠠᠶᠢᠷ᠎ᠠ ᠪᠠᠨ ᠡᠷᠭᠦᠭᠰᠡᠨ ᠭᠡᠵᠦ | ᠴᠢᠮ᠎ᠠ ᠳᠠᠭᠠᠨ ᠲᠠᠯᠠᠷᠬᠠᠨ ᠳᠠᠭᠤᠯᠠᠳᠠᠭ﹀﹀ ᠭᠡᠵᠤ ᠴᠠᠭᠠᠨ ᠬᠤᠪᠴᠠᠰᠤ ᠲᠠᠢ ᠡᠯᠴᠢ ᠭᠡᠮᠡᠭᠲᠡᠭᠰᠡᠨ ᠰᠤᠪᠢᠯᠠᠭᠴᠢ ᠨᠡᠷ ᠢᠶᠠᠨ ᠮᠠᠭᠲᠠᠨ ᠲᠠᠭᠤᠯᠠᠲᠠᠭ ᠶᠤᠮ᠃ | ᠡᠨᠡᠬᠦ ᠰᠠᠶᠢᠬᠠᠨ ︿︿ᠰᠤᠪᠢᠯᠠᠭᠴᠢ﹀﹀ ᠭᠡᠬᠦ ᠠᠯᠳᠠᠷ ᠢ ᠡᠷᠬᠦᠵᠦ ᠶᠠᠪᠤᠭ᠎ᠠ ᠬᠦᠮᠦᠨ ᠤ ᠨᠢᠭᠡ ᠪᠤᠯ ᠤᠷᠠᠳ ᠤᠨ ᠲᠤᠮᠲᠠᠲᠤ ᠬᠤᠰᠢᠭᠤᠨ ᠤ ᠠᠷᠠᠳ ᠤᠨ ᠡᠮᠨᠡᠯᠭᠡ ᠶᠢᠨ | ᠬᠤᠷᠢᠶᠠᠨ ᠤ ᠲᠤᠳᠤᠷ ᠬᠤᠶᠠᠲᠤᠭᠠᠷ ᠰᠠᠯᠠᠭᠠᠨ ᠤ ᠰᠤᠪᠢᠯᠠᠭᠴᠢ ᠤᠷᠭᠤᠭ᠎ᠠ ᠪᠤᠯᠤᠨ᠎ᠠ᠃ | ᠤᠷᠭᠤᠭ᠎ᠠ ᠤᠷᠠᠳ ᠤᠨ ᠲᠤᠮᠲᠠᠲᠤ ᠬᠤᠰᠢᠭᠤᠨ ᠤ ᠪᠠᠶ᠋ᠬᠠᠤᠯᠠᠭᠠᠨ ᠰᠤᠮᠤᠨ ᠤ ᠪᠠᠶ᠋ᠨ᠋ᠠᠪᠤᠷᠤ ᠭᠠᠴᠠᠭᠠᠨ ᠤ ᠮᠠᠯᠴᠢᠨ ᠠᠶᠢᠯ ᠤᠨ ᠦᠷ᠎ᠡ᠃ 2015 ᠤᠨ | ᠳᠤ ᠪᠤᠷᠤᠲᠤᠬᠤᠢ ᠶᠡᠭᠡ ᠰᠤᠷᠭᠠᠭᠤᠯᠢ ᠶᠢᠨ ᠡᠮᠨᠡᠯᠭᠡ ᠶᠢᠨ ᠲᠡᠭᠡᠲᠦ ᠰᠤᠷᠭᠠᠭᠤᠯᠢ ᠠᠴᠠ ᠰᠤᠪᠢᠯᠠᠭᠴᠢ ᠶᠢᠨ ᠮᠡᠷᠭᠡᠵᠢᠯ ᠲᠠᠢ ᠲᠡᠬᠦᠰᠴᠦ ᠬᠤᠰᠢᠭᠤᠨ ᠤ ᠠᠷᠠᠳ ᠤᠨ | ᠡᠮᠨᠡᠯᠭᠡ ᠶᠢᠨ ᠬᠤᠷᠢᠶᠠᠨ ᠳᠤ ᠰᠤᠪᠢᠯᠠᠭᠴᠢ ᠶᠢᠨ ᠠᠵᠢᠯ ᠢᠶᠠᠨ ᠡᠬᠢᠯᠡᠬᠦᠯᠵᠡᠢ᠃ ᠡᠶᠠᠯᠳᠡᠭ ᠵᠦᠭᠡᠯᠡᠨ ᠵᠠᠩ ᠠᠭᠠᠯᠢ᠂ ᠠᠰᠪᠤᠷ ᠴᠠᠶᠢᠯᠭᠠᠨ ᠮᠤᠩᠭᠤᠯ ᠰᠡᠳᠬᠢᠯᠭᠡ᠂ | ᠬᠠᠯᠠᠭᠤᠮᠰᠤᠭ ᠲᠤᠳᠤᠨᠤ ᠦᠢᠯᠡᠴᠢᠯᠡᠭᠡ ᠪᠠᠷ ᠢᠶᠠᠨ ᠦᠶ ᠤᠯᠠᠨ ᠡᠪᠡᠳᠴᠢᠳᠠᠨ ᠤ ᠰᠠᠳᠬᠢᠯ ᠤᠨ ᠬᠦᠮᠦᠨ ᠪᠤᠯᠵᠤ᠂ ᠰᠤᠪᠢᠯᠠᠭᠴᠢ ᠪᠤᠯᠤᠭᠠᠳ ᠭᠤᠷᠪᠠᠭ᠋ᠠᠨ ᠵᠢᠯ ᠤᠨ | ᠨᠢᠭᠤᠷ ᠢ ᠦᠵᠡᠵᠦ ᠪᠠᠶᠢᠭ᠎ᠠ ᠪᠤᠯᠪᠠᠴᠤ ᠬᠦᠴᠢᠷ ᠪᠡᠷᠭᠡ ᠪᠤᠵᠠᠷ ᠪᠤᠷᠳᠠᠭ ᠭᠡᠵᠦ ᠭᠤᠯᠤᠯ ᠦᠬᠡᠢ ᠡᠪᠡᠳᠴᠢᠳᠠᠨ ᠳᠤ ᠬᠠᠮᠤᠭ ᠬᠠᠨᠭ᠍ᠭᠠᠮᠵᠢᠲᠠᠢ ᠦᠢᠯᠡᠴᠢᠯᠡᠭᠡ᠂ ᠬᠠᠮᠤᠭ | ᠲᠦᠬᠦᠮ ᠨᠦᠬᠦᠴᠡᠯ ᠢ ᠬᠠᠨᠭ᠍ᠭᠠᠨ᠂ ᠴᠠᠭᠠᠷᠠᠭᠰᠠᠨ ᠮᠡᠷᠭᠡᠵᠢᠯ ᠢᠶᠠᠷ ᠢᠶᠠᠨ ᠡᠪᠡᠳᠴᠢᠳᠠᠨ ᠪᠠ ᠡᠮᠴᠢ ᠰᠤᠪᠢᠯᠠᠭᠴᠢ ᠶᠢᠨ ᠢᠶᠠᠨ ᠬᠠᠯᠠᠭᠤᠨ ᠬᠦᠷᠢᠶᠠᠯᠠᠯ ᠢ ᠤᠯᠵᠤ᠂ ᠡᠭᠡᠯ | ᠵᠢᠷ ᠤᠨ ᠠᠵᠢᠯ ᠤᠨ ᠪᠠᠶᠢᠷᠢ ᠳᠤ ᠪᠠᠨ ᠦᠡᠭᠭᠡ ᠬᠢᠯᠪᠠᠭ᠎ᠠ ᠨᠠᠮᠠᠷᠢᠯᠡᠵᠦ ᠶᠠᠪᠤᠨ᠎ᠠ᠃ ᠡᠪᠡᠳᠴᠢᠨ ᠡᠳᠡᠭᠡᠷᠬᠦ ᠳᠤ ︽ᠭᠤᠷᠪᠡᠨ ᠬᠤᠪᠢ ᠶᠢᠨ ᠵᠠᠰᠠᠯᠭ᠎ᠠ᠂ ᠲᠤᠯᠤᠭᠠᠨ | ᠬᠤᠪᠢ ᠶᠢᠨ ᠰᠤᠪᠢᠯᠠᠯᠳᠠ︾ ᠭᠡᠲᠡᠭᠴᠢᠯᠡᠨ ᠰᠤᠪᠢᠯᠠᠭᠴᠢ ᠶᠢᠨ ᠠᠵᠢᠯ ᠢᠶᠠᠨ ᠰᠠᠶᠢᠨ ᠬᠢᠶ᠎ᠠ ᠭᠡᠪᠡᠯ ᠰᠢᠯᠢᠲᠡᠭ ᠦᠢᠯᠡᠴᠢᠯᠡᠭᠡ᠂ ᠬᠠᠯᠠᠭᠤᠮᠰᠤᠭ ᠰᠤᠪᠢᠯᠠᠯᠳᠠ᠂ ᠠᠵᠢᠯ | ᠳᠤ ᠪᠠᠨ ᠬᠠᠷᠢᠭᠤᠴᠬᠠᠤ ᠰᠡᠳᠬᠢᠯᠭᠡ ᠳᠤ ᠲᠦᠰᠢᠭᠯᠡᠨ᠎ᠡ᠃ ᠲᠡᠶᠢᠮᠦ ᠳᠤ ᠪᠠᠨ ᠰᠤᠪᠢᠯᠠᠭᠴᠢ ᠶᠢᠨ ᠠᠵᠢᠯ ᠲᠤᠩ ᠴᠢᠬᠤᠯᠠ ᠪᠠᠶᠢᠵᠤ᠂ ᠶᠠᠭᠠᠬᠢᠭᠰᠠᠨ ᠴᠦ ᠠᠯᠠᠩ | ᠰᠠᠯᠠᠩ᠂ ᠬᠠᠰᠢ ᠶᠠᠰᠢ ᠪᠠᠶᠢᠵᠤ ᠪᠤᠯᠲᠠᠭ ᠦᠭᠡᠢ᠃ ᠠᠵᠢᠯᠯᠠᠬᠤ ᠲᠤᠮᠲᠠ ᠴᠠᠭ ᠢᠮᠠᠭᠲᠠ ᠠᠩᠬᠠᠷᠤᠯ ᠢᠶᠠᠨ ᠬᠦᠢᠴᠡᠳ ᠲᠦᠪᠯᠡᠷᠡᠬᠦᠯᠬᠦ ᠴᠢᠬᠤᠯᠠ ᠲᠠᠢ ᠠᠴᠠ ᠲᠤᠩ | ᠶᠠᠲᠠᠷᠠᠯᠲᠠᠢ ᠪᠠᠶᠢᠵᠤ᠂ ᠢᠯᠠᠩᠭᠤᠶ᠎ᠠ ᠰᠦᠨᠢ ᠶᠢᠨ ᠡᠭᠡᠯᠵᠢ ᠠᠵᠢᠯ ᠭᠡᠴᠡᠬᠦᠦ ᠪᠠᠶᠢᠲᠠᠭ᠃ ᠰᠦᠨᠢ ᠶᠢᠨ ᠡᠭᠡᠯᠵᠢᠨ ᠳᠤ ᠡᠪᠡᠳᠴᠢᠲᠡᠨ ᠬᠠᠯᠠᠭᠤᠷᠠᠬᠤ ᠪᠤᠶᠤ ᠬᠦᠨᠲᠦ | ᠡᠪᠡᠳᠴᠢᠲᠡᠨ ᠪᠠᠶᠢᠪᠠᠯ ᠰᠤᠪᠢᠯᠠᠭᠴᠢ ᠤᠨᠲᠠᠵᠤ ᠠᠮᠠᠷᠠᠬᠤ ᠶᠢᠨ ᠠᠷᠭ᠎ᠠ ᠦᠭᠡᠢ ᠪᠠᠶᠢᠵᠤ᠂ ᠪᠡᠶ᠎ᠡ ᠶᠢᠨ ᠲᠤᠯᠠᠭᠠᠨ ᠢ ᠪᠠᠶᠢᠨ ᠲᠡᠬᠢᠨ ᠭᠡᠮᠵᠢᠬᠦ᠂ ᠬᠦᠨᠲᠦ ᠡᠪᠡᠳᠴᠢᠲᠡᠨ | ᠤ ᠦᠷᠦᠭᠡᠨ ᠳᠤ ᠤᠯᠠᠨᠲᠠ ᠬᠦᠷᠴᠦ ᠪᠠᠶᠢᠲᠠᠯ ᠢ ᠤᠶᠢᠯᠠᠭᠠᠬᠤ ᠵᠡᠷᠭᠡ ᠠᠯᠢ ᠤᠯᠠᠨ ᠠᠵᠢᠯ ᠲᠠᠢ ᠪᠦᠭᠡᠳ ᠪᠠᠴᠢᠮ ᠪᠠᠶᠢᠲᠠᠯ ᠪᠠᠶᠢᠩᠭᠤ ᠲᠤᠬᠢᠶᠠᠯᠲᠤᠲᠠᠭ ᠰᠠᠨ᠃ | ︿︿ᠦᠪᠡᠷ ᠢ ᠪᠠᠨ ᠢᠲᠡᠭᠡᠷᠡᠢ᠂ ᠲᠡᠭᠡᠪᠡᠯ ᠰᠠᠶ᠋ᠢ ᠪᠤᠰᠤᠳ ᠬᠦᠮᠦᠨ ᠴᠢᠮ᠎ᠠ ᠶᠢ ᠢᠲᠡᠭᠡᠨ᠎ᠡ᠂ ᠡᠪᠡᠳᠴᠢᠲᠡᠨ ᠢ ᠬᠦᠨᠲᠦᠳᠭᠡᠵᠦ ᠪᠠᠶᠢᠭ᠎ᠠ ᠨᠢ ᠦᠪᠡᠷ ᠢ ᠪᠠᠨ | ᠬᠦᠨᠲᠦᠳᠭᠡᠵᠦ ᠪᠠᠶᠢᠭ᠎ᠠ ᠶᠢᠨ ᠤᠴᠢᠷ᠂ ᠡᠪᠡᠳᠴᠢᠲᠡᠨ ᠢ ᠬᠠᠶᠢᠷᠠᠯᠠᠨ ᠬᠠᠯᠠᠮᠵᠢᠯᠠᠵᠤ ᠪᠠᠶᠢᠬᠤ ᠨᠢ ᠲᠠᠷᠦᠢ ᠡᠮᠨᠡᠯᠭᠡ ᠶᠢᠨ ᠬᠤᠷᠢᠶ᠎ᠠ ᠪᠠᠨ ᠬᠠᠶᠢᠷᠠᠯᠠᠵᠤ ᠪᠠᠶᠢᠭ᠎ᠠ ᠶᠤᠮ﹀﹀ | ᠭᠡᠵᠤ ᠤᠷᠭᠤᠭ᠎ᠠ ᠰᠤᠪᠢᠯᠠᠭᠴᠢ ᠲᠠᠩᠲᠠ ᠪᠤᠲᠤᠲᠠᠭ ᠪᠦᠭᠡᠳ ᠮᠦᠨ ᠢᠩᠬᠢᠵᠦ ᠬᠢᠭᠰᠡᠭᠡᠷ ᠢᠷᠡᠭᠰᠡᠨ ᠪᠢᠯᠡ᠃ ᠨᠢᠭᠡᠨ ᠤᠲᠠᠭᠠᠨ ᠤ ᠰᠦᠨᠢ ᠶᠢᠨ ᠡᠭᠡᠯᠵᠢᠨ ᠳᠤ | ᠲᠡᠷᠢᠬᠢᠨ ᠳᠤᠨᠢ ᠴᠢᠰᠤ ᠬᠠᠷᠪᠤᠭᠰᠠᠨ ᠨᠢᠭᠡᠨ ᠡᠪᠡᠳᠴᠢᠲᠡᠨ ᠴᠡᠷ ᠲᠤ ᠪᠠᠨ ᠲᠠᠭᠯᠠᠷᠠᠵᠤ ᠠᠮᠢᠰᠬᠤᠭ᠎ᠠ ᠠᠪᠴᠤ ᠴᠢᠲᠠᠬᠤ ᠪᠠᠨ ᠪᠤᠯᠢᠭᠰᠠᠨ ᠪᠠᠴᠢᠮ ᠪᠠᠶᠢᠲᠠᠯ | ᠲᠤᠬᠢᠶᠠᠯᠲᠤᠯᠠ᠃ ᠴᠡᠷ ᠢ ᠮᠠᠰᠢᠨ ᠢᠶᠠᠷ ᠰᠤᠷᠤᠬᠤ ᠳᠤ ᠴᠠᠭᠠᠷᠠᠭᠰᠠᠨ ᠮᠡᠷᠭᠡᠵᠢᠯ ᠴᠢᠬᠤᠯᠠ ᠲᠠᠢ ᠪᠦᠭᠡᠳ ᠴᠠᠭ ᠢ ᠠᠮᠵᠢᠬᠤ ᠨᠢ ᠡᠷᠬᠢᠮ᠃ ᠦᠪᠤᠷ ᠮᠤᠩᠭᠤᠯ ᠤᠨ | ᠤᠯᠠᠨ ᠤᠯᠤᠰ ᠤᠨ ᠮᠤᠩᠭᠤᠯ ᠡᠮᠨᠡᠯᠭᠡ ᠶᠢᠨ ᠬᠤᠷᠢᠶᠠᠨ ᠳᠤ ᠪᠦᠬᠦᠯᠢ ᠨᠢᠭᠡ ᠵᠢᠯ ᠲᠠᠲᠤᠯᠭ᠎ᠠ ᠬᠢᠭᠰᠡᠨ ᠤᠷᠭᠤᠭ᠎ᠠ ᠪᠠᠴᠢᠮ ᠪᠠᠶᠢᠲᠠᠯ ᠢ ᠠᠷᠭᠠᠴᠠᠭᠠᠬᠤ ᠠᠯᠢ ᠤᠯᠠᠨ | ᠮᠡᠷᠭᠡᠵᠢᠯ ᠢ ᠡᠵᠡᠮᠰᠢᠭᠰᠡᠨ ᠠᠴᠠ ᠲᠤᠰ ᠡᠪᠡᠳᠴᠢᠲᠡᠨ ᠤ ᠠᠮᠢᠰᠬᠤᠬᠤ ᠳᠤ ᠬᠦᠴᠢᠷᠲᠡᠢ ᠪᠠᠶᠢᠭᠰᠠᠨ ᠪᠠᠴᠢᠮ ᠠᠰᠠᠭᠤᠲᠠᠯ ᠢ ᠴᠠᠭ ᠲᠤᠬᠠᠢ ᠳᠤᠨᠢ ᠰᠢᠢᠳᠪᠦᠷᠢᠯᠡᠯᠠ᠃ | ᠴᠡᠷ ᠢ ᠮᠠᠰᠢᠨ ᠢᠶᠠᠷ ᠰᠤᠷᠤᠬᠤ ᠦᠶ᠎ᠡ ᠳᠤ ᠵᠡᠪᠡᠯ ᠪᠦᠬᠦᠶᠢᠵᠦ ᠪᠠᠶᠢᠭ᠎ᠠ ᠪᠡᠶᠡᠯᠡᠬᠦᠯᠲᠡᠭ ᠤᠨ ᠤᠴᠢᠷ ᠨᠢᠷᠤᠭᠤ ᠮᠠᠭᠤᠲᠠᠢ ᠤᠷᠭᠤᠭ᠎ᠠ ᠭᠡᠰᠡᠭ ᠬᠤᠭᠤᠴᠠᠭ᠎ᠠ ᠪᠤᠯᠤᠭᠰᠠᠨ | ᠦᠭᠡᠢ ᠨᠢᠷᠤᠭᠤ ᠨᠢ ᠡᠪᠡᠳᠴᠦ ᠡᠬᠢᠯᠡᠭᠰᠡᠨ ᠳᠤ ᠪᠦᠬᠦᠶᠢᠭᠡ ᠪᠠᠷ ᠢᠶᠠᠨ ᠨᠢᠷᠤᠭᠤᠨ ᠪᠠᠶ᠎ᠠ ᠪᠠᠨ ᠬᠦᠲᠡᠯᠭᠡᠭᠡᠨ ᠡᠪᠡᠳᠬᠦ ᠪᠠᠨ ᠨᠠᠮᠵᠢᠭᠤᠯᠵᠤ ᠪᠠᠶᠢᠭᠰᠠᠨ ᠢ ᠡᠪᠡᠳᠴᠢᠲᠡᠨ | ᠤ ᠭᠡᠷ ᠤᠨ ᠬᠦᠮᠦᠨ ᠨᠢ ᠦᠵᠡᠭᠡᠳ ᠤᠷᠭᠤᠭ᠎ᠠ ᠳᠤ ᠨᠤᠬᠤᠯᠠᠵᠤ ᠦᠭᠬᠦᠯ᠎ᠡ᠃ ᠭᠡᠲᠦᠶᠢᠪᠡᠷ ᠨᠤᠬᠤᠯᠠᠵᠤ ᠪᠠᠶᠢᠬᠤ ᠨᠢ ᠲᠡᠶᠢᠮᠦ ᠰᠠᠶᠢᠨ ᠪᠢᠰᠢ ᠴᠦ ᠤᠷᠭᠤᠭ᠎ᠠ ᠲᠤᠩ | ᠲᠤᠭᠲᠤᠯᠵᠤ᠂ ᠡᠪᠡᠳᠬᠦ ᠪᠠᠨ ᠲᠡᠰᠪᠦᠷᠢᠯᠡᠨ ᠲᠤᠰ ᠡᠪᠡᠳᠴᠢᠲᠡᠨ ᠤ ᠴᠡᠷ ᠢ ᠰᠤᠷᠤᠵᠤ ᠲᠠᠭᠤᠰᠬᠠᠭᠰᠠᠨ ᠪᠢᠯᠡ᠃ ᠤᠷᠭᠤᠭ᠎ᠠ ᠴᠢᠷᠮᠠᠶᠢᠨ ᠠᠵᠢᠯᠯᠠᠭᠰᠠᠨ ᠳ᠋ᠦᠩ ᠳᠤ | ᠡᠪᠡᠳᠴᠢᠲᠡᠨ ᠤ ᠬᠠᠯᠠᠭᠤᠨ ᠬᠦᠷᠢᠶᠠᠯᠠᠯ ᠢ ᠤᠯᠤᠭᠰᠠᠨ ᠢᠶᠠᠷ ᠪᠠᠷᠠᠬᠤ ᠦᠭᠡᠢ ᠡᠮᠨᠡᠯᠭᠡ ᠶᠢᠨ ᠬᠤᠷᠢᠶ᠎ᠠ ᠪᠠ ᠲᠤᠲᠤᠷ ᠰᠠᠯᠠᠭᠠᠨ ᠤ ᠤᠲᠤᠨ ᠲᠡᠰ ᠤᠨ ᠰᠤᠪᠢᠯᠠᠭᠴᠢ | ᠪᠠᠷ ᠤᠯᠠᠨᠲᠠ ᠰᠤᠩᠭᠤᠭᠲᠠᠨ᠂ ᠪᠦᠬᠦ ᠡᠮᠨᠡᠯᠭᠡ ᠶᠢᠨ ᠬᠤᠷᠢᠶᠠᠨ ᠤ ᠰᠤᠪᠢᠯᠠᠭᠴᠢ ᠶᠢᠨ ᠦᠨᠲᠦᠰᠦᠨ ᠴᠢᠲᠡᠪᠤᠷᠢ ᠶᠢᠨ ᠤᠷᠤᠯᠲᠤᠭᠠᠨ ᠤ ᠲᠡᠳ᠋ ᠪᠠᠶᠢᠷᠢᠨ ᠳᠤ | ᠲᠤᠲᠤᠷᠠᠭᠰᠠᠨ ᠰᠠᠶᠢᠨ ᠠᠮᠵᠢᠯᠲᠠ ᠶᠢ ᠤᠯᠤᠭᠰᠠᠨ ᠶᠤᠮ᠃ | —— ᠡᠬᠦᠷᠭᠡ ᠬᠠᠷᠢᠭᠤᠴᠠᠯᠭ᠎ᠠ ᠪᠠᠨ ᠨᠠᠷᠢᠨ ᠨᠢᠮᠪᠠᠢ ᠪᠡᠶᠡᠯᠡᠬᠦᠯᠦᠨ᠂ ᠡᠪᠡᠳᠴᠢᠲᠡᠨ ᠢ ᠦᠪᠡᠷ ᠤᠨ ᠭᠡᠷ ᠤᠨ ᠬᠦᠮᠦᠨ ᠰᠢᠭ ᠢᠶᠠᠨ ᠦᠵᠡᠵᠦ᠂ | ᠲᠤᠬᠠᠶᠢᠯᠠᠭᠰᠠᠨ ᠠᠵᠢᠯ ᠢᠶᠠᠨ ᠰᠠᠶᠢᠲᠤᠷ ᠬᠢᠨ᠎ᠠ᠂ ᠮᠦᠨᠴᠦ ᠪᠦᠬᠦ ᠰᠤᠪᠢᠯᠠᠭᠴᠢᠳ ᠲᠤ ᠪᠠᠨ ᠪᠠᠶᠠᠷ ᠤᠨ ᠡᠲᠦᠷ ᠤᠨ ᠮᠡᠨᠲᠤ ᠲᠡᠪᠰᠢᠬᠦᠯᠦᠶ᠎ᠠ ᠭᠡᠵᠤ ᠰᠤᠪᠢᠯᠠᠭᠴᠢ | ᠤᠷᠭᠤᠭ᠎ᠠ ᠭᠡᠯᠡᠯ᠎ᠡ᠃ | ᠠᠮᠢ ᠨᠠᠰᠤᠨ ᠤ ᠲᠠᠷᠬᠠᠨ ᠬᠠᠮᠠᠭᠠᠯᠠᠭᠴᠢ ᠶᠢᠨ ᠨᠢᠭᠡ ᠪᠤᠯᠤᠭᠰᠠᠨ ᠤᠷᠭᠤᠭ᠎ᠠ ᠳᠤ ᠬᠢᠬᠦ ᠴᠢᠬᠤᠯᠠᠳᠠᠢ ᠠᠵᠢᠯ ᠤᠯᠠᠨ ᠪᠤᠢ᠂ ᠳᠡᠭᠦᠨ ᠤ ᠬᠦᠷᠳᠡᠬᠦ ᠶᠤᠰᠤᠳᠠᠢ | ᠵᠦᠢᠯᠡᠰ ᠴᠦ ᠤᠯᠠᠨ ᠪᠤᠢ᠂ ᠠᠷᠢᠭᠤᠨ ᠴᠠᠭᠠᠨ ᠬᠤᠪᠴᠠᠰᠤᠨ ᠳᠤ ᠴᠢᠨᠢ ᠦᠢᠯᠡᠰ ᠤᠨ ᠬᠠᠷᠭᠤᠢ ᠨᠡᠩ ᠰᠠᠷᠠᠭᠤᠯ ᠪᠤᠯᠬᠤ ᠶᠤᠮ︕ | | | ᠪᠠ᠊ ᠪᠦᠬᠡ ᠶᠢᠨ ︽ᠬᠠᠶᠢᠷ᠎ᠠ ᠪᠠᠷ ᠢᠪᠢᠯᠬᠦ ᠬᠤᠷᠸ᠎ᠠ︾ ᠬᠡᠬᠦ ᠮᠡᠳᠡᠭᠡᠯᠡᠯ ᠤᠨ ᠤᠷᠠᠨ ᠵᠤᠬᠢᠶᠠᠯ ᠤᠨ ᠲᠡᠭᠦᠪᠦᠷᠢ ᠠᠴᠠ ᠪᠠᠭᠤᠯᠭᠠᠪᠠ | | | | | | | | |