ᠢᠲᠡᠭᠡᠯ ᠬᠦᠰᠡᠯ ᠢᠶᠠᠷ ᠵᠢᠬᠦᠷᠯᠡᠬᠦᠯᠦᠭᠰᠡᠨ ᠮᠦᠳᠠᠨ ᠪᠠᠭᠰᠢ ᠶᠢᠨ ᠦᠢᠯᠡᠰ ᠤᠨ ᠬᠠᠷᠭᠤᠢ ᠰᠠᠷᠠᠭᠤᠯ
ᠨᠡᠶᠢᠲᠡᠯᠡᠭᠰᠡᠨ ᠴᠠᠭ᠄
2022/8/16
      ᠴᠡᠴᠡᠷᠯᠢᠭ ᠤᠨ ᠰᠤᠷᠭᠠᠨ ᠬᠦᠮᠦᠵᠢᠯ ᠨᠢ ᠪᠦᠬᠦᠶᠢᠯᠡ ᠰᠤᠷᠭᠠᠨ ᠬᠦᠮᠦᠵᠢᠯ ᠤᠨ ᠰᠠᠭᠤᠷᠢ ᠪᠤᠯᠤᠭᠰᠠᠨ ᠤ ᠬᠤᠪᠢ ᠳᠤ᠂ ᠨᠡᠶᠢᠭᠡᠮ ᠨᠡᠶᠢᠲᠡ ᠶᠢᠨ ᠠᠩᠬᠠᠷᠤᠯ ᠢ ᠲᠠᠲᠠᠭᠰᠠᠭᠠᠷ ᠢᠷᠡᠭᠰᠡᠨ ᠶᠤᠮ᠃ ᠶᠠᠭ ᠡᠶᠢᠮᠦ ᠳᠤ ᠴᠡᠴᠡᠷᠯᠢᠭ ᠨᠢ ᠴᠠᠭ ᠡᠷᠢᠨ ᠲᠠᠢ ᠵᠤᠬᠢᠴᠠᠨ ᠬᠦᠭᠵᠢᠬᠦ ᠨᠢ ᠲᠤᠯᠭᠠᠮ᠎ᠠ ᠱᠠᠭᠠᠷᠲᠠᠯᠭ᠎ᠠ ᠪᠤᠯᠤᠭᠰᠠᠨ ᠪᠠᠶᠢᠨ᠎ᠠ᠃ ᠤᠷᠠᠳ ᠤᠨ ᠲᠤᠮᠲᠠᠲᠤ ᠬᠤᠰᠢᠭᠤᠨ ᠤ ᠮᠤᠩᠭᠤᠯ ᠦᠨᠲᠦᠰᠦᠲᠡᠨ ᠤ ᠭᠡᠤᠭᠡᠳ ᠤᠨ ᠴᠡᠴᠡᠷᠯᠢᠭ 1979 ᠤᠨ ᠳᠤ ᠪᠠᠶᠢᠭᠤᠯᠤᠭᠲᠠᠵᠤ᠂ ᠲᠦᠴᠢ ᠰᠢᠬᠠᠮ ᠵᠢᠯ ᠤᠨ ᠲᠤᠷᠰᠢ ᠲᠤᠰ ᠴᠡᠴᠡᠷᠯᠢᠭ ᠤᠨ ᠵᠢᠯ ᠤᠨ ᠤᠷᠤᠰᠬᠠᠯ ᠳᠤ ᠤᠷᠤᠭᠤᠲᠠᠵᠤ ᠦᠭᠡᠲᠡᠯᠡᠵᠦ ᠶᠠᠪᠤᠭᠰᠠᠨ ᠲᠡᠤᠭᠡ ᠲᠠᠢ᠃      2002 ᠤᠨ ᠪᠤᠯᠬᠤ ᠳᠤ ᠤᠷᠠᠳ ᠤᠨ ᠲᠤᠮᠲᠠᠲᠤ ᠬᠤᠰᠢᠭᠤᠨ ᠤ ᠴᠤᠷ ᠤᠨ ᠭᠠᠭᠴᠠᠬᠠᠨ ᠮᠤᠩᠭᠤᠯ ᠦᠨᠲᠦᠰᠦᠲᠡᠨ ᠤ ᠭᠡᠤᠭᠡᠳ ᠤᠨ ᠴᠡᠴᠡᠷᠯᠢᠭ ᠨᠢ ᠵᠠᠭᠤ ᠭᠠᠷᠤᠢ ᠰᠤᠷᠤᠭᠴᠢ ᠶᠢᠨ ᠲᠤᠲᠤᠷ᠎ᠠ ᠶᠢᠰᠦᠭᠡᠨ ᠮᠤᠩᠭᠤᠯ ᠭᠡᠤᠭᠡᠳ ᠲᠠᠢ ᠪᠤᠯᠵᠤ᠂ ᠴᠤᠮᠬᠠᠳᠬᠠᠬᠤ᠂ ᠨᠡᠶᠢᠯᠡᠬᠦᠯᠬᠦ ᠭᠡᠰᠡᠨ ᠶᠠᠷᠢᠶ᠎ᠠ ᠠᠷᠠᠳ ᠤᠨ ᠲᠤᠮᠲᠠ ᠲᠡᠯᠭᠡᠷᠡᠨ᠂ ᠠᠰᠬ᠎ᠠ ᠬᠠᠲᠠᠨ ᠤ ᠢᠷᠮᠡᠭ ᠲᠤ ᠬᠦᠷᠦᠭᠰᠡᠨ ᠶᠤᠮ᠃ ᠶᠠᠭ ᠡᠨᠡᠬᠦ ᠵᠠᠩᠬᠢᠯᠠᠭ᠎ᠠ ᠶᠢᠨ ᠴᠠᠭ ᠲᠤ ᠮᠦᠲᠡᠨ ᠲᠤᠰ ᠴᠡᠴᠡᠷᠯᠢᠭ ᠤᠨ ᠵᠠᠬᠢᠷᠤᠯ ᠢᠶᠠᠷ ᠲᠤᠮᠢᠯᠠᠭᠲᠠᠯ᠎ᠠ᠃ 1989 ᠤᠨ ᠳᠤ ᠤᠤᠯ ᠤᠨ ᠦᠪᠦᠷ ᠮᠤᠩᠭᠤᠯ ᠤᠨ ᠦᠨᠲᠦᠰᠦᠲᠡᠨ ᠤ ᠪᠠᠭᠰᠢ ᠶᠢᠨ ᠰᠤᠷᠭᠠᠭᠤᠯᠢ ᠠᠴᠠ ᠲᠡᠬᠦᠰᠴᠦ᠂ ᠭᠤᠷᠪᠠᠨ ᠵᠢᠯ ᠪᠠᠭᠰᠢᠯᠠᠭᠠᠳ ᠰᠤᠮᠤᠨ ᠳᠤ ᠠᠵᠢᠯ ᠰᠢᠯᠵᠢᠭᠰᠡᠨ ᠪᠠᠶᠢᠨ᠎ᠠ᠃ ᠰᠤᠮᠤᠨ ᠳᠤ ᠪᠦᠬᠦᠯᠢ ᠠᠷᠪᠠᠨ ᠵᠢᠯ ᠡᠮᠡᠭᠲᠡᠶᠢᠴᠤᠳ ᠤᠨ ᠬᠤᠯᠪᠤᠭᠠᠨ ᠤ ᠲᠡᠷᠢᠬᠦᠯᠡᠭᠴᠢ᠂ ᠰᠠᠬᠢᠯᠭ᠎ᠠ ᠪᠠᠲᠤ ᠪᠠᠶᠢᠴᠠᠭᠠᠬᠤ ᠬᠤᠷᠢᠶᠠᠨ  ᠤ ᠱᠦᠵᠢ᠂ ᠲᠡᠳ᠋ ᠰᠤᠮᠤᠨ ᠲᠠᠷᠤᠭ᠎ᠠ ᠵᠡᠷᠭᠡ ᠠᠵᠢᠯ ᠢ ᠬᠢᠵᠦ ᠶᠠᠪᠤᠭᠰᠠᠨ ᠮᠦᠲᠡᠨ ᠵᠠᠬᠢᠷᠤᠯ ᠴᠡᠴᠡᠷᠯᠢᠭ ᠤᠨ ᠰᠤᠷᠭᠠᠨ ᠬᠦᠮᠦᠵᠢᠯ ᠤᠨ ᠲᠤᠬᠠᠢ ᠤᠶᠢᠯᠠᠭᠠᠯᠲᠠ ᠲᠤᠲᠠᠮᠠᠭ ᠪᠠᠶᠢᠵᠠᠢ᠃ ᠮᠠᠯᠵᠢᠬᠤ ᠤᠷᠤᠨ᠂ ᠮᠠᠯᠴᠢᠳ ᠤᠨ ᠠᠵᠢᠯ ᠳᠤ ᠴᠠᠭᠠᠷᠠᠭᠰᠠᠨ ᠲᠡᠬᠦᠨ ᠳᠤ ᠴᠡᠴᠡᠷᠯᠢᠭ ᠤᠨ ᠠᠵᠢᠯ ᠲᠤᠩ ᠴᠦ ᠲᠠᠨᠢᠯ ᠪᠤᠰᠤ ᠰᠠᠨᠠᠭᠲᠠᠭᠰᠠᠨ᠂ ᠢᠯᠠᠩᠭᠤᠶ᠎ᠠ ᠰᠢᠨ᠎ᠠ ᠠᠵᠢᠯ ᠤᠨ ᠪᠠᠶᠢᠷᠢ ᠳᠤ ᠭᠠᠷᠤᠭᠰᠠᠨ ᠲᠦᠷᠦᠬᠦᠦ ᠨᠢᠭᠡ ᠬᠤᠶᠠᠷ ᠰᠠᠷ᠎ᠠ ᠨᠢ ᠬᠠᠮᠤᠭ ᠬᠦᠴᠢᠷᠲᠡᠯᠲᠡᠢ᠂ ᠬᠠᠮᠤᠭ ᠲᠦᠰᠢᠭ ᠦᠭᠡᠢ ᠴᠠᠭ ᠬᠤᠭᠤᠴᠠᠭ᠎ᠠ ᠪᠠᠶᠢᠭᠰᠠᠨ ᠶᠤᠮ᠃ ᠠᠵᠢᠯ ᠢᠶᠠᠨ ᠢᠲᠡᠭ ᠢᠲᠡᠭ ᠢᠶᠠᠷ ᠦᠷᠨᠢᠬᠦᠯᠬᠦ ᠶᠢᠨ ᠲᠠᠭᠠᠤ ᠵᠠᠪ ᠴᠢᠯᠦᠭᠡ ᠪᠠᠨ ᠠᠰᠢᠭᠯᠠᠨ ᠪᠤᠰᠤᠳ ᠠᠴᠠ ᠠᠰᠠᠭᠤᠨ ᠯᠠᠪᠯᠠᠬᠤ᠂ ᠨᠤᠮ ᠰᠤᠲᠦᠷ ᠢᠯᠡᠬᠦᠦ ᠦᠵᠡᠨ᠂ ᠤᠬᠤᠷᠬᠠᠨ ᠬᠤᠭᠤᠴᠠᠭᠠᠨ ᠳᠤ ᠴᠡᠴᠡᠷᠯᠢᠭ ᠤᠨ ᠰᠤᠷᠭᠠᠨ ᠬᠦᠮᠦᠵᠢᠯ ᠤᠨ ᠲᠤᠬᠠᠢ ᠨᠡᠯᠢᠶᠡᠳ ᠬᠦᠨ ᠤᠶᠢᠯᠠᠭᠠᠯᠲᠠ ᠲᠠᠢ ᠪᠤᠯᠵᠤ᠂ ᠦᠨᠲᠦᠰᠦᠲᠡᠨ ᠤ ᠰᠤᠷᠭᠠᠨ ᠬᠦᠮᠦᠵᠢᠯ ᠤᠨ ᠬᠦᠭᠵᠢᠯᠲᠡ ᠶᠢᠨ ᠬᠦᠨᠲᠦ ᠡᠬᠦᠷᠭᠡ ᠶᠢ ᠰᠠᠨᠠᠭᠠᠨ ᠳᠤ ᠦᠭᠡᠢ ᠡᠬᠦᠷᠭᠡᠯᠡᠭᠰᠡᠨ ᠢᠶᠠᠨ ᠬᠦᠨ ᠤᠬᠠᠭᠠᠷᠠᠭᠰᠠᠨ ᠪᠠᠶᠢᠨ᠎ᠠ᠃     ᠮᠦᠲᠠᠨ ᠵᠠᠬᠢᠷᠤᠯ ᠶᠠᠭᠤᠨ ᠤ ᠤᠷᠢᠳ ᠮᠤᠩᠭᠤᠯ ᠢᠶᠠᠷ ᠰᠤᠷᠤᠯᠴᠠᠬᠤ ᠭᠡᠤᠭᠡᠳ ᠢᠶᠠᠨ ᠤᠯᠠᠰᠢᠷᠠᠭᠤᠯᠤᠨ ᠴᠡᠴᠡᠷᠯᠢᠭ ᠢᠶᠠᠨ ᠬᠦᠭᠵᠢᠬᠦᠯᠬᠦ ᠪᠠᠷ ᠪᠤᠯᠵᠤ᠂ ᠪᠠᠭᠰᠢ ᠪᠦᠷᠢ ᠡᠷᠭᠡᠪᠰᠢ ᠠᠲᠠᠭ ᠲᠤ ᠪᠠᠨ ᠮᠤᠩᠭᠤᠯ ᠢᠶᠠᠷ ᠬᠢᠴᠢᠶᠡᠯᠯᠡᠬᠦ 2 ᠰᠤᠷᠤᠭᠴᠢ ᠡᠯᠰᠡᠬᠦ ᠭᠡᠷᠡᠭᠲᠡᠢ ᠭᠡᠰᠡᠨ ᠬᠠᠲᠠᠭᠤ ᠠᠯᠪᠠ ᠲᠤᠯᠭᠠᠭᠰᠠᠨ ᠪᠦᠭᠡᠳ ᠨᠢᠭᠡ ᠰᠤᠷᠤᠭᠴᠢ ᠡᠯᠰᠡᠪᠡᠯ 30 ᠲᠦᠬᠦᠷᠢᠭ ᠱᠠᠩᠨᠠᠨ᠎ᠠ ᠭᠡᠰᠡᠨ ᠲᠤᠭᠲᠠᠭᠠᠯ ᠭᠠᠷᠭᠠᠵᠠᠢ᠃ 2005 ᠤᠨ ᠠᠴᠠ ᠡᠬᠢᠯᠡᠨ ᠮᠠᠯᠵᠢᠬᠤ ᠤᠷᠤᠨ ᠢᠶᠠᠷ ᠬᠦᠨᠵᠡᠭᠡᠶᠢᠷᠡᠨ ᠤᠪᠤᠭ᠎ᠠ ᠲᠠᠬᠢᠬᠤ ᠵᠡᠷᠭᠡ ᠨᠠᠶᠢᠷ ᠨᠠᠭᠠᠲᠤᠮ ᠢᠶᠠᠷ ᠲᠤᠬᠢᠶᠠᠯ ᠪᠤᠯᠭᠠᠨ ᠰᠤᠷᠭᠠᠭᠤᠯᠢ ᠶᠢᠨ ᠲᠠᠨᠢᠯᠴᠠᠭᠤᠯᠭ᠎ᠠ ᠵᠡᠷᠭᠡ ᠤᠬᠠᠭᠤᠯᠭ᠎ᠠ ᠶᠢᠨ ᠬᠠᠭᠤᠲᠠᠰᠤ ᠶᠢ ᠲᠠᠷᠬᠠᠭᠠᠨ ᠮᠠᠯᠴᠢᠳ ᠲᠤ ᠪᠠᠨ ᠴᠡᠴᠡᠷᠯᠢᠭ ᠢᠶᠠᠨ ᠪᠦᠬᠦ ᠲᠠᠯ᠎ᠠ ᠪᠠᠷ ᠲᠠᠨᠢᠯᠴᠠᠭᠤᠯᠤᠭᠰᠠᠨ ᠪᠠᠶᠢᠨ᠎ᠠ᠃ ᠡᠬᠦᠨ ᠤ ᠲᠠᠭᠠᠤ ᠪᠠᠶᠠᠠᠨᠠᠭᠤᠷ ᠬᠤᠲᠠ ᠶᠢᠨ ᠨᠠᠮ ᠤᠨ ᠲᠦᠯᠦᠭᠡᠯᠡᠭᠴᠢ ᠪᠠᠶᠢᠭᠰᠠᠨ ᠡᠬᠦᠷᠭᠡ ᠲᠤᠰᠢᠶᠠᠯ ᠢᠶᠠᠨ ᠠᠰᠢᠭᠯᠠᠨ᠂ ᠬᠠᠮᠢᠶ᠎ᠠ ᠪᠦᠬᠦᠢ  ᠪᠠᠶᠢᠭᠤᠯᠭ᠎ᠠ‌ᠨᠢᠭᠡᠴᠡ ᠶᠢᠨ ᠵᠤᠬᠢᠶᠠᠨ ᠪᠠᠶᠢᠭᠤᠯᠤᠭᠰᠠᠨ ᠡᠯ᠎ᠠ ᠵᠦᠢᠯ ᠤᠨ ᠬᠤᠷᠠᠯ ᠴᠤᠭᠯᠠᠭᠠᠨ ᠳᠤ ᠤᠷᠤᠯᠴᠬᠠᠤ ᠪᠦᠷᠢ ᠴᠡᠴᠡᠷᠯᠢᠭ ᠤᠨ ᠬᠦᠭᠵᠢᠯᠲᠡ ᠶᠢᠨ ᠲᠤᠬᠠᠢ ᠦᠪᠡᠷ ᠤᠨ ᠪᠤᠲᠤᠯ ᠰᠠᠨᠠᠯ ᠢᠶᠠᠨ ᠲᠡᠪᠰᠢᠬᠦᠯᠲᠡᠭ ᠨᠢ ᠲᠠᠳᠬᠠᠯ ᠪᠤᠯᠵᠠᠢ᠃      — ᠪᠢ ᠭᠡᠭᠴᠢ ᠬᠦᠮᠦᠨ ᠴᠡᠴᠡᠷᠯᠢᠭ ᠢᠶᠠᠨ ᠭᠡᠪᠡᠯ᠂ ᠲᠠᠷᠤᠭ᠎ᠠ ᠨᠤᠶᠠᠳ ᠠᠴᠠ ᠶᠠᠷᠦ ᠠᠶᠤᠲᠠᠭ ᠦᠭᠡᠢ᠂ ᠪᠤᠲᠤᠵᠤ ᠰᠠᠨᠠᠭᠰᠠᠨ ᠵᠦᠢᠯ ᠢᠶᠠᠨ ᠰᠢᠭᠤᠳ ᠶᠠᠷᠢᠴᠢᠬᠠᠲᠠᠭ᠃ ᠭᠡᠲᠦᠨ ᠦᠭᠡ ᠶᠠᠷᠢᠬᠤ ᠦᠭᠡᠢ ᠪᠠᠷ ︿︿ᠵᠠ᠂ ᠭᠡᠤᠭᠡᠳ ᠤᠨ ᠢᠶᠠᠨ ᠲᠦᠯᠦᠭᠡ ᠭᠡᠲᠦᠨ ᠦᠭᠡ ᠭᠡᠯᠡᠴᠢᠭᠡᠶ᠎ᠠ﹀﹀ ᠭᠡᠳ ᠦᠪᠡᠷ ᠤᠨ ᠡᠷᠭᠡ ᠦᠭᠡᠢ ᠴᠡᠴᠡᠷᠯᠢᠭ ᠤᠨ ᠠᠵᠢᠯ ᠳᠤ ᠰᠢᠯᠵᠢᠲᠡᠭ᠂ ᠰᠠᠶ᠋ᠢ ᠤᠬᠠᠭᠠᠨ ᠤᠷᠤᠵᠤ ᠪᠠᠶᠢᠭ᠎ᠠ ᠭᠡᠤᠭᠡᠳ ᠲᠤ ᠬᠦᠮᠦᠵᠢᠯ ᠬᠦᠷᠲᠡᠭᠡᠨ᠎ᠡ ᠭᠡᠭᠴᠢ ᠲᠤᠮᠤ ᠮᠦᠷᠲᠡᠭᠡᠨ ᠬᠦᠴᠢᠷ ᠠᠵᠢᠯ᠂ ᠠᠰᠠᠷᠠᠭᠴᠢ ᠶᠢᠨ ᠠᠵᠢᠯ ᠨᠢ ᠴᠡᠴᠡᠷᠯᠢᠭ ᠲᠤ ᠠᠪᠴᠤ ᠭᠡᠯᠡᠪᠡᠯ ᠵᠦᠪᠭᠡᠨ ᠭᠡᠰᠡᠭ ᠲᠠᠯ᠎ᠠ ᠶᠢᠨ ᠠᠵᠢᠯ᠂ ᠭᠤᠤᠯ ᠨᠢ ᠭᠡᠤᠭᠡᠳ ᠤᠨ ᠤᠶᠤᠨ ᠤᠬᠠᠭᠠᠨ ᠢ ᠰᠡᠩᠭᠡᠷᠡᠬᠦᠯᠬᠦ  ᠳᠤ ᠪᠠᠶᠢᠭ᠎ᠠ ᠶᠤᠮ ᠭᠡᠵᠤ ᠮᠦᠲᠡᠨ ᠵᠠᠬᠢᠷᠦᠯ ᠶᠠᠷᠢᠯ᠎ᠠ᠃     ᠡᠬᠦᠨ ᠤ ᠲᠠᠭᠠᠤ ᠠᠷᠭ᠎ᠠ ᠪᠦᠬᠦᠨ ᠢ ᠰᠦᠪᠡᠭᠴᠢᠯᠡᠨ ᠡᠯ᠎ᠡ ᠱᠠᠲᠤᠨ ᠤ ᠤᠲᠤᠷᠢᠲᠤᠯᠭ᠎ᠠ ᠶᠢ ᠴᠡᠴᠡᠷᠯᠢᠭ ᠲᠤ ᠪᠠᠨ ᠤᠷᠢᠵᠦ᠂ ᠴᠡᠴᠡᠷᠯᠢᠭ ᠤᠨ ᠬᠦᠭᠵᠢᠯᠲᠡ  ᠶᠢᠨ ᠪᠠᠶᠢᠲᠠᠯ ᠢ ᠤᠶᠢᠯᠠᠭᠠᠭᠤᠯᠵᠤ᠂ ᠲᠡᠲᠡᠨ ᠤ ᠬᠦᠨᠲᠦᠳᠭᠡᠯ ᠲᠡᠮᠵᠢᠯᠭᠡ ᠶᠢ ᠤᠯᠬᠤ ᠭᠡᠵᠤ ᠴᠢᠷᠮᠠᠶᠢᠯ᠎ᠠ᠃ ︿︿ᠴᠢᠷᠮᠠᠶᠢᠯᠭ᠎ᠠ ᠬᠦᠮᠦᠨ ᠢ ᠭᠤᠮᠤᠲᠠᠭᠠᠬᠤ ᠦᠭᠡᠢ﹀﹀ ᠭᠡᠲᠡᠭᠴᠢᠯᠡᠨ ᠭᠡᠲᠦᠨ ᠵᠢᠯ ᠤᠨ ᠴᠢᠷᠮᠠᠶᠢᠯᠭ᠎ᠠ ᠪᠠᠷ ᠲᠡᠮᠵᠢᠨ  ᠴᠡᠴᠡᠷᠯᠢᠭ ᠨᠢ ᠬᠦᠭᠵᠢᠯᠲᠡ ᠶᠢᠨ ᠵᠠᠮ ᠳᠤ ᠪᠠᠨ ᠤᠷᠤᠯ᠎ᠠ᠃ ᠡᠨᠡ ᠦᠶ᠎ᠠ ᠳᠤ ᠬᠤᠰᠢᠭᠤᠨ ᠤ ᠭᠡᠤᠭᠡᠳ  ᠤᠨ ᠴᠡᠴᠡᠷᠯᠢᠭ ᠨᠢ ᠰᠢᠨ᠎ᠠ ᠠᠰᠠᠷ ᠲᠤ ᠨᠡᠬᠦᠵᠦ᠂ ᠮᠤᠩᠭᠤᠯ ᠦᠨᠲᠦᠰᠦᠲᠡᠨ ᠤ ᠭᠡᠤᠭᠡᠳ ᠤᠨ ᠴᠡᠴᠡᠷᠯᠢᠭ ᠤᠨ ᠠᠰᠠᠷ ᠴᠦ ᠬᠠᠭᠤᠴᠢᠷᠠᠭᠰᠠᠨ ᠠᠴᠠ ᠬᠤᠰᠢᠭᠤᠨ ᠤ ᠴᠡᠴᠡᠷᠯᠢᠭ ᠲᠠᠢ ᠨᠡᠶᠢᠯᠡᠬᠦᠯᠬᠦ ᠭᠡᠰᠡᠨ ᠰᠢᠢᠳᠪᠦᠷᠢ ᠭᠠᠷᠤᠯ᠎ᠠ᠃ ᠬᠤᠶᠠᠷ ᠴᠡᠴᠡᠷᠯᠢᠭ ᠢ ᠨᠡᠶᠢᠯᠡᠬᠦᠯᠦᠨ᠎ᠠ ᠭᠡᠲᠡᠭ ᠴᠢᠮᠡᠭᠡ ᠶᠢ ᠰᠤᠨᠤᠰᠤᠭᠰᠠᠨ ᠪᠠᠭᠰᠢ ᠭᠡᠷ ᠤᠨ ᠠᠬᠠᠮᠠᠳ ᠪᠦᠷ ᠲᠤᠷ᠎ᠠ ᠦᠭᠡᠢ ᠪᠠᠶᠢᠵᠤ᠂ ᠬᠦᠰᠡᠯ ᠨᠠᠶᠢᠲᠠᠯᠭ᠎ᠠ ᠪᠠᠨ ᠮᠦᠲᠡᠨ ᠵᠠᠬᠢᠷᠤᠯ ᠳᠤ ᠲᠠᠯᠪᠢᠭᠰᠠᠨ ᠪᠠᠶᠢᠨ᠎ᠠ᠃ ᠮᠤᠩᠭᠤᠯ ᠭᠡᠤᠭᠡᠳ ᠢᠶᠠᠨ ᠭᠡᠰᠡᠨ ᠭᠠᠭᠴᠠ ᠵᠤᠷᠢᠭ ᠢ ᠡᠪᠤᠷᠲᠤᠯᠠᠨ᠂ ᠵᠢᠩᠰᠡ ᠪᠠᠨ ᠮᠤᠯᠲᠤᠯᠠᠭᠤᠯᠵᠤ ᠵᠡᠷᠭᠡ ᠪᠠᠨ ᠬᠤᠰᠤᠭᠤᠯᠵᠤ ᠮᠡᠲᠡᠬᠦ ᠦᠷ᠎ᠡ ᠳ᠋ᠦᠩ ᠠᠴᠠ ᠰᠦᠷᠲᠡᠭᠰᠡᠨ ᠦᠭᠡᠢ᠂ ᠬᠠᠭᠤᠴᠢᠨ ᠠᠰᠠᠷ ᠲᠤ ᠪᠠᠨ ᠬᠤᠷᠭᠤᠲᠠᠬᠤ ᠶᠢᠨ ᠲᠠᠭᠠᠤ ᠬᠠᠮᠢᠶ᠎ᠠ ᠪᠦᠬᠦᠢ ᠤᠲᠤᠷᠢᠲᠤᠯᠭ᠎ᠠ ᠳᠤ ᠬᠠᠷᠢᠭᠤ ᠮᠡᠲᠡᠬᠦᠯᠵᠦ᠂ ᠲᠡᠲᠡᠨ ᠤ ᠲᠡᠮᠵᠢᠯᠭᠡ ᠶᠢ ᠤᠯᠤᠭᠰᠠᠨ ᠪᠠᠶᠢᠨ᠎ᠠ᠃     2009 ᠤᠨ ᠪᠤᠯᠬᠤ ᠳᠤ ᠤᠤᠯ ᠠᠰᠠᠷ ᠨᠢ ᠬᠠᠭᠤᠴᠢᠷᠠᠨ ᠭᠡᠷᠡᠭᠯᠡᠵᠦ ᠪᠤᠯᠬᠤ ᠪᠠᠨ ᠪᠤᠯᠢᠵᠤ᠂ ᠪᠠᠭᠰᠢ ᠰᠤᠷᠤᠭᠴᠢ ᠪᠠᠨ ᠲᠠᠭᠠᠭᠤᠯᠤᠨ ᠨᠢᠭᠡ ᠲᠠᠯ᠎ᠠ ᠪᠠᠷ︿︿ᠨᠡᠬᠦᠲᠡᠯ﹀﹀ ᠠᠮᠢᠲᠤᠷᠠᠯ ᠢᠶᠠᠨ ᠡᠬᠢᠯᠡᠬᠦᠯᠦᠨ᠂ ᠨᠦᠬᠦᠭᠡ ᠲᠠᠯ᠎ᠠ ᠪᠠᠷ ᠪᠠᠭᠰᠢ ᠭᠡᠷ ᠤᠨ ᠠᠬᠠᠮᠠᠳ ᠤᠨ ᠦᠵᠡᠵᠦ ᠲᠤᠭᠤᠭᠰᠠᠨ ᠭᠠᠵᠠᠷ ᠢ ᠤᠯᠠᠨ ᠵᠦᠪᠰᠢᠶᠡᠷᠡᠯ᠂ ᠭᠠᠷ ᠬᠦᠢᠴᠡᠳᠭᠡᠯ ᠬᠢᠬᠦ ᠪᠠᠷ ᠲᠡᠮᠵᠢᠨ ᠭᠤᠶᠤᠴᠢᠯᠠᠨ ᠤᠯᠵᠤ᠂ ᠰᠢᠨ᠎ᠠ ᠠᠰᠠᠷ ᠪᠠᠷᠢᠬᠤ ᠠᠵᠢᠯ ᠢᠶᠠᠨ ᠡᠬᠢᠯᠡᠬᠦᠯᠵᠠᠢ᠃ ᠲᠤᠬᠠᠢ ᠶᠢᠨ ᠦᠶ᠎ᠠ ᠶᠢᠨ ᠮᠤᠩᠭᠤᠯ ᠪᠠᠭ᠎ᠠ ᠰᠤᠷᠭᠠᠭᠤᠯᠢ ᠶᠢᠨ ᠬᠦᠷᠢᠶᠡᠨ ᠳᠤ ᠪᠠᠶᠢᠭ᠎ᠠ ᠬᠠᠭᠤᠴᠢᠷᠠᠭᠰᠠᠨ ᠤᠯᠠᠭᠠᠨ ᠲᠤᠭᠤᠰᠬᠠᠨ ᠠᠩᠬᠢ ᠶᠢᠨ ᠭᠡᠷ ᠨᠢ ᠲᠡᠲᠡᠨ ᠤ ︿︿ᠨᠡᠬᠦᠲᠡᠯ﹀﹀ ᠠᠮᠢᠲᠤᠷᠠᠯ ᠤᠨ ᠠᠩᠬᠠᠨ ᠤ ᠦᠷᠲᠡᠭᠡ ᠪᠤᠯᠵᠤ ᠪᠢᠯᠡ᠃       —— ᠤᠤᠯ ᠤᠨ ᠴᠡᠴᠡᠷᠯᠢᠭ ᠪᠤᠯᠤᠨ ᠮᠤᠩᠭᠤᠯ ᠪᠠᠭ᠎ᠠ ᠰᠤᠷᠭᠠᠭᠤᠯᠢ ᠬᠤᠭᠤᠷᠤᠨᠲᠤ ᠲᠡᠮᠡᠢ ᠬᠤᠯᠠ ᠪᠠᠶᠢᠭ᠎ᠠ ᠦᠭᠡᠢ᠂ ᠵᠠᠷᠤᠲᠠᠯ ᠮᠦᠩᠬᠦ ᠬᠦᠷᠦᠯᠴᠡᠬᠦ ᠦᠭᠡᠢ ᠤᠴᠢᠷ ᠨᠡᠬᠦᠬᠦ ᠠᠵᠢᠯ ᠢᠶᠠᠨ ᠪᠠᠭᠰᠢ ᠨᠡᠷ ᠦᠪᠡᠷᠲᠡᠭᠡᠨ ᠬᠢᠭᠰᠡᠨ ᠶᠤᠮ᠂ ᠭᠡᠬᠦ ᠳᠤ ᠡᠲᠦᠷ ᠨᠢ ᠮᠠᠰᠢᠨ ᠲᠡᠷᠭᠡ ᠠᠷᠪᠢᠨ ᠮᠦᠷᠲᠡᠭᠡᠨ ᠴᠡᠴᠡᠷᠯᠢᠭ ᠤᠨ ᠵᠠᠷᠢᠮ ᠨᠠᠭᠠᠲᠤᠮ ᠲᠤᠭᠯᠠᠭᠠᠮ ᠤᠨ ᠪᠠᠭᠠᠵᠢ ᠭᠡᠷᠡᠭᠰᠡᠯ ᠭᠡᠲᠦ ᠲᠤᠮᠤ ᠤᠴᠢᠷ ᠮᠠᠰᠢᠨ ᠤᠨᠤᠭ᠎ᠠ ᠴᠦᠭᠡᠷᠡᠭᠰᠡᠨ ᠤᠷᠤᠢ ᠶᠢᠨ ᠴᠠᠭ ᠢ ᠠᠰᠢᠭᠯᠠᠨ ᠨᠡᠬᠦᠯᠭᠡᠭᠰᠡᠨ᠃ ᠲᠡᠷᠡ ᠲᠤᠮᠤ ᠶᠠᠭᠤᠮ᠎ᠠ ᠶᠢ ᠮᠠᠨ ᠤ ᠪᠠᠭᠰᠢ ᠨᠡᠷ ᠭᠡᠲᠦᠨ ᠲᠠᠯ᠎ᠠ ᠠᠴᠠ ᠨᠢ ᠡᠷᠬᠦᠨ ᠨᠡᠬᠦᠯᠭᠡᠵᠦ ᠪᠠᠶᠢᠭ᠎ᠠ ᠦᠵᠡᠭᠲᠡᠯ ᠤᠲᠤ ᠴᠦ ᠭᠡᠰᠡᠨ ᠬᠠᠷᠠᠭᠠᠨ ᠳᠤ ᠲᠤᠲᠤᠬᠠᠨ ᠭᠡᠵᠤ ᠮᠦᠲᠠᠨ ᠵᠠᠬᠢᠷᠤᠯ ᠶᠠᠷᠢᠯ᠎ᠠ᠃      ᠬᠠᠭᠤᠴᠢᠨ ᠮᠤᠩᠭᠤᠯ ᠪᠠᠭ᠎ᠠ ᠰᠤᠷᠭᠠᠭᠤᠯᠢ ᠳᠤ ᠠᠷᠠᠢ ᠭᠡᠵᠤ ᠬᠦᠯ ᠲᠤᠭᠲᠠᠨ ᠲᠡᠮᠡᠢ ᠭᠡᠲᠦᠨ ᠰᠠᠷ᠎ᠠ ᠪᠤᠯᠤᠯ ᠦᠭᠡᠢ ᠬᠤᠰᠢᠭᠤᠨ ᠤ ᠠᠬᠠᠮᠠᠳ ᠺᠠᠳ᠋ᠷᠴᠤᠳ  ᠤᠨ ᠲᠤᠪᠴᠢᠶᠠᠨ ᠳᠤ ᠨᠡᠬᠦᠬᠦ ᠴᠢᠬᠤᠯᠠ ᠲᠠᠢ ᠪᠤᠯᠵᠠᠢ᠃ ᠮᠦᠨ ᠯᠠ ᠬᠠᠭᠤᠴᠢᠨ ᠭᠡᠷ ᠤᠳ ᠪᠠᠶᠢᠭᠰᠠᠨ ᠢᠶᠠᠷ  ᠲᠤᠯᠠᠭᠠᠯᠠᠭ᠎ᠠ ᠭᠡᠲᠡᠯ᠎ᠡ ᠵᠤᠷᠯᠤᠩ ᠢ ᠦᠭᠡᠷᠡᠴᠢᠯᠡᠨ ᠵᠠᠰᠠᠬᠤ᠂ ᠠᠩᠬᠢ ᠭᠡᠷ ᠢᠶᠠᠨ ᠵᠠᠰᠠᠵᠤ ᠴᠢᠮᠡᠬᠦ ᠭᠡᠳ ᠪᠠᠭ᠎ᠠ ᠰᠠᠭ᠎ᠠ ᠪᠠᠶᠢᠭᠰᠠᠨ ᠢᠶᠠᠨ ᠮᠦᠩᠬᠦ ᠪᠠᠨ ᠪᠦᠬᠦᠨ ᠢ ᠬᠦᠨᠲᠦᠷᠴᠡᠢ᠃ ᠤᠲᠤ ᠲᠡᠭᠡᠭᠡᠳ ᠰᠢᠨ᠎ᠠ ᠠᠰᠠᠷ ᠲᠤ ᠤᠷᠤᠲᠠᠯ᠎ᠠ ᠪᠠᠨ ᠲᠦᠩᠭᠡᠴᠢᠬᠦ ᠪᠠᠶᠢᠬ᠎ᠠ ᠭᠡᠵᠤ ᠪᠤᠲᠤᠵᠤ ᠪᠠᠶᠢᠭᠰᠠᠨ ᠨᠢ ᠪᠤᠷᠤᠭᠤᠲᠠᠵᠤ᠂ ︿︿ᠨᠡᠬᠦᠲᠡᠯ﹀﹀ ᠠᠮᠢᠲᠤᠷᠠᠯ ᠢᠶᠠᠨ ᠦᠷᠬᠦᠯᠵᠢᠯᠡᠬᠦᠯᠬᠦ ᠨᠢ ᠭᠡᠷᠡᠭ ᠲᠠᠢ ᠪᠤᠯᠵᠠᠢ᠃ ᠲᠡᠭᠡᠭᠡᠳ ᠲᠠᠬᠢᠨ ᠬᠤᠰᠢᠭᠤᠨ ᠤ ᠤᠤᠯ ᠤᠨ ᠰᠤᠶᠤᠯ ᠪᠡᠶ᠎ᠡ ᠲᠠᠮᠢᠷ ᠤᠨ ᠲᠤᠪᠴᠢᠶᠠᠨ ᠳᠤ ᠨᠡᠬᠦᠭᠰᠡᠨ ᠴᠦ ᠲᠤᠰ ᠠᠰᠠᠷ ᠤᠨ ᠭᠡᠷ ᠴᠦᠭᠡᠨ ᠠᠴᠠ ᠠᠩᠬᠢ  ᠶᠢᠨ ᠭᠡᠷ ᠬᠦᠷᠦᠯᠴᠡᠬᠦ ᠦᠭᠡᠢ ᠤᠴᠢᠷ᠂ ᠮᠦᠲᠠᠨ ᠵᠠᠬᠢᠷᠤᠯ ᠬᠤᠪᠢ ᠬᠦᠮᠦᠨ ᠤ ᠴᠡᠴᠡᠷᠯᠢᠭ ᠲᠠᠢ ᠬᠠᠷᠢᠯᠴᠠᠨ ᠲᠡᠨᠲᠡ ᠠᠴᠠ ᠭᠡᠲᠦᠨ ᠠᠩᠬᠢ ᠶᠢᠨ ᠭᠡᠷ ᠤᠯᠵᠤ᠂ ᠲᠤᠰᠬᠠᠢ ᠪᠠᠭᠰᠢ ᠶᠢᠨ ᠲᠠᠭᠠᠭᠤᠯᠭ᠎ᠠ ᠪᠠᠷ ᠭᠡᠲᠦᠨ ᠠᠬᠢ ᠪᠠᠨ ᠲᠤᠬᠢᠷᠠᠭᠤᠯᠵᠠᠢ ᠁      ᠭᠤᠷᠪᠠᠨ ᠵᠢᠯ ᠳᠤ ᠲᠦᠷᠪᠡ ᠤᠲᠠᠭ᠎ᠠ ᠨᠡᠬᠦᠭᠰᠡᠨ ︿︿ᠨᠡᠬᠦᠲᠡᠯ﹀﹀ ᠠᠮᠢᠲᠤᠷᠠᠯ ᠢᠶᠠᠨ 2012 ᠤᠨ ᠤ 9 ᠰᠠᠷ᠎ᠠ ᠳᠤ ᠡᠴᠦᠰᠯᠡᠬᠦᠯᠵᠦ᠂ ᠰᠢᠨ᠎ᠠ ᠠᠰᠠᠷ ᠲᠤ ᠨᠡᠬᠦᠨ ᠤᠷᠤᠯ᠎ᠠ᠃ ︿︿ᠨᠡᠬᠦᠲᠡᠯ﹀﹀ ᠠᠮᠢᠲᠤᠷᠠᠯ ᠨᠢ ᠤᠤᠯ ᠤᠨ ᠪᠠᠶᠢᠭᠰᠠᠨ ᠨᠠᠭᠠᠲᠤᠮ ᠲᠤᠭᠯᠠᠭᠠᠮ᠂ ᠵᠢᠭᠠᠨ ᠰᠤᠷᠭᠠᠯᠲᠠ ᠶᠢᠨ ᠪᠠᠭᠠᠵᠢ ᠭᠡᠷᠡᠭᠰᠡᠯ ᠵᠡᠷᠭᠡ ᠨᠢ ᠭᠡᠭᠡᠭᠲᠡᠭᠰᠡᠨ ᠪᠤᠶᠤ ᠡᠪᠲᠡᠷᠡᠭᠰᠡᠨ ᠳᠤ ᠮᠦᠲᠠᠨ ᠵᠠᠬᠢᠷᠤᠯ ᠬᠠᠮᠢᠶ᠎ᠠ ᠪᠦᠬᠦᠢ ᠪᠠᠶᠢᠭᠤᠯᠭ᠎ᠠ ᠨᠢᠭᠡᠴᠡ ᠳᠤ ᠵᠤᠪᠠᠯ ᠢᠶᠠᠨ ᠲᠤᠭᠤᠴᠢᠨ ᠰᠢᠨ᠎ᠠ ᠪᠠᠭᠠᠵᠢ ᠭᠡᠷᠡᠭᠰᠡᠯ ᠢᠶᠠᠨ ᠢᠲᠡᠭ ᠢᠲᠡᠭ ᠢᠶᠠᠷ ᠪᠦᠷᠢᠲᠦᠬᠦᠯᠦᠨ ᠠᠪᠴᠠᠢ᠃      ᠢᠲᠡᠭᠡᠯ ᠬᠦᠰᠡᠯ ᠤᠨ ᠶᠡᠭᠡ ᠬᠦᠴᠦᠨ ᠭᠡᠵᠤ ᠠᠭᠤᠤ ᠶᠡᠭᠡ ᠪᠠᠶᠢᠲᠠᠭ ᠠᠵᠠᠢ᠃ ᠮᠤᠩᠭᠤᠯ ᠴᠡᠴᠡᠷᠯᠢᠭ ᠢᠶᠠᠨ ᠬᠦᠭᠵᠢᠨ ᠴᠡᠴᠡᠭᠯᠡᠬᠦᠯᠦᠨ᠎ᠠ ᠭᠡᠬᠦ ᠬᠠᠷᠠᠯᠲᠠ ᠪᠠᠨ ᠪᠡᠶᠡᠯᠡᠬᠦᠯᠬᠦ ᠭᠡᠵᠤ ᠠᠷᠪᠠ ᠭᠠᠷᠤᠢ ᠵᠢᠯ ᠢ ᠭᠠᠯ ᠬᠠᠯᠭᠤᠨ ᠰᠡᠳᠬᠢᠯ ᠢᠶᠠᠷ ᠴᠢᠷᠮᠠᠶᠢᠵᠤ ᠶᠠᠪᠤᠬᠤ ᠭᠡᠵᠤ ᠮᠤᠩᠭᠤᠯ ᠰᠤᠶᠤᠯ ᠢᠶᠠᠨ ᠭᠡᠬᠦ ᠶᠠᠰᠤ ᠴᠢᠰᠤᠨ ᠳᠤ ᠰᠢᠩᠭᠡᠭᠰᠡᠨ ᠡᠴᠢᠨ᠎ᠡ ᠲᠠᠯᠲᠠ ᠶᠢᠨ ᠬᠠᠶᠢᠷ᠎ᠠ ᠪᠠᠷ ᠰᠠᠭᠤᠷᠢᠯᠠᠬᠤ ᠴᠢᠬᠤᠯᠠ ᠲᠠᠢ᠃ ᠴᠡᠴᠡᠷᠯᠢᠭ ᠢᠶᠠᠨ ᠦᠪᠡᠷ ᠤᠨ ᠭᠡᠷ ᠢᠶᠠᠨ ᠪᠤᠯᠭᠠᠭᠰᠠᠨ ᠮᠦᠲᠡᠨ ᠵᠠᠬᠢᠷᠤᠯ ᠴᠡᠴᠡᠷᠯᠢᠭ ᠤᠨ ᠬᠠᠮᠢᠶᠠᠷᠤᠯᠲᠠ ᠪᠠᠨ ᠴᠢᠩᠭᠠᠳᠬᠠᠬᠤ ᠶᠢᠨ ᠲᠠᠭᠠᠤ ᠪᠠᠭᠰᠢ ᠨᠠᠷ ᠪᠠᠭᠰᠢ ᠶᠢᠨ ᠡᠩᠨᠡᠭᠡᠨ ᠤ ᠪᠠᠶᠢᠭᠤᠯᠤᠯᠲᠠ ᠪᠠᠨ ᠰᠢᠯᠢᠲᠡᠭᠵᠢᠬᠦᠯᠬᠦ ᠶᠢ ᠠᠩᠬᠠᠷᠤᠯ ᠳᠤ ᠪᠠᠨ ᠠᠪᠴᠤ᠂ 2004 ᠤᠨ ᠳᠤ ᠪᠤᠯᠤᠭᠰᠠᠨ ᠠᠵᠢᠯᠲᠠᠨ ᠤ ᠦᠬᠡᠷᠡᠴᠢᠯᠡᠯᠲᠡ ᠶᠢ ᠠᠰᠢᠭᠯᠠᠨ᠂ ᠴᠡᠴᠡᠷᠯᠢᠭ ᠤᠨ ᠰᠤᠷᠭᠠᠨ ᠬᠦᠮᠦᠵᠢᠯ ᠢ ᠰᠤᠷᠴᠤ ᠪᠦᠬᠦ ᠲᠠᠯ᠎ᠠ ᠪᠠᠷ ᠬᠦᠭᠵᠢᠭᠰᠡᠨ ᠵᠠᠯᠠᠭᠤ ᠪᠠᠭᠰᠢ ᠨᠡᠷ ᠢ ᠡᠯᠰᠡᠵᠦ᠂ ᠵᠠᠯᠠᠭᠤᠵᠢᠭᠰᠠᠨ᠂ ᠮᠡᠲᠡᠯᠭᠡᠵᠢᠭᠰᠡᠨ ᠪᠠᠭᠰᠢ ᠶᠢᠨ ᠡᠩᠨᠡᠭᠡ ᠶᠢ ᠪᠤᠢ ᠪᠤᠯᠭᠠᠭᠰᠠᠨ ᠪᠠᠶᠢᠨ᠎ᠠ᠃ ᠤᠶᠢᠷ᠎ᠠ ᠶᠢᠨ ᠵᠢᠯ ᠤᠳ ᠲᠤ᠂ ᠤᠷᠠᠳ ᠤᠨ ᠲᠤᠮᠲᠠᠲᠤ ᠬᠤᠰᠢᠭᠤᠨ ᠤ ᠮᠤᠩᠭᠤᠯ ᠦᠨᠲᠦᠰᠦᠲᠡᠨ ᠤ ᠭᠡᠤᠭᠡᠳ ᠤᠨ ᠴᠡᠴᠡᠷᠯᠢᠭ ᠨᠢ ᠱᠠᠩᠬᠠᠢ ᠬᠤᠲᠠ ᠶᠢᠨ ᠵᠢᠶᠠ ᠳ᠋ᠢᠩ ᠲᠤᠭᠤᠷᠢᠭ ᠤᠨ ᠰᠤᠷᠭᠠᠨ ᠬᠦᠮᠦᠵᠢᠯ ᠤᠨ ᠲᠤᠪᠴᠢᠶᠠᠨ ᠤ ᠵᠤᠬᠢᠴᠠᠭᠤᠯᠤᠯᠲᠠ ᠪᠠᠷ ᠲᠤᠰ ᠲᠤᠭᠤᠷᠢᠭ ᠤᠨ ᠭᠤᠷᠪᠠᠨ ᠴᠡᠴᠡᠷᠯᠢᠭ ᠲᠠᠢ ᠭᠤᠷᠪᠠ ᠭᠤᠷᠪᠠᠨ ᠵᠢᠯ ᠢᠶᠠᠷ ᠬᠠᠮᠲᠤᠷᠠᠨ ᠠᠵᠢᠯᠯᠠᠬᠤ ᠭᠡᠷ᠎ᠡ ᠶᠢ ᠲᠤᠭᠲᠠᠵᠤ᠂ ᠵᠤᠭᠤᠰ ᠮᠦᠩᠬᠦ ᠭᠡᠲᠦᠢ ᠭᠠᠴᠢᠭᠲᠠᠯᠲᠠᠢ ᠪᠠᠶᠢᠭᠰᠠᠨ ᠴᠦ ᠠᠷᠭ᠎ᠠ ᠪᠦᠬᠦᠨ ᠢ ᠰᠦᠪᠡᠭᠴᠢᠯᠡᠨ ᠵᠢᠯ ᠪᠦᠷᠢ ᠲᠦᠯᠦᠪᠯᠡᠭᠡ ᠶᠤᠰᠤᠭᠠᠷ 40 ᠭᠠᠷᠤᠢ ᠪᠠᠭᠰᠢ ᠨᠠᠷ ᠢᠶᠠᠨ ᠲᠤᠮᠢᠯᠠᠨ ᠲᠡᠷᠢᠬᠦᠨ ᠤ ᠵᠢᠭᠠᠨ ᠰᠤᠷᠭᠠᠯᠲᠠ ᠶᠢᠨ ᠠᠷᠭ᠎ᠠ ᠶᠢ ᠰᠤᠷᠤᠯᠴᠠᠭᠤᠯᠬᠤ᠂ ᠬᠤᠭᠤᠴᠠᠭ᠎ᠠ ᠪᠦᠷᠢ ᠮᠤᠩᠭᠤᠯ ᠤᠯᠤᠰ ᠤᠨ ᠭᠡᠤᠭᠡᠳ  ᠤᠨ ᠴᠡᠴᠡᠷᠯᠢᠭ ᠲᠠᠢ ᠨᠢᠭᠡ ᠭᠠᠷᠠᠭ ᠠᠴᠠ ᠰᠠᠷ᠎ᠠ ᠶᠢᠨ ᠬᠤᠭᠤᠴᠠᠭ᠎ᠠ ᠲᠠᠢ ᠪᠠᠷ 1—2 ᠨᠡᠷ᠎ᠡ ᠪᠠᠭᠰᠢ ᠰᠤᠯᠢᠯᠴᠠᠨ ᠠᠵᠢᠯᠯᠠᠬᠤ ᠠᠵᠢᠯᠯᠠᠭ᠎ᠠ ᠶᠢ ᠵᠤᠬᠢᠶᠠᠨ ᠪᠠᠶᠢᠭᠤᠯᠵᠤ᠂ ᠦᠭᠡ ᠭᠡᠯᠡ ᠰᠤᠶᠤᠯ ᠤᠨ ᠪᠤᠯᠪᠠᠰᠤᠷᠠᠯ ᠢᠶᠠᠨ ᠴᠢᠩᠭᠠᠳᠬᠠᠬᠤ᠂ ᠵᠢᠯ ᠳᠤ ᠨᠢᠭᠡ ᠤᠲᠠᠭ᠎ᠠ ᠭᠡᠷ ᠤᠨ ᠠᠬᠠᠮᠠᠳ ᠢ ᠵᠤᠬᠢᠶᠠᠨ ᠪᠠᠶᠢᠭᠤᠯᠤᠨ᠂ ᠲᠤᠰᠬᠠᠢ ᠪᠠᠭᠰᠢ ᠤᠷᠢᠨ ᠵᠠᠯᠠᠵᠤ ᠰᠡᠳᠬᠢᠴᠡ ᠶᠢᠨ ᠪᠤᠯᠪᠠᠰᠤᠷᠠᠯ᠂ ᠭᠡᠤᠭᠡᠳ ᠢᠶᠠᠨ ᠭᠡᠷᠬᠢᠨ ᠬᠦᠮᠦᠵᠢᠬᠦᠯᠬᠦ᠂ ᠭᠡᠤᠭᠡᠳ ᠢᠶᠠᠨ ᠭᠡᠷᠬᠢᠨ ᠡᠷᠡᠬᠦᠯ ᠲᠡᠩᠭᠡᠯᠡᠬᠦᠨ ᠪᠠᠶᠠᠷ ᠪᠠᠶᠠᠰᠬᠤᠯᠠᠩ ᠲᠠᠢ ᠬᠦᠮᠦᠵᠢᠬᠦᠯᠬᠦ ᠪᠤᠯᠪᠠᠰᠤᠷᠠᠯ ᠬᠢᠵᠦ᠂ ᠢᠯᠠᠩᠭᠤᠶ᠎ᠠ 0 —3 ᠨᠠᠰᠤᠨ ᠤ ᠭᠡᠤᠭᠡᠳ ᠲᠤ ᠭᠡᠷᠬᠢᠨ ᠴᠡᠪᠡᠷ ᠰᠠᠶᠢᠬᠠᠨ ᠮᠤᠩᠭᠤᠯ ᠭᠡᠯᠡ ᠲᠠᠢ ᠪᠤᠯᠭᠠᠬᠤ ᠲᠤᠬᠠᠢ ᠬᠦᠮᠦᠵᠢᠯ ᠬᠢᠬᠦ ᠵᠡᠷᠭᠡ ᠨᠢ ᠨᠡᠶᠢᠭᠡᠮ ᠨᠡᠶᠢᠲᠡ ᠶᠢᠨ ᠠᠩᠬᠠᠷᠤᠯ ᠢ ᠶᠡᠭᠡᠲᠡ ᠲᠡᠲᠡᠵᠡᠢ᠃ ᠰᠠᠭᠤᠷᠢ ᠲᠦᠬᠦᠭᠡᠷᠦᠮᠵᠢ ᠶᠢᠨ ᠪᠦᠷᠢᠲᠦᠯᠲᠡ᠂ ᠬᠠᠮᠢᠶᠠᠷᠤᠯᠲᠠ ᠶᠢᠨ ᠴᠢᠩᠭᠠᠷᠠᠯᠲᠠ᠂ ᠵᠢᠭᠠᠨ ᠰᠤᠷᠭᠠᠬᠤ ᠶᠠᠰᠤ ᠴᠢᠨᠠᠷ ᠤᠨ ᠰᠠᠶᠢᠵᠢᠷᠠᠯᠲᠠ᠂ ᠭᠡᠷ ᠤᠨ ᠠᠬᠠᠮᠠᠳ ᠤᠨ ᠤᠬᠠᠮᠰᠠᠷ ᠤᠨ ᠲᠡᠭᠡᠭᠰᠢᠯᠡᠯᠲᠡ ᠵᠡᠷᠭᠡ ᠶᠢ ᠲᠠᠭᠠᠯᠲᠤᠨ ᠴᠡᠴᠡᠷᠯᠢᠭ ᠤᠨ ᠰᠤᠷᠤᠭᠴᠢ ᠶᠢᠨ ᠲᠤᠭ᠎ᠠ ᠵᠢᠯ ᠲᠠᠷᠠᠭᠠᠯᠠᠨ ᠨᠡᠮᠡᠭᠲᠡᠵᠦ᠂ ᠦᠨᠦᠲᠦᠷ ᠪᠤᠯᠬᠤ ᠳᠤ 15 ᠠᠩᠬᠢ 350 ᠭᠠᠷᠤᠢ ᠮᠤᠩᠭᠤᠯ ᠰᠤᠷᠤᠭᠴᠢ  ᠲᠠᠢ ᠪᠤᠯᠤᠭᠰᠠᠨ ᠪᠠᠶᠢᠨ᠎ᠠ᠃        ᠲᠤᠰ ᠴᠡᠴᠡᠷᠯᠢᠭ ᠤᠨ ᠵᠢᠭᠠᠨ ᠰᠤᠷᠭᠠᠯᠲᠠ ᠶᠢᠨ ᠠᠰᠠᠷ ᠤᠨ ᠭᠤᠷᠪᠠᠨ ᠲᠠᠪᠬᠤᠷᠯᠢᠭ ᠢᠶᠠᠨ ᠦᠨᠲᠦᠰᠦᠲᠡᠨ ᠤ ᠤᠨᠴᠠᠯᠢᠭ ᠢ ᠬᠦᠢᠴᠡᠳ ᠬᠠᠷᠠᠭᠤᠯᠵᠤ᠂ ᠢᠯᠠᠩᠭᠤᠶ᠎ᠠ‌ᠨᠢᠭᠡᠲᠦᠭᠡᠷ ᠠᠰᠠᠷ ᠤᠨ ᠭᠤᠲᠤᠮᠵᠢ ᠳᠤ ᠪᠠᠨ ᠴᠢᠩᠬᠢᠰ ᠬᠠᠭᠠᠨ ᠤ ᠲᠠᠨᠢᠯᠴᠠᠭᠤᠯᠭ᠎ᠠ᠂ ᠠᠯᠲᠠᠨ ᠤᠷᠤᠭᠲᠠᠨ ᠤ ᠤᠲᠤᠮ ᠤᠭᠰᠠᠭ᠎ᠠ᠂ ᠮᠤᠩᠭᠤᠯ ᠦᠨᠲᠦᠰᠦᠲᠡᠨ ᠤ ᠨᠡᠷ᠎ᠡ ᠴᠤᠤᠲᠤ ᠬᠦᠮᠦᠰ ᠵᠡᠷᠭᠡ ᠶᠢᠨ ᠵᠢᠷᠤᠭ ᠢ ᠬᠠᠲᠠᠭᠰᠠᠨ ᠪᠦᠭᠡᠳ ᠲᠡᠭᠡᠪᠦᠷ ᠢᠶᠠᠨ ᠮᠤᠩᠭᠤᠯ ᠬᠠᠭᠠᠨᠲᠤ ᠤᠯᠤᠰ ᠤᠨ ᠨᠤᠲᠤᠭ ᠲᠡᠪᠢᠰᠭᠡᠷ ᠤᠨ ᠭᠠᠵᠠᠷ ᠤᠨ ᠵᠢᠷᠤᠭ ᠢᠶᠠᠷ ᠤᠷᠠᠯᠠᠨ ᠴᠢᠮᠡᠵᠡᠢ᠃  ᠡᠬᠦᠨ ᠠᠴᠠ ᠭᠠᠲᠠᠨ᠎ᠠ ᠪᠠᠰᠠ ᠭᠡᠤᠭᠡᠳ ᠤᠨ ᠰᠡᠳᠬᠢᠬᠦᠢ᠂ ᠲᠤᠷ᠎ᠠ ᠰᠤᠨᠢᠷᠬᠠᠯ ᠳᠤ ᠲᠤᠬᠢᠷᠠᠭᠰᠠᠨ ᠨᠤᠮ ᠤᠨ ᠦᠷᠦᠭᠡ᠂ ᠪᠦᠵᠢᠭ ᠤᠨ ᠦᠷᠦᠭᠡ᠂ ᠵᠢᠷᠤᠭ ᠤᠨ ᠦᠷᠦᠭᠡ᠂ ᠬᠦᠭᠵᠢᠮ ᠤᠨ ᠦᠷᠦᠭᠡ᠂ ᠲᠤᠭᠯᠠᠭᠠᠮ ᠤᠨ ᠦᠷᠦᠭᠡ ᠵᠡᠷᠭᠡ ᠶᠢ ᠭᠠᠷᠭᠠᠭᠰᠠᠨ ᠪᠠᠶᠢᠲᠠᠭ᠃ ᠠᠩᠬᠢ ᠪᠤᠯᠭᠠᠨ ᠳᠤ ᠺᠣᠮᠫᠢᠦ᠋ᠲ᠋ᠧᠷ᠂ ᠠᠷᠢᠭᠤᠳᠬᠠᠬᠤ ᠬᠤᠷᠭᠤ᠂ ᠬᠤᠪᠴᠠᠰᠤ ᠤᠬᠢᠶᠠᠬᠤ ᠮᠠᠰᠢᠨ ᠪᠠ ᠨᠠᠰᠤᠨ ᠤ ᠤᠨᠴᠠᠯᠢᠭ ᠲᠤ ᠲᠤᠬᠢᠷᠠᠭᠰᠠᠨ ᠤᠨᠲᠠᠬᠤ ᠤᠷᠤ ᠵᠡᠷᠭᠡ ᠶᠢ ᠢᠵᠢ ᠪᠦᠷᠢᠲᠦᠬᠦᠯᠵᠦ᠂ ᠡᠯ᠎ᠡ ᠠᠩᠬᠢ ᠪᠤᠲᠠᠲᠤ ᠪᠠᠶᠢᠲᠠᠯ ᠠᠴᠠ ᠡᠬᠦᠰᠴᠦ ᠮᠤᠩᠭᠤᠯ ᠰᠢᠲᠡᠷ᠎ᠡ᠂ ᠬᠠᠳᠬᠤᠮᠠᠯ᠂ ᠤᠷᠠᠳ ᠠᠷᠠᠳ ᠤᠨ ᠲᠠᠭᠤᠤ ᠵᠡᠷᠭᠡ ᠮᠤᠩᠭᠤᠯ ᠰᠤᠶᠤᠯ ᠤᠨ ᠬᠠᠮᠢᠶ᠎ᠠ ᠲᠠᠢ ᠬᠢᠴᠢᠶᠠᠯ ᠤᠨ ᠠᠭᠤᠯᠭ᠎ᠠ ᠲᠤᠬᠢᠷᠠᠭᠤᠯᠵᠠᠢ᠃ ᠡᠬᠦᠨ ᠠᠴᠠ ᠭᠠᠲᠠᠨ᠎ᠠ ᠭᠡᠤᠭᠡᠳ ᠤᠨ ᠬᠤᠭᠤᠯᠨ ᠤᠮᠲᠠᠭᠠᠨ ᠤ ᠰᠢᠮ᠎ᠠ ᠲᠠᠵᠢᠭᠡᠯ᠂ ᠠᠷᠢᠭᠤᠨ ᠴᠡᠪᠡᠷ ᠪᠠᠶᠢᠬᠤ ᠪᠠ ᠤᠯᠠᠨ ᠶᠠᠩᠵᠤᠲᠤ ᠴᠢᠨᠠᠷ ᠲᠠᠢ ᠪᠠᠶᠢᠬᠤ ᠶᠢ ᠤᠨᠴᠠᠯᠠᠨ ᠠᠩᠬᠠᠷᠴᠤ᠂ ᠨᠢᠭᠡ ᠭᠠᠷᠠᠭ ᠤᠨ ᠬᠤᠭᠤᠯᠠ ᠨᠢ ᠲᠠᠪᠬᠤᠷᠲᠠᠭᠤᠯᠤᠯ ᠦᠭᠡᠢ ᠪᠠᠶᠢᠬᠤ ᠶᠢ ᠪᠠᠷᠢᠮᠲᠠᠯᠠᠭᠰᠠᠭᠠᠷ ᠢᠷᠡᠭᠰᠡᠨ ᠶᠤᠮ᠃        ᠡᠨᠡ ᠵᠢᠯ ᠮᠦᠲᠡᠨ ᠵᠠᠬᠢᠷᠤᠯ ᠪᠠᠰᠠ ᠤᠢ ᠰᠢᠭᠤᠢ ᠶᠢᠨ ᠲᠤᠪᠴᠢᠶ᠎ᠠ ᠵᠡᠷᠭᠡ ᠬᠠᠮᠢᠶ᠎ᠠ ᠪᠦᠬᠦᠢ ᠪᠠᠶᠢᠭᠤᠯᠭ᠎ᠠ ᠲᠠᠢ ᠵᠦᠪᠲᠠᠯᠴᠡᠨ᠂ ᠴᠡᠴᠡᠷᠯᠢᠭ ᠤᠨ ᠵᠡᠬᠦᠨ ᠲᠠᠯ᠎ᠠ ᠳᠤ ᠪᠠᠶᠢᠭ᠎ᠠ 16000 ᠲᠡᠭᠰᠢ ᠲᠦᠷᠪᠡᠯᠵᠢᠨ ᠮᠧᠲᠷ ᠲᠠᠯᠠᠪᠠᠢ ᠲᠠᠢ ᠤᠢ ᠰᠢᠭᠤᠢ ᠶᠢ ᠬᠠᠮᠢᠶᠠᠷᠤᠨ ᠡᠵᠡᠩᠨᠡᠬᠦ ᠡᠷᠭᠡ ᠶᠢ ᠤᠯᠵᠤ᠂ ᠲᠤᠲᠤᠷ᠎ᠠ ᠨᠢ ᠮᠤᠩᠭᠤᠯ ᠭᠡᠷ ᠪᠤᠰᠬᠠᠵᠤ᠂ ᠬᠤᠨᠢ ᠢᠮᠠᠭ᠎ᠠ ᠲᠡᠵᠢᠭᠡᠨ᠂ ᠳᠣᠭᠤᠢᠢᠯᠠᠪᠤᠷᠢ ᠪᠠᠷ ᠶᠠᠰᠤᠲᠤ ᠮᠡᠯᠡᠭᠡᠢ᠂ ᠠᠨᠠᠰᠢ᠂ ᠬᠢᠮᠡᠯ ᠠᠭᠤᠯᠠ ᠬᠢᠬᠦ ᠵᠡᠷᠭᠡ ᠠᠩᠬᠠᠲᠠᠭᠴᠢ ᠱᠠᠲᠤᠨ ᠤ ᠲᠦᠯᠦᠪᠯᠡᠭᠡ ᠪᠠᠨ ᠲᠡᠯᠡᠭᠡᠢ ᠶᠢᠨ ᠭᠡᠤᠭᠡᠳ ᠤᠨ ᠪᠠᠶᠠᠷ ᠠᠴᠠ ᠡᠮᠦᠨ᠎ᠡ ᠵᠠᠪᠲᠤᠵᠤ ᠠᠮᠵᠢᠭᠤᠯᠤᠯ᠎ᠠ᠃        — ᠭᠡᠤᠭᠡᠳ ᠢ ᠪᠠᠭ᠎ᠠ ᠠᠴᠠ ᠨᠢ ᠮᠠᠯᠵᠢᠬᠤ ᠠᠮᠢᠲᠤᠷᠠᠯ ᠳᠤ ᠤᠶᠢᠷᠠᠲᠤᠭᠤᠯᠬᠤ᠂ ᠡᠭᠡ ᠪᠠᠶᠢᠭᠠᠯᠢ ᠳᠤ ᠤᠶᠢᠷᠠᠲᠤᠭᠤᠯᠬᠤ ᠭᠡᠭᠴᠢ ᠲᠤᠩ ᠴᠢᠬᠤᠯᠠ᠃ ᠭᠡᠤᠭᠡᠳ ᠢᠶᠠᠨ ᠡᠭᠡ ᠪᠠᠶᠢᠭᠠᠯᠢ ᠪᠠᠨ ᠬᠠᠶᠢᠷᠠᠯᠠᠬᠤ᠂ ᠮᠤᠩᠭᠤᠯ ᠰᠤᠶᠤᠯ ᠢᠶᠠᠨ ᠬᠠᠶᠢᠷᠠᠯᠠᠬᠤ᠂ ᠠᠵᠢᠯᠴᠢ ᠬᠦᠲᠡᠯᠮᠦᠷᠢᠴᠢ᠂ ᠠᠷᠪᠢᠯᠠᠨ ᠭᠠᠮᠨᠠᠬᠤ ᠰᠠᠶᠢᠬᠠᠨ ᠵᠠᠩ ᠲᠠᠳᠬᠠᠯ ᠲᠠᠢ ᠪᠤᠯᠵᠤ ᠬᠦᠮᠦᠵᠢᠭᠲᠡᠬᠦ ᠶᠢ ᠰᠠᠨᠠᠭᠠᠴᠢᠯᠠᠭᠰᠠᠨ ᠶᠤᠮ᠂ ᠴᠠᠭ ᠪᠠᠴᠢᠮ ᠪᠤᠯᠤᠭᠰᠠᠨ ᠢᠶᠠᠷ ᠵᠠᠷᠢᠮ ᠵᠦᠢᠯ ᠢ ᠨᠢ ᠬᠢᠵᠦ ᠠᠮᠵᠢᠭ᠎ᠠ ᠦᠭᠡᠢ᠂ ᠲᠦᠯᠦᠪᠯᠡᠭᠡ ᠪᠦᠬᠦᠨ ᠢᠶᠠᠷ ᠪᠡᠶᠡᠯᠡᠭᠲᠡᠬᠦ ᠦᠶ᠎ᠠ ᠨᠠᠩ ᠭᠤᠶᠤ ᠪᠤᠯᠤᠨ᠎ᠠ ᠭᠡᠵᠤ ᠮᠦᠲᠠᠨ ᠵᠠᠬᠢᠷᠤᠯ ᠶᠠᠷᠢᠯ᠎ᠠ᠃         ᠠᠷᠪᠠ ᠭᠠᠷᠤᠢ ᠵᠢᠯ ᠤᠨ ᠴᠢᠷᠮᠠᠶᠢᠯᠭ᠎ᠠ ᠪᠠᠷ ᠲᠡᠮᠵᠢᠨ ᠤᠷᠠᠳ ᠤᠨ ᠲᠤᠮᠲᠠᠲᠤ ᠬᠤᠰᠢᠭᠤᠨ ᠤ ᠮᠤᠩᠭᠤᠯ ᠦᠨᠲᠦᠰᠦᠲᠡᠨ ᠤ ᠭᠡᠤᠭᠡᠳ ᠤᠨ ᠴᠡᠴᠡᠷᠯᠢᠭ ᠨᠢ ︿︿ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠭᠦᠭᠡ ᠲᠡᠰ ᠤᠨ ᠵᠢᠱᠢᠶ᠎ᠠ ᠦᠵᠡᠬᠦᠯᠬᠦ ᠭᠡᠤᠭᠡᠳ ᠤᠨ ᠴᠡᠴᠡᠷᠯᠢᠭ﹀﹀ ᠪᠤᠯᠤᠭᠰᠠᠨ ᠢᠶᠠᠷ ᠪᠠᠷᠠᠬᠤ ᠦᠭᠡᠢ ᠦᠪᠡᠷᠲᠡᠭᠡᠨ ᠵᠠᠰᠠᠬᠤ ᠤᠷᠤᠨ᠂ ᠬᠤᠲᠠ᠂ ᠬᠤᠰᠢᠭᠤᠨ ᠤ ᠡᠯ᠎ᠠ ᠵᠦᠢᠯ ᠤᠨ ᠢᠷᠠᠭᠤ ᠠᠯᠲᠠᠷ ᠢ ᠤᠯᠠᠨᠲᠠ ᠬᠦᠷᠲᠡᠵᠦ ᠦᠩᠭᠡᠷᠡᠪᠡ᠃ ᠮᠦᠲᠡᠨ ᠵᠠᠬᠢᠷᠤᠯ ᠴᠦ ᠠᠩᠬᠠᠲᠠᠭᠴᠢ ᠤᠲᠠᠭᠠᠨ ᠤ ᠨᠠᠢᠮᠠᠨ ᠮᠤᠵᠢ ᠤᠷᠤᠨ ᠤ ᠴᠡᠴᠡᠷᠯᠢᠭ ᠤᠨ ᠵᠠᠬᠢᠷᠤᠯ ᠤᠨ ᠬᠠᠮᠵᠢᠯᠴᠠᠬᠤ ᠨᠡᠶᠢᠭᠡᠮᠯᠢᠭ ᠵᠢᠴᠢ ᠮᠤᠩᠭᠤᠯ ᠭᠡᠯᠡᠨ ᠤ ᠰᠤᠷᠬᠤ ᠨᠠᠰᠤᠨ ᠠᠴᠠ ᠡᠮᠦᠨᠡᠬᠢ ᠰᠤᠷᠭᠠᠨ ᠬᠦᠮᠦᠵᠢᠯ ᠤᠨ ᠰᠤᠲᠤᠯᠭᠠᠨ ᠤ ᠬᠤᠷᠠᠯ ᠠᠴᠠ ᠡᠬᠢᠯᠡᠭᠰᠡᠨ ᠦᠬᠦᠯᠡᠯ ᠤᠨ ᠤᠷᠤᠯᠲᠤᠭᠠᠨ ᠤ ᠬᠤᠶᠠᠲᠤᠭᠠᠷ ᠲᠡᠰ᠂ ᠦᠪᠡᠷᠲᠡᠭᠡᠨ ᠵᠠᠰᠠᠬᠤ ᠤᠷᠤᠨ  ᠤ ᠴᠡᠴᠡᠷᠯᠢᠭ ᠤᠨ ᠰᠤᠷᠭᠠᠨ ᠬᠦᠮᠦᠵᠢᠯ ᠤᠨ ᠰᠤᠲᠤᠯᠭᠠᠨ ᠤ ᠬᠤᠷᠠᠯ ᠠᠴᠠ ᠡᠷᠬᠢᠯᠡᠭᠰᠡᠨ ᠦᠬᠦᠯᠡᠯ ᠤᠨ ᠤᠷᠤᠯᠲᠤᠭᠠᠨ ᠤ ᠨᠢᠭᠡᠲᠦᠭᠡᠷ ᠲᠡᠰ᠂ ᠪᠦᠬᠦ ᠤᠷᠤᠨ ᠤ ᠵᠠᠭᠤᠨ ᠰᠢᠯᠢᠲᠡᠭ ᠴᠡᠴᠡᠷᠯᠢᠭ ᠤᠨ ᠵᠠᠬᠢᠷᠤᠯ᠂ ᠲᠤᠮᠲᠠᠲᠤ ᠤᠯᠤᠰ ᠤᠨ ᠡᠷᠲᠡ ᠶᠢᠨ ᠬᠦᠮᠦᠵᠢᠯ ᠤᠨ ᠶᠠᠷᠢᠯᠴᠠᠭᠠᠨ ᠤ ᠲᠠᠪᠴᠠᠩ ᠤᠨ ᠵᠤᠬᠢᠶᠠᠨ ᠪᠠᠶᠢᠭᠤᠯᠤᠯᠲᠠ ᠶᠢᠨ ᠵᠦᠪᠯᠡᠯ ᠵᠡᠷᠭᠡ ᠭᠠᠵᠠᠷ ᠠᠴᠠ ᠤᠯᠭᠤᠭᠰᠠᠨ ︿︿ᠪᠦᠬᠦ ᠤᠯᠤᠰ ᠤᠨ ᠬᠦᠭᠵᠢᠯᠲᠡ ᠶᠢᠨ ᠲᠠᠯᠲᠠ ᠬᠦᠴᠦᠨ ᠲᠠᠢ ᠵᠠᠭᠤᠨ ᠰᠢᠯᠢᠲᠡᠭ ᠴᠡᠴᠡᠷᠯᠢᠭ ᠤᠨ ᠵᠡᠬᠢᠷᠤᠯ﹀﹀ ᠪᠠ ᠬᠤᠲᠠ ᠬᠤᠰᠢᠭᠤ ᠲᠡᠰ ᠤᠨ ᠰᠢᠯᠢᠲᠡᠭ ᠨᠠᠮ ᠤᠨ ᠭᠡᠰᠢᠬᠦᠨ᠂ ᠲᠡᠷᠢᠬᠦᠨ ᠤ ᠬᠤᠪᠢ ᠬᠦᠮᠦᠨ ᠵᠡᠷᠭᠡ ᠬᠤᠷᠭᠤ ᠲᠦᠬᠦᠷᠡᠩ ᠱᠠᠩᠨᠠᠯ ᠬᠦᠬᠢᠬᠦᠯᠦᠯ ᠢᠶᠠᠷ ᠡᠩᠭᠡᠷ ᠢᠶᠠᠨ ᠮᠢᠯᠢᠶᠠᠯᠭᠠᠭᠰᠠᠨ ᠶᠤᠮ᠃        ᠤᠷᠠᠳ ᠤᠨ ᠲᠤᠮᠲᠠᠲᠤ ᠬᠤᠰᠢᠭᠤᠨ ᠤ ᠮᠤᠩᠭᠤᠯ ᠦᠨᠲᠦᠰᠦᠲᠡᠨ ᠤ ᠭᠡᠤᠭᠡᠳ ᠤᠨ ᠴᠡᠴᠡᠷᠯᠢᠭ ᠵᠢᠯ ᠠᠴᠠ ᠵᠢᠯ ᠦᠭᠡᠲᠡᠯᠡᠨ ᠬᠦᠭᠵᠢᠵᠦ᠂ ︿︿ᠬᠡᠶᠢᠮᠤᠷᠢ ᠪᠤᠰᠤᠭ᠎ᠠ ᠮᠤᠩᠭᠤᠯ ᠭᠡᠤᠭᠡᠳ ᠤᠨ ᠭᠡᠲᠦ ᠢᠷᠡᠭᠡᠲᠦᠢ ᠰᠠᠷᠠᠭᠤᠯᠬᠠᠨ﹀﹀ ᠪᠤᠯᠬᠤ ᠰᠠᠶᠢᠬᠠᠨ ᠵᠦᠩᠨᠠᠯ ᠪᠠᠲᠤ ᠲᠤᠭᠲᠠᠬᠤ ᠨᠢ ᠯᠠᠪᠲᠠᠢ ᠶᠤᠮ᠃            ᠪᠠ᠊ ᠪᠦᠬᠡ ᠶᠢᠨ ︽ᠬᠠᠶᠢᠷ᠎ᠠ ᠪᠠᠷ ᠢᠪᠢᠯᠬᠦ ᠬᠤᠷᠸ᠎ᠠ︾ ᠬᠡᠬᠦ ᠮᠡᠳᠡᠭᠡᠯᠡᠯ ᠤᠨ ᠤᠷᠠᠨ ᠵᠤᠬᠢᠶᠠᠯ ᠤᠨ ᠲᠡᠭᠦᠪᠦᠷᠢ ᠠᠴᠠ ᠪᠠᠭᠤᠯᠭᠠᠪᠠ
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ