ᠦᠷᠭᠡᠨ ᠲᠠᠷᠲᠠᠩ ᠬᠠᠶᠢᠷ ᠲᠡᠪᠢᠰᠦᠭᠰᠡᠨ ᠵᠠᠮ ᠢᠶᠠᠷ ᠴᠠᠭᠠᠨ ᠦᠩᠭᠡ ᠶᠢᠨ ᠵᠢᠵᠢᠭ ᠮᠠᠰᠢᠨ ᠠᠭᠤᠯᠠᠨ ᠠᠮᠠ ᠶᠢᠨ ᠵᠠᠮ ᠢᠶᠠᠷ ᠲᠠᠪᠬᠢᠨ ᠭᠠᠷᠴᠤ ᠢᠷᠡᠯ᠎ᠠ᠃ | ᠡᠮᠦᠨ᠎ᠡ ᠡᠲᠦᠷ ᠨᠢ ᠰᠢᠷᠦᠬᠦᠨ ᠪᠤᠷᠤᠭᠠᠨ ᠴᠢᠳᠬᠤᠯᠠᠭᠰᠠᠨ ᠢᠶᠠᠷ ᠦᠨᠦᠲᠦᠷ ᠦᠷᠯᠦᠭᠡ ᠶᠢᠨ ᠠᠭᠤᠷ ᠠᠮᠢᠰᠬᠤᠯ ᠤᠨᠴᠠᠭᠠᠢ ᠴᠢᠬᠢᠭᠯᠢᠭ ᠰᠠᠶᠢᠬᠠᠨ ᠪᠠᠶᠢᠵᠤ᠂ | ᠪᠤᠷᠤᠪᠲᠤᠷ ᠴᠢᠷᠠᠢ ᠲᠠᠢ᠂ ᠬᠠᠷ᠎ᠠ ᠨᠢᠲᠦᠨ ᠰᠢᠯ ᠵᠡᠬᠦᠭᠰᠡᠨ ᠲᠦᠴᠢ ᠭᠠᠷᠤᠢ ᠨᠠᠰᠤᠨ ᠤ ᠡᠷ᠎ᠡ᠄ | ︿︿ ᠴᠡᠩᠭᠡᠷ ᠴᠡᠩᠭᠡᠷ ᠡᠬᠦᠯᠡᠨ ᠠᠴᠠ ᠨᠢ | ᠴᠢᠬᠢᠭ ᠬᠤᠷ᠎ᠠ ᠨᠢ ᠤᠷᠤᠲᠠᠭ ᠶᠤᠮ ᠬᠦ᠋ | ᠴᠢᠩ ᠴᠦ ᠰᠡᠳᠬᠢᠯ ᠨᠢ ᠵᠠᠩ ᠢᠶᠠᠷ ᠢᠶᠠᠨ ᠪᠠᠶᠢᠪᠠᠯ | ᠴᠢᠭᠯᠡᠭᠡᠳ ᠢᠷᠡᠲᠡᠭ ᠶᠤᠮ ᠬᠦ᠋﹀﹀ ᠭᠡᠵᠤ ᠪᠠᠭ᠎ᠠ ᠮᠠᠰᠢᠨ ᠢᠶᠠᠨ ᠪᠠᠷᠢᠬᠤ ᠶᠢᠨ ᠲᠠᠭᠠᠤ ᠳᠠᠭᠤᠯᠠᠴᠢᠬᠠᠭᠰᠠᠨ ᠶᠠᠪᠤᠨ᠎ᠠ᠃ ᠲᠡᠭᠡᠬᠦ ᠳᠤ ᠡᠰᠡᠷᠬᠦ ᠲᠠᠯ᠎ᠠ ᠠᠴᠠ ᠨᠢ | ᠬᠠᠷ᠎ᠠ ᠦᠩᠭᠡ ᠶᠢᠨ ᠭᠡᠭᠡᠷᠡᠯᠠᠨ ᠲᠠᠪᠬᠢᠬᠤ ᠮᠠᠰᠢᠨ ᠭᠠᠷᠴᠤ ᠢᠷᠡᠬᠦ ᠳᠤ ᠬᠤᠶᠠᠷ ᠮᠠᠰᠢᠨ ᠡᠰᠡᠷᠬᠦᠯᠡᠨ ᠵᠤᠭᠰᠤᠯ᠎ᠠ᠃ | —— ᠭᠡ᠊ ᠱᠦᠵᠢ ᠰᠠᠶᠢᠨ ᠤᠤ︖ ᠲᠠᠶᠠᠭᠠᠷ ᠰᠠᠶᠢᠨ ᠪᠠᠶᠢᠨ᠎ᠠ ᠤᠤ︖ ᠡᠶᠢᠮᠦ ᠡᠷᠲᠡ ᠲᠠᠨᠠᠷ ᠶᠠᠭᠤ ᠭᠡᠵᠤ ᠶᠠᠭᠠᠷᠠᠵᠤ ᠶᠠᠪᠤᠨ᠎ᠠ︖ ᠭᠡᠵᠤ ᠪᠤᠶᠠᠨᠲᠤ | ᠮᠠᠰᠢᠨ ᠠᠴᠠ ᠪᠠᠨ ᠪᠠᠭᠤᠨ ᠮᠠᠨᠲᠦᠴᠢᠯᠠᠯᠠ᠃ | —— ᠰᠠᠶᠢᠨ ᠰᠠᠶᠢᠨ᠂ ᠰᠠᠶᠢᠨ ᠤᠤ︖ ᠦᠴᠦᠭᠡᠲᠦᠷ ᠤᠨ ᠪᠤᠷᠤᠭᠠᠨ ᠰᠠᠶᠢᠨ ᠤᠷᠤᠭᠰᠠᠨ ᠤᠤ︖ | ᠠᠭᠤᠯᠠᠨ ᠤ ᠦᠶᠡᠷ ᠶᠡᠭᠡ ᠪᠠᠭᠤᠯ᠎ᠠ᠂ ᠵᠠᠮ ᠶᠠᠮᠠᠷ ᠪᠤᠯᠤᠭᠰᠠᠨ ᠪᠤᠯ︖ ᠪᠤᠷᠤᠭᠠᠨ ᠳᠤ ᠮᠠᠯᠴᠢᠳ ᠤᠨ ᠪᠠᠶᠢᠰᠢᠩ ᠬᠠᠰᠢᠶ᠎ᠠ ᠶᠠᠭᠠᠬᠢᠵᠤ ᠪᠠᠶᠢᠭ᠎ᠠ ᠪᠤᠯᠪᠠᠤ | ᠭᠡᠲᠡᠭ ᠢ ᠦᠵᠡᠬᠦ ᠭᠡᠵᠤ ᠡᠷᠲᠡᠯᠡᠨ ᠶᠠᠪᠤᠭ᠎ᠠ ᠨᠢ ᠡᠨᠡ᠃ | ᠨᠢᠲᠦᠨ ᠰᠢᠯ ᠲᠠᠢ᠂ ᠲᠠᠰ ᠬᠠᠷ᠎ᠠ ᠬᠦᠮᠦᠰᠭᠡ ᠲᠠᠢ᠂ ᠦᠷᠭᠡᠨ ᠰᠢᠭ ᠴᠢᠷᠠᠢ ᠲᠠᠢ᠂ ᠮᠢᠬ᠎ᠠ ᠮᠠᠷᠢᠶ᠎ᠠ ᠨᠢ ᠲᠡᠩᠴᠡᠭᠰᠡᠨ ᠲᠡᠭᠰᠢᠭᠡᠨ ᠰᠠᠶᠢᠬᠠᠨ ᠪᠡᠶ᠎ᠡ ᠲᠠᠢ᠂ | ᠡᠶᠢᠮᠦ ᠡᠷᠲᠡ ᠢᠩᠬᠢᠵᠦ ᠶᠠᠭᠠᠷᠠᠵᠤ ᠶᠠᠪᠤᠭ᠎ᠠ ᠡᠨᠡ ᠬᠦᠮᠦᠨ ᠢ ᠭᠡᠷᠡᠯᠲᠦ ᠭᠡᠲᠡᠭ᠃ ᠬᠤᠯᠤᠰᠤᠲᠠᠢ ᠰᠤᠮᠤᠨ ᠤ ᠨᠠᠮ ᠤᠨ ᠬᠤᠷᠢᠶᠠᠨ ᠤ ᠱᠦᠵᠢ ᠶᠢᠨ ᠲᠤᠰᠢᠶᠠᠯ ᠲᠠᠢ᠂ | ᠲᠦᠴᠢᠨ ᠭᠡᠲᠦᠲᠡᠢ ᠬᠢᠯᠠᠷᠠᠭᠰᠠᠨ ᠡᠷ᠎ᠡ ᠡ᠃ | —— ᠪᠤᠷᠤᠭᠠᠨ ᠰᠠᠶᠢᠨ ᠤᠷᠤᠯ᠎ᠠ᠂ ᠡᠨᠡ ᠬᠠᠪᠤᠷ ᠤᠨ ᠰᠠᠶᠢᠬᠠᠨ ᠨᠠᠷᠠᠨ ᠳᠤ ᠤᠲᠠᠬᠤ ᠦᠭᠡᠢ ᠨᠢᠯᠬ᠎ᠠ ᠡᠪᠡᠰᠤ ᠰᠤᠭᠤᠷᠠᠵᠤ ᠤᠷᠭᠤᠬᠤ ᠪᠠᠶᠢᠬ᠎ᠠ ᠳ᠋ᠠ᠃ | ᠵᠠᠮ ᠴᠦ ᠶᠡᠭᠡ ᠰᠠᠶᠢᠨ ᠪᠠᠶᠢᠨ᠎ᠠ᠃ | —— ᠲᠠᠪᠠᠭᠠᠨ ᠤ ᠵᠠᠮ ᠦᠶᠡᠷ ᠲᠤ ᠡᠪᠲᠡᠭᠲᠡᠭᠰᠡᠨ ᠦᠭᠡᠢ ᠪᠤᠯ ᠪᠤᠰᠤᠳ ᠭᠡᠰᠡᠭ ᠨᠢ ᠠᠰᠠᠭᠤᠲᠠᠯ ᠦᠭᠡᠢ ᠪᠠᠶᠢᠬᠤ ᠶᠤᠰᠤᠲᠠᠢ᠃ | —— ᠰᠠᠨᠠᠭ᠎ᠠ ᠵᠤᠪᠠᠭᠰᠠᠨ ᠤ ᠭᠡᠷᠡᠭ ᠠᠯᠠᠭ᠎ᠠ᠂ ᠲᠦᠷᠦᠬᠦᠤ ᠭᠡᠲᠦᠨ ᠵᠢᠯ ᠪᠠᠶᠢᠭᠰᠠᠨ ᠪᠤᠯ ᠡᠶᠢᠮᠦ ᠰᠢᠷᠦᠬᠦᠨ ᠪᠤᠷᠤᠭᠠᠨ ᠳᠤ ᠲᠠᠪᠠᠭᠠᠨ ᠤ ᠵᠠᠮ ᠮᠠᠰᠢᠨ | ᠶᠠᠪᠤᠬᠤ ᠶᠢ ᠪᠤᠤ ᠭᠡᠯᠡ ᠶᠠᠪᠠᠭᠠᠨ ᠶᠠᠪᠤᠬᠤ ᠳᠤ ᠴᠦ ᠬᠦᠴᠢᠷ ᠪᠠᠶᠢᠲᠠᠭ ᠢ ᠲᠠ ᠰᠠᠶᠢᠨ ᠮᠠᠲᠠᠨ᠎ᠠ᠂ ᠤᠲᠤ ᠴᠦ ᠲᠡᠷᠡ ᠪᠦᠬᠦᠨ ᠲᠡᠤᠭᠡ ᠪᠤᠯᠵᠠᠢ᠃ | —— ᠵᠠ ᠵᠠ᠂ ᠲᠡᠭᠡᠪᠡᠯ ᠶᠡᠭᠡ ᠰᠠᠶᠢᠨ ᠪᠠᠶᠢᠨ᠎ᠠ᠂ ᠲᠡᠭᠡᠪᠡᠯ ᠪᠢᠲᠠ ᠶᠠᠪᠤᠶ᠎ᠠ᠂ ᠤᠴᠢᠷ ᠪᠠᠶᠢᠪᠠᠯ ᠤᠲᠠᠰᠤ ᠪᠠᠷ ᠬᠠᠷᠢᠯᠴᠠᠵᠤ ᠪᠠᠶᠢᠶ᠎ᠠ᠂ ᠪᠠᠶᠡᠷᠲᠡᠢ᠃ | ᠭᠡᠳ ᠰᠤᠮᠤᠨ ᠤ ᠭᠡᠲᠦᠬᠦᠯᠡ ᠮᠠᠰᠢᠨ ᠳᠠᠭᠠᠨ ᠭᠠᠷᠴᠤ ᠠᠭᠤᠯᠠᠨ ᠵᠢᠯᠠᠭ᠎ᠠ ᠤᠷᠤᠭᠤ ᠰᠤᠨᠤᠯᠵᠠᠭᠰᠠᠨ ᠵᠠᠮ ᠢᠶᠠᠷ ᠲᠠᠪᠬᠢᠵᠦ ᠤᠲᠤᠯᠠ᠃ | ᠬᠠᠨᠠᠷᠠᠨ ᠬᠦᠭᠯᠡᠷᠡᠭᠰᠡᠨ ᠬᠠᠯᠢᠯ ᠬᠠᠲᠠ ᠲᠡᠭᠷᠢ ᠪᠠᠭᠠᠨᠠᠲᠠᠵᠤ᠂ ᠤᠮᠤᠭᠲᠤ ᠪᠦᠷᠬᠦᠳ ᠤᠨ ᠵᠢᠬᠦᠷ ᠢ ᠴᠦ ᠬᠤᠭᠤᠯᠴᠢᠮᠠᠷ ᠰᠠᠨᠠᠭᠲᠠᠨ᠎ᠠ᠃ ᠪᠤᠯᠠᠭ ᠲᠠᠢ ᠤᠰᠤ ᠲᠠᠢ | ᠪᠠᠶᠢᠭᠰᠠᠨ ᠭᠤᠤᠯ ᠠᠯᠢ ᠭᠡᠲᠦᠶᠢᠨᠢ ᠬᠠᠲᠠᠨ ᠰᠢᠷᠬᠢᠵᠦ ᠰᠢᠷ᠎ᠠ ᠰᠠᠶᠢᠷ ᠦᠯᠡᠲᠡᠵᠦ᠂ ᠦᠶᠡᠷ ᠤᠨ ᠵᠠᠮ ᠪᠤᠯᠵᠠᠢ᠃ ᠭᠤᠤᠯ ᠤᠨ ᠬᠤᠶᠠᠷ ᠬᠦᠪᠡᠭᠡᠨ ᠤ ᠭᠡᠰᠡᠭ ᠪᠤᠰᠤᠭ | ᠨᠤᠭᠤᠭᠠᠨ ᠵᠦᠯᠭᠡ ᠠᠮᠢᠵᠢᠷᠠᠯ ᠤᠨ ᠬᠦᠴᠦᠨ ᠢᠶᠠᠨ ᠠᠯᠲᠠᠵᠤ᠂ ᠦᠷᠭᠡᠨ ᠰᠢᠭ ᠭᠠᠵᠠᠷ ᠨᠢ ᠲᠡᠷᠭᠡᠨ ᠵᠠᠮ ᠵᠤᠷᠠᠶᠢᠵᠤ ᠬᠠᠷᠠᠭᠲᠠᠨ᠎ᠠ᠃ ᠰᠢᠷ᠎ᠠ ᠰᠠᠶᠢᠷ ᠤᠨ ᠭᠤᠤᠯ | ᠢᠶᠠᠷ ᠬᠤᠨᠢᠨ ᠴᠢᠨᠡᠭᠡᠨ ᠦᠭᠡᠷ ᠤᠨ ᠴᠢᠨᠡᠭᠡᠨ ᠬᠦᠭᠡ ᠴᠢᠯᠠᠭᠤ ᠠᠲᠡ ᠲᠡᠨᠲᠡ ᠦᠭᠡᠢ ᠲᠦᠩᠬᠦᠶᠢᠵᠦ᠂ ᠬᠤᠶᠠᠷ ᠲᠠᠯ᠎ᠠ ᠶᠢᠨ ᠠᠭᠤᠯᠠᠨ ᠠᠴᠠ ᠦᠩᠭᠦᠷᠢᠲᠦᠨ | ᠪᠠᠭᠤᠭᠰᠠᠨ ᠬᠠᠲᠠ ᠴᠢᠯᠠᠭᠤ ᠵᠠᠷᠢᠮ ᠭᠡᠰᠡᠭ ᠰᠢᠷ᠎ᠠ ᠰᠠᠶᠢᠷ ᠢ ᠦᠵᠡᠭᠲᠡᠬᠦ ᠦᠭᠡᠢ ᠪᠤᠯᠲᠠᠯ᠎ᠠ ᠲᠠᠷᠤᠭᠲᠠᠵᠠᠢ᠃ ᠡᠨᠡ ᠭᠠᠵᠠᠷ ᠢ ᠬᠤᠶᠠᠷ ᠪᠤᠭᠲᠠ ᠶᠢᠨ ᠠᠮᠠ ᠭᠡᠲᠡᠭ᠃ | ᠡᠪᠦᠯ ᠤᠨ ᠡᠲᠦᠷ ᠭᠡᠵᠤ ᠦᠨᠡᠨ ᠤᠬᠤᠷ ᠠᠵᠠᠢ᠂ ᠨᠢᠲᠦ ᠢᠷᠮᠡᠬᠦ ᠶᠢᠨ ᠵᠠᠭᠤᠷ᠎ᠠ ᠲᠡᠭᠷᠢ ᠲᠦᠬᠦᠷᠡᠩ ᠤᠲᠤᠨ ᠮᠡᠴᠢᠳ ᠲᠦᠭᠡᠭᠡᠴᠢᠭᠰᠡᠨ ᠪᠠᠶᠢᠯ᠎ᠠ᠃ ᠡᠪᠦᠯ | ᠤᠨ ᠡᠬᠢᠨ ᠰᠠᠷ᠎ᠠ ᠶᠢᠨ ᠲᠡᠭᠷᠢ ᠭᠡᠵᠤ ᠬᠦᠪᠦᠩ ᠬᠤᠪᠴᠠᠰᠤ ᠡᠮᠦᠰᠦᠭᠰᠡᠨ ᠴᠦ ᠪᠡᠶ᠎ᠡ ᠴᠡᠴᠡᠷᠡᠵᠦ᠂ ᠭᠠᠷ ᠪᠡᠭᠡᠷᠡᠬᠦ ᠨᠢ ᠬᠠᠯᠠᠲᠠᠢ᠃ | —— ᠵᠠ ᠤᠲᠤ ᠨᠢᠭᠡ ᠦᠵᠡᠶ᠎ᠡ ᠪᠢ ᠯᠠᠪᠠᠷ ᠢᠶᠠᠨ ᠲᠤᠤᠭᠠᠷᠤᠭᠤᠯᠬᠤ ᠳᠤ ᠴᠢ ᠲᠦᠯᠬᠢᠭᠡᠷᠡᠢ︕ | —— ᠵᠠ ᠭᠡᠳ ᠬᠤᠷᠢ ᠯᠠ ᠰᠠᠶ᠋ᠢ ᠦᠩᠭᠡᠷᠡᠵᠦ ᠪᠠᠶᠢᠭ᠎ᠠ ᠲᠦᠯᠦᠪᠲᠡᠢ ᠦᠨᠲᠦᠷ ᠪᠡᠶᠡᠷᠭᠡᠭ ᠵᠠᠯᠠᠭᠤ ᠬᠠᠷᠢᠭᠤ ᠦᠴᠢᠯ᠎ᠡ᠃ | ᠠᠴᠢᠶ᠎ᠠ ᠬᠦᠨᠲᠦ ᠮᠠᠰᠢᠨ ᠬᠠᠷ᠎ᠠ ᠤᠲᠤᠭ᠎ᠠ ᠪᠠᠭᠠᠬᠢᠭᠤᠯᠤᠨ ᠤᠭᠰᠢᠵᠤ ᠠᠪᠤᠭᠰᠠᠨ ᠢᠶᠠᠨ ᠲᠤᠷᠤᠭᠰᠢ ᠯᠠᠭ ᠭᠡᠲᠡᠯ᠎ᠡ ᠰᠠᠭᠤᠵᠤ᠂ ᠭᠡᠢ ᠡᠷᠬᠢᠯᠲᠦᠭᠰᠡᠨ ᠬᠦᠷᠲᠦ | ᠶᠢ ᠨᠢ ᠲᠠᠭᠠᠯᠲᠤᠨ ᠤᠰᠤ ᠮᠦᠰᠤ ᠠᠷᠤ ᠠᠴᠠ ᠨᠢ ᠲᠦᠯᠬᠢᠭᠡ ᠡᠷ᠎ᠡ ᠶᠢ ᠵᠠᠶᠢᠯᠠᠵᠤ ᠵᠠᠪᠲᠤᠬᠤ ᠠᠴᠠ ᠡᠮᠦᠨ᠎ᠡ ᠦᠪᠴᠢ ᠪᠡᠶ᠎ᠡ ᠶᠢ ᠨᠤᠷᠭᠠᠵᠤ ᠠᠮᠵᠢᠯ᠎ᠠ᠃ ᠬᠦᠪᠡᠭᠡᠨ | ᠠᠴᠠ ᠪᠠᠨ ᠡᠬᠢᠯᠡᠵᠦ ᠢᠷᠮᠡᠭᠯᠡᠨ ᠬᠦᠯᠲᠡᠭᠰᠡᠨ ᠭᠤᠤᠯ ᠤᠨ ᠮᠦᠰᠤ ᠠᠴᠢᠶ᠎ᠠ ᠬᠦᠨᠲᠦ ᠮᠠᠰᠢᠨ ᠤ ᠬᠤᠶᠢᠲᠦ ᠬᠦᠷᠲᠦ ᠨᠢ ᠲᠤᠭᠤᠯᠵᠤ ᠠᠮᠵᠢᠭ᠎ᠠ ᠦᠭᠡᠢ ᠳᠤᠨᠢ | ᠴᠦᠮᠦᠷᠡᠭᠰᠡᠨ ᠪᠠᠶᠢᠵᠠᠢ᠃ | —— ᠡᠨᠡ ᠰᠦᠨᠢ ᠴᠦ ᠬᠤᠶᠠᠭᠤᠯᠠ ᠪᠠᠨ ᠦᠢᠯᠡ ᠪᠠᠨ ᠦᠵᠡᠬᠦ ᠡ ᠭᠡᠳ ᠪᠤᠶᠠᠨᠲᠤ ᠮᠠᠰᠢᠨ ᠠᠴᠠ ᠪᠠᠨ ᠡᠷᠬᠦᠬᠦᠷ ᠢᠶᠠᠨ ᠠᠪᠤᠭᠠᠳ ᠦᠰᠦᠷᠦᠨ | ᠪᠠᠭᠤᠯ᠎ᠠ᠃ ᠮᠠᠰᠢᠨ ᠤ ᠲᠤᠭᠤᠤᠷ ᠱᠠᠭᠠᠶᠢᠬᠤ ᠳᠤ ᠬᠤᠶᠢᠲᠦ ᠬᠤᠶᠠᠷ ᠬᠦᠷᠲᠦ ᠨᠢ ᠪᠦᠷ ᠮᠦᠰᠤᠨ ᠳᠤ ᠤᠨᠠᠵᠤ᠂ ᠲᠡᠩᠭᠡᠯᠢᠭ ᠨᠢ ᠭᠤᠤᠯ ᠤᠨ ᠬᠦᠪᠡᠭᠡᠨ ᠳᠤ | ᠲᠡᠩᠨᠡᠭᠲᠡᠭᠰᠡᠨ ᠠᠴᠠ ᠬᠤᠶᠠᠷ ᠬᠦᠷᠲᠦ ᠨᠢ ᠬᠤᠭᠤᠰᠤᠨ ᠡᠷᠬᠢᠬᠦ ᠠᠴᠠ ᠴᠠᠭᠠᠰᠢ ᠦᠭᠡᠢ ᠪᠤᠯᠴᠢᠬᠠᠭᠰᠠᠨ ᠪᠠᠶᠢᠪᠠ᠃ ᠬᠤᠶᠠᠭᠤᠯᠠ ᠡᠷᠬᠦᠬᠦᠷ ᠢᠶᠠᠨ ᠲᠤᠬᠢᠷᠠᠭᠤᠯᠵᠤ | ᠲᠠᠯᠪᠢᠭᠠᠳ ᠪᠤᠶᠠᠨᠲᠤ ᠶᠠᠰᠤ ᠶᠠᠩᠬᠢᠨᠠᠮ᠎ᠠ ᠭᠤᠤᠯ ᠤᠨ ᠤᠰᠤᠨ ᠳᠤ ᠤᠷᠤᠯ᠎ᠠ᠃ ᠲᠠᠭᠠᠵᠤ ᠶᠠᠪᠤᠭ᠎ᠠ ᠲᠠᠭᠤ ᠴᠦᠭᠡᠨ ᠲᠠᠢ ᠵᠢᠭᠠᠬᠠᠨ ᠵᠠᠯᠠᠭᠤ ᠶᠡᠭᠡ ᠪᠠᠭ᠎ᠠ ᠴᠢᠯᠠᠭᠤ ᠶᠢ | ᠲᠡᠬᠦᠨ ᠠᠪᠴᠢᠷᠠᠵᠤ ᠬᠦᠷᠲᠦᠨ ᠤ ᠬᠢᠨᠢ ᠲᠤᠭᠤᠤᠷ ᠬᠢᠵᠦ᠂ ᠬᠤᠶᠠᠭᠤᠯᠠ ᠭᠡᠴᠢᠨᠡᠨ ᠬᠦᠴᠦᠯᠡᠭᠰᠡᠨ ᠴᠦ ᠮᠠᠰᠢᠨ ᠢᠶᠠᠨ ᠭᠠᠷᠭᠠᠵᠤ ᠴᠢᠲᠠᠭ᠎ᠠ ᠦᠭᠡᠢ᠃ | —— ᠵᠢᠭᠠᠬᠠᠨ ᠵᠠᠯᠠᠭᠤ ᠶᠠᠲᠠᠷᠠᠯᠠ ᠪᠢᠵᠠ︖ ᠨᠠᠭᠠᠰᠢ ᠪᠠᠨ ᠰᠠᠭᠤ᠂ ᠲᠦᠷ ᠠᠮᠠᠷᠠᠭᠠᠳ ᠲᠡᠬᠢᠨ ᠤᠷᠤᠯᠲᠤᠵᠤ ᠦᠵᠡᠶ᠎ᠡ ᠭᠡᠳ ᠲᠠᠮᠠᠬᠢ ᠪᠠᠨ | ᠭᠠᠷᠭᠠᠨ ᠬᠤᠶᠠᠭᠤᠯᠠ ᠪᠠᠨ ᠲᠠᠮᠠᠬᠢᠯᠠᠯᠠ᠃ | —— ᠠᠶᠢᠯ ᠤᠨ ᠠᠬ᠎ᠠ ᠡ᠂ ᠤᠤᠯ ᠨᠢ ᠲᠡᠭᠡᠭᠡᠳ ᠮᠦᠨ ᠡᠶᠢᠮᠦ ᠵᠠᠮ ᠲᠠᠢ ᠪᠠᠶᠢᠭᠰᠠᠨ ᠤᠤ︖ | —— ᠶᠡᠭᠡᠴᠤᠤᠯ ᠤᠨ ᠭᠡᠯᠡᠬᠦ ᠪᠠᠷ᠂ ᠲᠡᠷᠡ ᠦᠶ᠎ᠡ ᠳᠤ ᠭᠤᠯᠢᠷ ᠪᠤᠲᠠᠭ᠎ᠠ᠂ ᠠᠮᠢᠲᠤᠷᠠᠯ ᠤᠨ ᠡᠳ᠋ᠯᠡᠯ ᠭᠡᠷᠡᠭᠰᠡᠯ ᠢᠶᠠᠨ ᠲᠡᠮᠡᠭᠡ ᠪᠠᠷ ᠲᠡᠭᠡᠭᠡᠲᠡᠭ | ᠪᠠᠶᠢᠭᠰᠠᠨ᠂ ᠡᠪᠡᠰᠤ ᠪᠤᠷᠲᠤᠭ᠎ᠠ ᠬᠤᠲᠠᠯᠲᠤᠨ ᠠᠪᠬᠤ ᠶᠢ ᠮᠡᠲᠡᠲᠡᠭ ᠦᠭᠡᠢ ᠪᠠᠶᠢᠯ᠎ᠠ᠂ ᠰᠡᠬᠦᠯᠡᠷ ᠨᠢ ᠮᠤᠷᠢᠨ ᠬᠠᠰᠠᠭ ᠲᠦᠩᠭᠡᠭᠡᠳ ᠶᠠᠪᠤᠬᠤ ᠲᠠᠢ ᠪᠤᠯᠤᠭᠰᠠᠨ᠃ | ᠬᠤᠷ᠎ᠠ ᠲᠤᠨᠤᠲᠠᠰᠤᠨ ᠤ ᠴᠦᠭᠡᠷᠡᠬᠦ ᠶᠢ ᠲᠠᠭᠠᠯᠲᠤᠨ ᠬᠦᠮᠦᠰ ᠰᠠᠶ᠋ᠢ ᠡᠪᠡᠰᠤ ᠪᠤᠷᠲᠤᠭ᠎ᠠ ᠠᠪᠬᠤ ᠪᠤᠯᠤᠭᠰᠠᠨ ᠢᠶᠠᠷ ᠵᠠᠮ ᠴᠢᠬᠤᠯᠠ ᠲᠠᠢ ᠪᠤᠯᠵᠤ᠂ ᠡᠨᠡ ᠵᠠᠮ ᠰᠤᠮᠤ᠂ | ᠭᠠᠴᠠᠭ᠎ᠠ᠂ ᠠᠷᠠᠳ ᠤᠳ ᠵᠢᠯ ᠵᠢᠯ ᠵᠠᠰᠠᠲᠠᠭ ᠴᠦ ᠦᠶᠠᠷ ᠤᠨ ᠵᠠᠮ ᠲᠠᠭᠠᠤ ᠵᠠᠰᠠᠭᠰᠠᠨ ᠪᠤᠯᠬᠤᠷ ᠠᠮᠢ ᠨᠠᠰᠤ ᠨᠢ ᠤᠬᠤᠷ ᠪᠠᠶᠢᠲᠠᠭ᠃ ᠬᠡᠵᠢᠶ᠎ᠠ ᠨᠢᠭᠡ ᠰᠠᠶᠢᠬᠠᠨ ᠵᠠᠮ | ᠲᠠᠢ ᠪᠤᠯᠪᠠᠯ ᠪᠢᠲᠡ ᠴᠦ ᠲᠡᠬᠢᠨ ᠢᠩᠬᠢᠵᠦ ᠦᠢᠯᠡ ᠪᠠᠨ ᠪᠠᠷᠠᠵᠤ ᠦᠰᠤ ᠪᠠᠨ ᠲᠤᠭᠠᠯᠠᠬᠤ ᠭᠡᠷᠡᠭ ᠦᠭᠡᠢ ᠪᠤᠯᠴᠢᠬᠠᠨ᠎ᠠ᠃ | —— ᠲᠡᠭᠡᠭᠡᠳ ᠶᠠᠭᠤ ᠭᠡᠵᠤ ᠵᠡᠬᠦᠨ ᠵᠠᠮ ᠢᠶᠠᠷ ᠲᠡᠭᠡᠭᠡᠬᠦ ᠦᠭᠡᠢ ᠶᠤᠮ ᠳ᠋ᠠ︖ | —— ᠵᠡᠬᠦᠨ ᠵᠠᠮ ᠨᠢ ᠭᠡᠲᠦ ᠲᠤᠭᠤᠷᠢᠭᠤ᠂ ᠪᠠᠷᠤᠭ ᠬᠤᠶᠠᠷ ᠵᠠᠭᠤ ᠭᠠᠷᠤᠢ ᠢᠯᠡᠬᠦᠦ ᠶᠠᠪᠤᠨ᠎ᠠ᠂ ᠵᠠᠮ ᠵᠠᠭᠤᠷ᠎ᠠ ᠡᠯᠡᠰᠤ ᠶᠡᠭᠡᠲᠡᠢ ᠲᠡᠭᠡᠷ᠎ᠡ ᠪᠠᠨ ᠡᠩᠬᠦᠯ | ᠲᠤᠩᠬᠤᠯ ᠠᠷᠪᠢᠨ᠂ ᠲᠡᠷᠡ ᠮᠦᠷᠲᠡᠭᠡᠨ ᠡᠨᠡ ᠵᠢᠯ ᠤᠨ ᠪᠠᠶᠢᠲᠠᠯ ᠢᠶᠠᠷ ᠦᠵᠡᠬᠦ ᠳᠤ ᠤᠤᠯ ᠰᠤᠮᠤᠨ ᠤ ᠵᠡᠬᠦᠨ ᠲᠠᠯ᠎ᠠ ᠶᠢᠨ ᠦᠷᠭᠡᠨ ᠰᠠᠶᠢᠷ ᠢ ᠦᠩᠭᠡᠷᠡᠨ᠎ᠡ ᠭᠡᠲᠡᠭ | ᠴᠢᠨᠢ ᠪᠠᠶᠢᠲᠠᠭ ᠦᠭᠡᠢ ᠭᠡᠷᠡᠭ᠃ ᠵᠠ᠂ ᠤᠲᠤ ᠬᠤᠶᠠᠭᠤᠯᠠ ᠪᠠᠨ ᠨᠢᠭᠡ ᠤᠬᠠᠭᠠᠨ ᠭᠠᠷᠭᠠᠵᠤ ᠦᠵᠡᠶ᠎ᠡ ᠭᠡᠳ ᠦᠨᠲᠡᠰᠬᠢᠨ ᠪᠤᠰᠤᠯ᠎ᠠ᠃ | ᠬᠤᠶᠠᠭᠤᠯᠠ ᠴᠠᠭ ᠭᠠᠷᠤᠢ ᠤᠷᠤᠯᠲᠤᠭᠠᠳ ᠵᠦᠭ ᠭᠠᠷᠤᠭ᠎ᠠ ᠦᠭᠡᠢ᠂ ᠵᠢᠭᠠᠬᠠᠨ ᠵᠠᠯᠠᠭᠤ ᠴᠦ ᠶᠠᠲᠠᠷᠠᠵᠤ ᠵᠦᠲᠡᠷᠡᠬᠦ ᠶᠢᠨ ᠲᠡᠭᠡᠷ᠎ᠡ ᠦᠯᠦᠰᠴᠤ ᠤᠮᠲᠠᠭᠠᠰᠬᠤ | ᠲᠠᠪᠬᠤᠴᠠᠭᠰᠠᠨ ᠠᠴᠠ ᠦᠴᠦᠭᠡᠨ ᠴᠦ ᠲᠡᠮᠢᠷ ᠲᠡᠩᠭᠡᠭᠡ ᠦᠭᠡᠢ ᠪᠤᠯᠵᠠᠢ᠃ | —— ᠬᠤᠶᠠᠭᠤᠯᠠ ᠡᠨᠡ ᠰᠦᠨᠢ ᠴᠦ ᠬᠦᠲᠡᠭᠡ ᠬᠤᠨᠤᠬᠤ ᠨᠢ᠂ ᠵᠠ ᠶᠠᠭᠠᠬᠢᠬᠤᠪ ᠪᠤᠢ᠂ ᠴᠢ ᠵᠢᠭᠠᠠᠬᠨ ᠲᠦᠯᠦᠭᠡ ᠮᠤᠲᠤ ᠲᠡᠬᠦᠭᠡᠳ ᠢᠷ᠎ᠡ᠂ ᠲᠦᠲᠡᠭ | ᠨᠤᠴᠤᠭᠠᠵᠤ ᠲᠤᠯᠠᠭᠠᠴᠠᠬᠤ ᠦᠭᠡᠢ ᠪᠤᠯ ᠬᠤᠶᠠᠭᠤᠯᠠ ᠮᠦᠰᠤ ᠪᠤᠯᠤᠨ᠎ᠠ ᠳ᠋ᠠ︕ ᠭᠡᠳ ᠭᠠᠷ ᠭᠡᠷᠡᠯᠲᠦᠬᠦᠯᠦᠭᠴᠢ ᠪᠠᠨ ᠦᠭᠬᠦᠯ᠎ᠡ᠃ | ᠬᠠᠭᠤᠷᠠᠢ ᠲᠦᠯᠡᠭᠡ ᠲᠦᠷᠡᠯᠵᠡᠨ ᠠᠰᠠᠵᠤ᠂ ᠬᠠᠲᠠᠭᠰᠠᠨ ᠬᠤᠵᠤᠤᠯ᠎ᠠ ᠶᠢᠨ ᠲᠠᠰ ᠨᠢᠰ ᠭᠡᠵᠤ ᠦᠰᠤᠷᠦᠭᠰᠠᠨ ᠴᠤᠭ ᠨᠢᠭᠤᠷ ᠴᠢᠷᠠᠢ ᠳᠤ ᠬᠦᠷᠬᠦᠯᠡᠷ ᠪᠠᠭ᠎ᠠ | ᠵᠢᠮᠵᠢᠬᠢᠨᠡᠨ ᠡᠪᠡᠳᠭᠡᠨᠡ᠃ ᠰᠦᠨᠢ ᠲᠤᠮᠲᠠ ᠦᠩᠭᠡᠷᠡᠵᠦ ᠪᠠᠶᠢᠭᠰᠠᠨ ᠢᠶᠠᠷ ᠬᠦᠢᠲᠡᠨ ᠭᠡᠲᠡᠭ ᠨᠢ ᠠᠷᠭ᠎ᠠ ᠦᠭᠡᠢ᠂ ᠲᠦᠲᠡᠭ ᠭᠠᠯ ᠳᠠᠭᠠᠨ ᠠᠯᠢ ᠪᠤᠯᠬᠤ ᠪᠠᠷ | ᠤᠶᠢᠷᠠᠲᠤᠵᠤ ᠰᠠᠭᠤᠨ᠎ᠠ᠃ ᠪᠤᠶ᠋ᠨᠨᠲᠤ ᠮᠠᠰᠢᠨ ᠳᠠᠭᠠᠨ ᠪᠠᠶᠢᠭᠰᠠᠨ ᠪᠤᠤᠪᠤ᠂ ᠬᠦᠯᠲᠡᠬᠦ ᠰᠢᠬᠠᠭᠰᠠᠨ ᠯᠤᠩᠬᠤ ᠲᠠᠢ ᠤᠰᠤ ᠪᠠᠨ ᠭᠠᠷᠭᠠᠨ ᠬᠤᠶᠠᠭᠤᠯᠠ ᠲᠦᠩᠭᠡᠰᠬᠢᠭᠡᠳ | ᠦᠯ ᠢᠶᠠᠨ ᠲᠠᠷᠤᠯᠠ᠃ | —— ᠤᠲᠤ ᠬᠤᠶᠠᠷ ᠭᠤᠷᠪᠠᠨ ᠴᠠᠭ ᠪᠤᠯᠪᠠᠯ ᠦᠷ ᠴᠠᠶᠢᠴᠢᠬᠠᠨᠠ᠃ ᠲᠡᠭᠡᠪᠡᠯ ᠨᠢᠭᠡ ᠠᠷᠭ᠎ᠠ ᠤᠯᠲᠠᠨᠠ᠃ ᠲᠠᠭᠠᠷᠠᠵᠤ ᠪᠠᠶᠢᠪᠠᠯ ᠴᠠᠭᠠᠲᠤᠬᠢ | ᠬᠤᠵᠤᠤᠯ᠎ᠠ ᠪᠠᠨ ᠬᠢᠴᠢᠭᠡ᠃ | —— ᠲᠠ ᠤᠤᠯ ᠨᠢ ᠢᠩᠬᠢᠵᠦ ᠬᠦᠲᠡᠭᠡ ᠬᠤᠨᠤᠵᠤ ᠪᠠᠶᠢᠭᠰᠠᠨ ᠤᠤ︖ | —— ᠡᠶᠢᠮᠦ ᠤᠴᠢᠷ ᠵᠦᠩᠲᠡᠭᠡᠨ ᠭᠠᠷᠤᠨ᠎ᠠ᠃ ᠬᠤᠲᠠᠯ ᠭᠡᠯᠡᠬᠦ ᠶᠤᠮ ᠪᠤᠯ ᠡᠨᠡ ᠵᠠᠮ ᠲᠠᠭᠡᠷ᠎ᠡ ᠨᠠᠰᠤᠨ ᠠᠴᠠ ᠪᠠᠨ ᠤᠯᠠᠨ ᠬᠤᠨᠤᠭᠰᠠᠨ ᠪᠠᠶᠢᠬ᠎ᠠ᠃ | ᠵᠤᠨ ᠳᠠᠭᠠᠨ ᠪᠤᠯ ᠶᠠᠭᠠᠬᠢᠬᠤ ᠪᠤᠢ ᠭᠠᠶᠢᠭᠤᠢ ᠳ᠋ᠠ᠂ ᠡᠪᠤᠯ ᠳᠡᠭᠡᠨ ᠬᠠᠯᠠ ᠲᠠᠢ ᠪᠠᠶᠢᠲᠠᠭ ᠨᠢ ᠭᠡᠴᠡᠭᠦᠦ᠃ | ᠬᠦᠯᠢᠶᠡᠭᠰᠡᠨ ᠬᠦᠮᠦᠨ ᠳᠤ ᠴᠠᠭ ᠤᠲᠠᠭᠠᠨ ᠭᠡᠭᠴᠢ ᠦᠨᠡᠨ ᠦᠭᠡ ᠪᠠᠶᠢᠵᠠᠢ᠃ ᠵᠢᠭᠠᠬᠠᠨ ᠵᠠᠯᠠᠭᠤ ᠭᠡᠳᠡᠭ ᠵᠡᠬᠦᠷᠮᠡᠭᠯᠡᠨ ᠭᠡᠰᠡᠭ ᠲᠠᠭᠠᠷᠠᠨ ᠰᠡᠷᠠᠵᠤ ᠦᠤᠷ | ᠴᠠᠶᠢᠬᠤ ᠶᠢ ᠬᠦᠯᠢᠶᠡᠵᠦ ᠶᠠᠲᠠᠨᠠ᠃ ᠭᠡᠲᠦᠢ ᠤᠲᠠᠭᠰᠠᠨ ᠢ ᠪᠤᠤ ᠮᠡᠲᠡ᠂ ᠠᠭᠤᠯᠠᠨ ᠲᠤᠯᠤᠭᠠᠢ ᠪᠦᠷᠲᠦᠯᠵᠡᠨ ᠶᠠᠭᠤ ᠴᠦ ᠭᠡᠰᠡᠨ ᠦᠤᠷ ᠭᠡᠭᠡᠷᠡᠵᠦ ᠡᠬᠢᠯᠡᠯ᠎ᠡ᠃ | ᠪᠦᠬᠦᠯᠢ ᠰᠦᠨᠢ ᠨᠤᠶᠢᠷ ᠦᠭᠡᠢ ᠦᠩᠭᠡᠷᠡᠭᠡᠭᠰᠡᠨ ᠬᠤᠶᠠᠭᠤᠯᠠ ᠲᠦᠬᠦᠷᠡᠩ ᠮᠠᠰᠢᠨ ᠠᠴᠢᠭᠰᠡᠨ ᠪᠤᠷᠲᠤᠭ᠎ᠠ ᠪᠠᠨ ᠰᠢᠭᠤᠳᠠᠢ ᠰᠢᠭᠤᠳᠠᠢ ᠪᠠᠷ ᠪᠠᠭᠤᠯᠭᠠᠵᠤ ᠪᠠᠶᠢᠬᠤ ᠳᠤ | ᠭᠠᠴᠠᠭᠠᠨ ᠤ ᠱᠦᠵᠢ ᠭᠡᠰᠢᠭᠲᠦ ᠬᠤᠶᠠᠷ ᠬᠦᠮᠦᠨ ᠲᠠᠭᠠᠭᠤᠯᠤᠨ ᠪᠤᠷᠲᠤᠭ᠎ᠠ ᠲᠡᠭᠡᠭᠡᠬᠦ ᠪᠠᠷ ᠪᠠᠭᠤᠵᠤ ᠢᠷᠡᠬᠦ ᠲᠠᠢ ᠲᠠᠭᠠᠷᠠᠯᠲᠤᠵᠠᠢ᠃ ᠲᠡᠲᠡ ᠭᠤᠷᠪᠠᠭᠤᠯᠠ ᠶᠠᠲᠠᠷᠠᠵᠤ | ᠵᠦᠲᠡᠷᠡᠭᠰᠡᠨ ᠬᠤᠶᠠᠭᠤᠯᠠ ᠶᠢ ᠬᠠᠪᠰᠤᠷᠤᠨ ᠭᠡᠰᠡᠭ ᠪᠤᠷᠲᠤᠭ᠎ᠠ ᠶᠢ ᠪᠠᠭᠤᠯᠭᠠᠭᠰᠠᠨ ᠤ ᠲᠠᠷᠠᠭ᠎ᠠ ᠮᠠᠰᠢᠨ ᠢᠶᠠᠷ ᠮᠦᠰᠤᠨ ᠳᠤ ᠤᠨᠠᠭᠰᠠᠨ ᠮᠠᠰᠢᠨ ᠢ ᠨᠢ ᠲᠠᠲᠠᠵᠤ | ᠭᠠᠷᠭᠠᠯ᠎ᠠ᠃ | —— ᠲᠠ ᠭᠡᠲᠦᠬᠦᠯᠡ ᠢᠷᠡᠭᠰᠡᠨ ᠨᠢ ᠰᠠᠶᠢᠨ ᠪᠤᠯᠤᠯ᠎ᠠ᠂ ᠦᠭᠡᠢ ᠶᠤᠮ ᠪᠤᠯ ᠬᠤᠶᠠᠭᠤᠯᠠ ᠪᠠᠭ᠎ᠠ ᠦᠲᠡ ᠪᠤᠯᠬᠤ ᠳᠤ ᠴᠦ ᠭᠠᠷᠭᠠᠵᠤ ᠲᠡᠶᠢᠯᠬᠦ ᠦᠭᠡᠢ | ᠪᠠᠶᠢᠬ᠎ᠠ ᠳ᠋ᠠ ᠭᠡᠵᠤ ᠪᠤᠶᠠᠨᠲᠤ ᠪᠠᠶᠠᠷᠯᠠᠨ ᠭᠡᠯᠡᠯ᠎ᠠ᠃ | —— ᠵᠠ ᠵᠠ᠂ ᠮᠠᠨᠤᠰ ᠴᠦ ᠡᠷᠲᠡᠭᠡᠨ ᠵᠠᠮ ᠳᠠᠭᠠᠨ ᠤᠷᠤᠶ᠎ᠠ᠂ ᠴᠠᠭᠠᠰᠢ ᠨᠢ ᠠᠰᠠᠭᠤᠲᠠᠯ ᠦᠭᠡᠢ ᠭᠡᠳ ᠭᠡᠲᠦᠬᠦᠯᠡ ᠵᠠᠮ ᠵᠠᠮ ᠳᠠᠭᠠᠨ ᠤᠷᠤᠯ᠎ᠠ᠃ | ᠡᠨᠡᠬᠦ ᠠᠭᠤᠯᠠᠨ ᠵᠠᠮ ᠨᠢ ᠠᠷᠪᠠᠨ ᠲᠤᠯᠤᠭᠠᠨ ᠨᠤᠭᠤᠯᠤᠭ᠎ᠠ ᠲᠠᠢ ᠪᠠᠶᠢᠵᠤ᠂ ᠪᠦᠬᠦ ᠤᠷᠲᠤ ᠨᠢ ᠠᠷᠪᠠᠨ ᠬᠤᠶᠠᠷ ᠭᠤᠷᠪᠠᠨ ᠺᠢᠯᠤᠮᠧᠲᠷ ᠤᠷᠲᠤ ᠪᠠᠶᠢᠲᠠᠭ᠃ | ᠬᠤᠶᠠᠷ ᠪᠤᠭᠲᠠ ᠶᠢᠨ ᠠᠮᠠ ᠪᠠᠷ ᠲᠤᠲᠤᠭᠰᠢ ᠪᠠᠨ ᠶᠠᠪᠤᠭᠠᠳ ᠬᠠᠨ ᠠᠭᠤᠯᠠ ᠤᠰᠤᠨ ᠴᠦᠬᠦᠷᠦᠮ ᠢ ᠦᠩᠭᠡᠷᠡᠭᠰᠡᠭᠡᠷ ᠲᠠᠩᠨᠠᠬᠦᠯ ᠤᠨ ᠭᠤᠤᠯ ᠳᠤ ᠬᠦᠷᠲᠡᠭ᠃ ᠡᠨᠡ | ᠭᠤᠤᠯ ᠳᠤ ᠲᠡᠭᠡᠷ᠎ᠡ ᠭᠠᠷᠠᠭ ᠤᠨ ᠡᠮᠦᠨ᠎ᠡ ᠡᠪᠡᠰᠤ ᠲᠡᠭᠡᠭᠡᠭᠰᠡᠨ ᠮᠠᠰᠢᠨ ᠰᠢᠬᠢᠳᠴᠦ᠂ ᠬᠤᠶᠠᠷ ᠮᠠᠰᠢᠨ ᠢᠶᠠᠷ ᠲᠠᠲᠠᠭᠤᠯᠵᠤ ᠪᠠᠶᠢᠮᠠᠨᠵᠢᠨ ᠰᠠᠶ᠋ᠢ ᠭᠠᠷᠤᠭᠰᠠᠨ᠃ | ᠲᠡᠭᠡᠭᠡᠳ ᠲᠤᠬᠠᠢ ᠶᠢᠨ ᠭᠠᠵᠠᠷ ᠤᠨ ᠮᠠᠯᠴᠢᠳ ᠬᠤᠭᠤᠰᠤᠨ ᠮᠠᠰᠢᠨ ᠪᠠ ᠪᠠᠭ᠎ᠠ ᠠᠴᠢᠶᠠᠲᠡᠢ ᠮᠠᠰᠢᠨ ᠢᠶᠠᠷ ᠭᠡᠲᠦ ᠤᠲᠠᠭ᠎ᠠ ᠲᠤᠭᠤᠯᠤᠭᠤᠯᠵᠤ ᠲᠠᠷᠤᠰᠢᠭᠤᠯᠤᠭᠰᠠᠨ | ᠢᠶᠠᠷ ᠶᠠᠪᠤᠵᠤ ᠪᠤᠯᠬᠤ ᠪᠤᠯᠵᠠᠢ ᠁ | 2013 ᠤᠨ ᠳᠤ᠂ ᠬᠤᠯᠤᠰᠤᠲᠠᠢ ᠰᠤᠮᠤᠨ ᠤ ᠨᠠᠮ ᠤᠨ ᠬᠤᠷᠢᠶᠠᠨ ᠤ ᠱᠦᠵᠢ ᠭᠡᠷᠡᠯᠲᠦ᠂ ᠰᠤᠮᠤᠨ ᠲᠠᠷᠤᠭ᠎ᠠ ᠮᠠᠯᠴᠢᠨᠬᠦᠦ ᠪᠠᠷ ᠲᠤᠯᠤᠭᠠᠶᠢᠯᠠᠭᠤᠯᠤᠭᠰᠠᠨ | ᠰᠢᠨ᠎ᠡ ᠨᠢᠭᠡ ᠬᠤᠭᠤᠴᠠᠭᠠᠨ ᠤ ᠤᠲᠤᠷᠢᠳᠬᠤ ᠪᠠᠭ ᠨᠢ ᠲᠤᠬᠠᠢ ᠶᠢᠨ ᠭᠠᠵᠠᠷ ᠤᠨ ᠠᠵᠤ ᠠᠬᠤᠢ ᠶᠢᠨ ᠬᠦᠭᠵᠢᠯᠲᠡ᠂ ᠠᠷᠠᠳ ᠤᠨ ᠠᠮᠢᠲᠤᠷᠠᠯ ᠤᠨ ᠰᠠᠶᠢᠵᠢᠷᠠᠯᠲᠠ | ᠶᠢ ᠨᠦᠯᠦᠭᠡᠯᠡᠵᠦ ᠪᠠᠶᠢᠬᠤ ᠵᠠᠮ ᠬᠠᠷᠢᠯᠴᠠᠭ᠎ᠠ ᠲᠦᠬᠦᠮ ᠦᠭᠡᠢ ᠠᠰᠠᠭᠤᠲᠠᠯ ᠢ ᠰᠢᠢᠳᠪᠦᠷᠢᠯᠠᠬᠦ ᠶᠢᠨ ᠲᠤᠰᠠᠲᠠ᠂ ᠭᠡᠲᠦ ᠤᠲᠠᠭᠠᠨ ᠤ ᠶᠠᠷᠢᠯᠴᠡᠨ ᠰᠤᠲᠤᠯᠬᠤ ᠬᠤᠷᠠᠯ | ᠢ ᠬᠢᠵᠦ᠂ ᠬᠠᠩᠭᠠᠢ ᠨᠤᠲᠤᠭ ᠤᠨ 1500 ᠭᠠᠷᠤᠢ ᠮᠠᠯᠴᠢᠨ ᠲᠦᠮᠡᠨ ᠵᠠᠮ ᠲᠠᠢ ᠪᠤᠯᠬᠤ ᠬᠦᠰᠡᠯ ᠵᠡᠬᠦᠲᠦ ᠶᠢ ᠲᠡᠷᠭᠡᠯᠰᠢᠬᠦᠯᠬᠦ ᠪᠠᠷ ᠬᠤᠰᠢᠭᠤᠨ ᠤ ᠵᠠᠮ | ᠬᠠᠷᠢᠯᠴᠠᠭᠠᠨ ᠤ ᠲᠤᠪᠴᠢᠶ᠎ᠡ᠂ ᠵᠠᠰᠠᠮᠠᠯ ᠵᠠᠮ ᠤᠨ ᠰᠠᠯᠪᠤᠷᠢ ᠳᠤ ᠬᠦᠷᠴᠦ ᠪᠠᠶᠢᠲᠠᠯ ᠤᠨ ᠬᠠᠷᠢᠭᠤ ᠮᠡᠲᠡᠬᠦᠯᠦᠯᠲᠡ ᠬᠢᠵᠦ ᠲᠡᠲᠡᠨ ᠤ ᠲᠡᠮᠵᠢᠯᠭᠡ ᠶᠢ ᠬᠦᠰᠡᠯᠠ᠃ | —— ᠬᠤᠯᠤᠰᠤᠲᠠᠢ ᠰᠤᠮᠤᠨ ᠤ ᠬᠠᠩᠭᠠᠢ ᠨᠤᠲᠤᠭ ᠭᠡᠲᠡᠭ ᠨᠢ ᠤᠤᠯ ᠤᠨ ᠬᠠᠩᠭᠠᠶᠢᠭᠤᠪᠢ ᠰᠤᠮᠤ ᠶᠢᠨ ᠨᠤᠲᠤᠭ ᠲᠡᠪᠢᠰᠭᠡᠷ ᠢ ᠵᠢᠭᠠᠵᠤ᠂ ᠶᠡᠷᠦᠩᠭᠡᠢ | ᠲᠠᠯᠠᠪᠠᠢ ᠨᠢ 156 ᠲᠦᠮᠡᠨ ᠮᠤ᠋᠂ 580 ᠡᠷᠦᠭᠡ ᠮᠠᠯᠴᠢᠳ ᠠᠲᠡ ᠠᠵᠤ ᠲᠦᠷᠦᠨ ᠠᠮᠢᠲᠤᠷᠠᠵᠤ ᠪᠠᠶᠢᠲᠠᠭ᠃ ᠲᠤᠰ ᠭᠠᠵᠠᠷ ᠤᠷᠤᠨ ᠨᠢ ᠵᠡᠬᠦᠨ ᠲᠠᠯ᠎ᠠ ᠪᠠᠷ ᠢᠶᠠᠨ | ᠤᠩᠭᠤᠨ ᠪᠠᠯᠭᠠᠰᠤ ᠲᠠᠢ ᠬᠦᠷᠰᠢᠯᠠᠵᠤ᠂ ᠡᠮᠦᠨ᠎ᠡ ᠲᠠᠯ᠎ᠠ ᠪᠠᠷ ᠬᠤᠶᠠᠷ ᠪᠤᠭᠲᠠ ᠶᠢᠨ ᠠᠭᠤᠯᠠ ᠪᠠᠷ ᠬᠦᠷᠢᠶᠠᠯᠡᠭᠲᠡᠨ᠂ ᠪᠠᠷᠠᠭᠤᠨ ᠲᠠᠯ᠎ᠠ ᠪᠠᠷ ᠤᠷᠠᠳ ᠤᠨ ᠬᠤᠶᠢᠲᠤ | ᠬᠤᠰᠢᠭᠤ ᠲᠠᠢ ᠵᠬᠠᠯᠠᠨ᠂ ᠤᠮᠠᠷᠠᠰᠢ ᠴᠤᠩᠵᠢ ᠪᠠᠯᠭᠠᠰᠤ ᠲᠠᠢ ᠬᠠᠶᠠᠭ᠎ᠠ ᠨᠡᠶᠢᠯᠡᠵᠦ ᠪᠠᠶᠢᠲᠠᠭ᠃ ᠠᠲᠡᠬᠢ ᠮᠠᠯᠴᠢᠳ ᠲᠤᠰ ᠭᠠᠵᠠᠷ ᠤᠷᠤᠨ ᠠᠴᠠ ᠭᠠᠲᠠᠭᠰᠢ ᠭᠠᠷᠬᠤ | ᠳᠤ ᠤᠩᠭᠤᠨ ᠪᠠᠯᠭᠠᠰᠤ ᠪᠠᠷ ᠲᠡᠮᠵᠢᠨ ᠬᠤᠰᠢᠭᠤᠨ ᠲᠦᠪ ᠬᠦᠷᠬᠦ ᠪᠤᠶᠤ ᠬᠤᠶᠠᠷ ᠪᠤᠭᠲᠠ ᠶᠢᠨ ᠠᠮᠠ ᠪᠠᠷ ᠭᠠᠷᠬᠤ ᠬᠤᠶᠠᠷᠬᠠᠨ ᠵᠠᠮ ᠲᠠᠢ ᠪᠠᠶᠢᠵᠤ᠂ ᠬᠤᠶᠠᠷ | ᠪᠤᠭᠲᠠ ᠶᠢᠨ ᠠᠮᠠ ᠶᠢ ᠳᠤᠬᠠᠢ ᠶᠢᠨ ᠭᠠᠵᠠᠷ ᠤᠨ ᠮᠠᠯᠴᠢᠳ《 ᠠᠮᠢᠨ ᠰᠤᠲᠠᠰᠤ 》ᠭᠡᠲᠡᠭ ᠪᠠᠶᠢᠨ᠎ᠠ᠃ ᠲᠤᠰ《 ᠠᠮᠢᠨ ᠰᠤᠲᠠᠰᠤ 》 ᠨᠢ ᠪᠡᠷᠭᠡ ᠪᠠᠷᠲᠠᠭ᠎ᠠ | ᠶᠡᠭᠡᠲᠡᠢ᠂ ᠭᠤᠤ ᠵᠢᠯᠠᠭ᠎ᠠ ᠤᠯᠠᠨᠲᠡᠢ᠂ ᠤᠯᠠᠩᠬᠢ ᠭᠡᠰᠡᠭ ᠵᠠᠮ ᠨᠢ ᠦᠶᠡᠷ ᠤᠨ ᠵᠠᠮ ᠢ ᠠᠰᠢᠭᠯᠠᠭᠰᠠᠨ ᠪᠠᠶᠢᠬᠤ ᠳᠤ᠂ ᠤᠩᠭᠤᠨ ᠵᠠᠮ ᠤᠨ ᠠᠮᠠ ᠨᠢ ᠡᠯᠡᠰᠤ ᠶᠡᠭᠡᠲᠡᠢ | ᠡᠩᠬᠦᠯ ᠲᠤᠩᠬᠤᠯ ᠠᠷᠪᠢᠨ ᠪᠠᠶᠢᠲᠠᠭ ᠠᠴᠠ ᠪᠤᠷᠤᠭᠠᠨ ᠤ ᠤᠯᠠᠷᠢᠯ ᠪᠤᠶᠤ ᠡᠪᠤᠯ ᠤᠨ ᠤᠯᠠᠷᠢᠯ ᠴᠠᠰᠤ ᠤᠷᠤᠭᠰᠠᠭᠠᠷ ᠯᠠ ᠵᠠᠮ ᠬᠠᠮᠢᠭ᠎ᠠ ᠪᠠᠶᠢᠬᠤ ᠶᠢ ᠭᠠᠲᠠᠨᠠᠬᠢ ᠶᠢᠨ | ᠬᠦᠮᠦᠨ ᠢ ᠪᠤᠤ ᠭᠡᠯᠡ᠂ ᠲᠤᠬᠠᠢ ᠶᠢᠨ ᠭᠠᠵᠠᠷ ᠤᠨ ᠮᠠᠯᠴᠢᠳ ᠤᠯᠬᠤ ᠳᠤ ᠴᠦ ᠬᠦᠴᠢᠷ ᠪᠠᠶᠢᠲᠠᠭ ᠰᠢᠤ ᠭᠡᠵᠤ ᠰᠤᠮᠤᠨ ᠤ ᠨᠠᠮ ᠤᠨ ᠬᠤᠷᠢᠶᠠᠨ ᠤ ᠱᠦᠵᠢ ᠭᠡᠷᠡᠯᠲᠦ | ᠭᠡᠯᠡᠯ᠎ᠠ᠃ | —— ᠬᠠᠩᠭᠠᠢ ᠨᠤᠲᠤᠭ ᠤᠨ ᠮᠠᠯᠴᠢᠳ ᠡᠶᠢᠮᠦᠷᠬᠦᠦ ᠵᠠᠮ ᠲᠠᠢ ᠨᠤᠲᠤᠭ ᠲᠤ ᠦᠶ᠎ᠡ ᠶᠢᠨ ᠦᠶ᠎ᠡ ᠰᠠᠭᠤᠷᠢᠰᠢᠨ ᠠᠮᠢᠲᠤᠷᠠᠭᠰᠠᠭᠠᠷ ᠢᠷᠡᠭᠰᠡᠨ ᠪᠢᠯᠡ᠃ | ᠬᠤᠷ᠎ᠠ ᠪᠤᠷᠤᠭᠠᠨ ᠤ ᠬᠤᠮᠰᠠᠳᠠᠯ ᠢ ᠲᠠᠭᠠᠯᠲᠤᠨ ᠭᠠᠩ ᠬᠠᠭᠰᠠᠷᠠᠭᠠᠨ ᠦᠷᠬᠦᠯᠵᠢᠯᠡᠵᠦ᠂ ᠵᠢᠯ ᠪᠦᠷᠢ ᠮᠠᠯᠴᠢᠳ ᠡᠪᠡᠰᠤ ᠪᠤᠷᠲᠤᠭ᠎ᠠ ᠬᠤᠲᠠᠯᠲᠤᠨ ᠠᠪᠬᠤ ᠳᠤ | ᠵᠠᠷᠤᠴᠠᠭᠤᠯᠬᠤ ᠲᠡᠭᠡᠭᠡᠪᠦᠷᠢ ᠶᠢᠨ ᠦᠨ᠎ᠡ ᠨᠢ ᠮᠠᠯᠴᠢᠨ ᠲᠦᠮᠡᠨ ᠳᠤ ᠶᠡᠭᠡᠭᠡᠨ ᠲᠠᠷᠤᠭᠠᠰᠤ ᠪᠤᠯᠵᠤ᠂ ᠠᠮᠢᠲᠤᠷᠠᠯ ᠤᠨ ᠰᠠᠶᠢᠵᠢᠷᠠᠯᠲᠠ ᠰᠠᠨᠠᠭᠰᠠᠨ ᠠᠴᠠ ᠭᠠᠲᠠᠭᠤᠷ | ᠤᠲᠠᠭᠠᠨ ᠪᠤᠯᠤᠭᠰᠠᠨ ᠪᠠᠶᠢᠨ᠎ᠠ᠃ ᠤᠨᠴᠠᠭᠠᠶᠢᠯᠠᠨ ᠴᠠᠭᠠᠨ ᠵᠤᠳ ᠪᠤᠯᠤᠭᠰᠠᠨ ᠤ ᠲᠠᠷᠠᠭ᠎ᠠ᠂ ᠪᠦᠬᠦ ᠬᠠᠩᠭᠠᠢ ᠨᠤᠲᠤᠭ ᠨᠡᠯᠦᠭᠡᠷ ᠶᠡᠭᠡ ᠴᠠᠰᠤᠨ ᠳᠤ ᠲᠠᠷᠤᠭᠲᠠᠵᠤ᠂ | ᠲᠤᠰᠠᠯᠠᠨ ᠠᠪᠤᠷᠠᠬᠤ ᠲᠡᠷᠭᠡ ᠤᠨᠤᠭ᠎ᠠ ᠬᠢᠭᠡᠳ ᠬᠦᠮᠦᠨ ᠤᠷᠤᠵᠤ ᠲᠡᠶᠢᠯᠬᠦ ᠦᠭᠡᠢ ᠮᠦᠷᠲᠡᠭᠡᠨ ᠭᠠᠮᠰᠢᠭᠲᠠᠭᠰᠠᠨ ᠤᠷᠤᠨ ᠤ ᠤᠯᠠᠨ ᠲᠦᠮᠡᠨ ᠪᠠ ᠮᠠᠯ ᠰᠦᠷᠦᠭ ᠴᠦ | ᠭᠠᠷᠴᠤ ᠢᠷᠡᠵᠦ ᠲᠡᠶᠢᠯᠬᠦ ᠦᠭᠡᠢ ᠠᠴᠠ《 ᠲᠤᠰᠠᠭᠠᠷᠯᠠᠭᠰᠠᠨ ᠶᠢᠷᠲᠢᠨᠴᠦ 》ᠪᠤᠯᠵᠤ᠂ ᠬᠦᠮᠦᠨ ᠮᠠᠯ ᠤᠨ ᠠᠮᠢ ᠨᠠᠰᠤ᠂ ᠡᠳ᠋ ᠬᠦᠷᠦᠩᠭᠡ ᠶᠢᠨ ᠠᠮᠤᠷ ᠲᠦᠪᠰᠢᠨ | ᠳᠤ ᠲᠤᠩ ᠶᠡᠭᠡ ᠰᠦᠷᠲᠡᠬᠦᠯᠦᠯ ᠪᠤᠯᠤᠭᠰᠠᠨ ᠪᠠᠶᠢᠨ᠎ᠠ᠃ ᠲᠡᠷᠭᠡ ᠤᠨᠤᠭ᠎ᠠ ᠨᠡᠪᠲᠡᠷᠡᠵᠦ ᠪᠤᠯᠬᠤ ᠵᠠᠮ ᠲᠠᠢ ᠪᠤᠯᠬᠤ ᠨᠢ ᠬᠠᠩᠭᠠᠢ ᠨᠤᠲᠤᠭ ᠤᠨ ᠮᠠᠯᠴᠢᠨ ᠲᠦᠮᠡᠨ ᠤ | ᠮᠠᠨᠢ ᠬᠦᠰᠡᠯ ᠪᠤᠯᠤᠭᠰᠠᠨ ᠪᠠᠶᠢᠨ᠎ᠠ᠃ ᠸᠴᠢᠷ ᠲᠠᠷᠤᠭ᠎ᠠ ᠠᠷᠭ᠎ᠠ ᠪᠤᠲᠤᠵᠤ ᠦᠭᠬᠦ ᠤᠤ︖ ᠠᠲᠡᠬᠢ ᠮᠠᠯᠴᠢᠳ ᠵᠠᠮ ᠦᠭᠡᠢ ᠦᠨᠡᠨ ᠬᠦᠴᠢᠷ᠂ ᠲᠤᠩ ᠭᠦᠭᠡᠷᠦᠬᠦᠢ | ᠭᠡᠵᠤ ᠰᠤᠮᠤᠨ ᠲᠠᠷᠤᠭ᠎ᠠ ᠮᠠᠯᠴᠢᠨᠬᠦᠦ ᠨᠦᠬᠦᠪᠦᠷᠢᠯᠡᠨ ᠶᠠᠷᠢᠯ᠎ᠠ᠃ | —— ᠬᠤᠶᠠᠷ ᠲᠠᠷᠤᠭ᠎ᠠ ᠶᠢᠨ ᠶᠠᠷᠢᠶᠠᠨ ᠠᠴᠠ ᠵᠠᠮ ᠦᠭᠡᠢ ᠮᠠᠯᠴᠢᠳ ᠤᠨ ᠬᠦᠴᠢᠷᠲᠡᠯ ᠢ ᠤᠶᠢᠯᠠᠭᠠᠨ ᠮᠠᠲᠠᠯᠠ᠃ ᠮᠠᠯᠴᠢᠨ ᠲᠦᠮᠡᠨ ᠤ ᠬᠦᠰᠡᠯ | ᠡᠷᠡᠮᠡᠯᠵᠡᠯ ᠢ ᠴᠦ ᠮᠡᠲᠡᠵᠦ ᠪᠠᠶᠢᠨ᠎ᠠ᠃ ᠲᠤᠰ ᠭᠡᠰᠡᠭ ᠵᠠᠮ ᠢ ᠵᠢᠯ ᠤᠨ ᠡᠬᠢᠨ ᠤ ᠵᠠᠮ ᠵᠠᠰᠠᠬᠤ ᠲᠦᠰᠦᠯ ᠳᠤ ᠤᠷᠤᠭᠤᠯᠤᠭᠰᠠᠨ ᠦᠭᠡᠢ᠂ ᠲᠤᠰᠬᠠᠢ | ᠲᠤᠬᠢᠷᠠᠭᠤᠯᠤᠭᠰᠠᠨ ᠪᠡᠯᠡ ᠮᠦᠩᠬᠦ ᠦᠭᠡᠢ ᠪᠤᠶᠤ ᠪᠡᠯᠡᠳᠭᠡᠯ ᠪᠡᠯᠡ ᠮᠦᠩᠬᠦ ᠴᠦ ᠪᠠᠶᠢᠬᠤ ᠦᠭᠡᠢ᠂ ᠭᠡᠪᠡᠴᠦ ᠪᠢᠲᠡ ᠬᠠᠮᠲᠤ ᠪᠠᠷ ᠢᠶᠠᠨ ᠴᠢᠷᠮᠠᠶᠢᠵᠤ ᠪᠠᠶᠢᠭᠠᠳ ᠡᠨᠡ | ᠡᠪᠤᠯ ᠮᠠᠯᠴᠢᠳ ᠡᠪᠡᠰᠤ ᠪᠤᠷᠲᠤᠭ᠎ᠠ ᠲᠡᠭᠡᠭᠡᠬᠦ ᠠᠴᠠ ᠡᠮᠦᠨ᠎ᠡ ᠡᠨᠡ ᠵᠠᠮ ᠢ ᠨᠡᠪᠲᠡᠷᠡᠬᠦᠯᠬᠦ ᠠᠷᠭ᠎ᠠ ᠬᠢᠶ᠎ᠡ ᠭᠡᠵᠤ ᠪᠠᠶᠢᠲᠠᠯ ᠢ ᠤᠶᠢᠯᠠᠭᠠᠭᠰᠠᠨ ᠬᠤᠰᠢᠭᠤᠨ ᠤ ᠵᠠᠰᠠᠮᠠᠯ | ᠵᠠᠮ ᠤᠨ ᠰᠠᠯᠪᠤᠷᠢ ᠶᠢᠨ ᠲᠠᠷᠤᠭ᠎ᠠ ᠤᠳᠬᠤᠨ᠋ᠧᠴᠢᠷ ᠢᠩᠬᠢᠵᠦ ᠭᠡᠯᠡᠬᠦ ᠶᠢ ᠰᠤᠨᠤᠰᠤᠭᠰᠠᠨ ᠬᠤᠶᠠᠷ ᠲᠠᠷᠤᠭ᠎ᠠ ᠶᠢᠨ ᠰᠡᠳᠬᠢᠯ ᠳᠤ ᠡᠬᠦᠯᠡ ᠰᠠᠷᠨᠢᠵᠦ ᠨᠠᠷᠠ ᠭᠠᠷᠬᠤ | ᠰᠢᠭ᠋ ᠪᠤᠯᠵᠠᠢ᠃ | ᠲᠠᠯ᠎ᠠ ᠲᠠᠯ᠎ᠠ ᠠᠴᠠ ᠪᠠᠨ ᠠᠷᠭ᠎ᠠ ᠪᠦᠬᠦᠨ ᠢ ᠰᠦᠪᠡᠭᠴᠢᠯᠡᠨ ᠲᠤᠬᠠᠢ ᠶᠢᠨ ᠭᠠᠵᠠᠷ ᠤᠨ ᠮᠠᠯᠴᠢᠳ ᠤᠨ《 ᠠᠮᠢᠨ ᠰᠤᠲᠠᠰᠤ 》 ᠪᠤᠯᠤᠭᠰᠠᠨ ᠡᠨᠡ ᠵᠠᠮ ᠢ | ᠵᠠᠰᠠᠵᠤ ᠡᠬᠢᠯᠡᠭᠰᠡᠨ ᠪᠠᠶᠢᠨ᠎ᠠ᠃ ᠵᠠᠰᠠᠮᠠᠯ ᠵᠠᠮ ᠤᠨ ᠰᠠᠯᠪᠤᠷᠢ ᠨᠢ ᠲᠡᠭᠡᠲᠦ ᠱᠠᠲᠤᠨ ᠠᠴᠠ ᠲᠡᠮᠵᠢᠯᠭᠡ ᠤᠯᠬᠤ᠂ ᠭᠠᠵᠠᠷ ᠤᠷᠤᠨ ᠤ ᠡᠳ᠋ ᠤᠨ ᠵᠠᠰᠠᠭ ᠠᠴᠠ ᠲᠡᠮᠵᠢᠬᠦ᠂ | ᠵᠠᠮ ᠬᠠᠷᠢᠯᠴᠠᠭᠠᠨ ᠤ ᠰᠠᠯᠠᠭ᠎ᠠ ᠮᠦᠴᠢᠷ ᠠᠴᠠ ᠲᠡᠮᠵᠢᠬᠦ᠂ ᠵᠠᠮ ᠵᠠᠰᠠᠭ᠎ᠠ ᠠᠵᠤ ᠠᠬᠤᠶᠢᠯᠠᠯ ᠠᠴᠠ ᠪᠠᠭ᠎ᠠ ᠭᠡᠰᠡᠭ ᠢ ᠲᠦᠷ ᠤᠷᠤᠯᠠᠨ ᠲᠦᠯᠦᠬᠦ ᠵᠡᠷᠭᠡ ᠲᠠᠯ᠎ᠠ ᠲᠠᠯ᠎ᠠ | ᠶᠢᠨ ᠲᠡᠮᠵᠢᠯᠭᠡ ᠲᠤᠰᠠᠯᠠᠮᠵᠢ ᠪᠠᠷ 1340 ᠲᠦᠮᠡᠨ ᠲᠦᠬᠦᠷᠢᠭ ᠤᠨ ᠪᠠᠯᠠ ᠬᠤᠷᠠᠮᠲᠤᠭᠤᠯᠤᠨ᠂ ᠪᠡᠯᠡ ᠮᠦᠩᠬᠦ ᠪᠠᠶᠢᠬᠤ ᠦᠭᠡᠢ ᠠᠰᠠᠭᠤᠲᠠᠯ ᠢ ᠰᠢᠢᠳᠪᠦᠷᠢᠯᠡᠭᠰᠡᠨ | ᠪᠠᠶᠢᠨ᠎ᠠ᠃ ᠵᠠᠰᠠᠮᠠᠯ ᠵᠠᠮ ᠤᠨ ᠰᠠᠯᠪᠤᠷᠢ ᠶᠢᠨ ᠠᠵᠢᠯᠴᠢᠨ ᠠᠵᠢᠯᠲᠠᠨ ᠠᠭᠤᠯᠠᠨ ᠭᠠᠵᠠᠷ ᠵᠠᠮ ᠵᠠᠰᠠᠭᠰᠠᠨ ᠲᠤᠷᠰᠢᠯᠭ᠎ᠠ ᠦᠭᠡᠢ᠂ ᠭᠠᠵᠠᠷ ᠤᠨ ᠪᠠᠶᠢᠴᠡ ᠶᠢ ᠬᠦᠢᠴᠡᠳ | ᠬᠠᠶᠢᠨ ᠰᠢᠨᠵᠢᠬᠦ ᠴᠠᠭ ᠬᠤᠮᠰᠠ ᠪᠠᠶᠢᠲᠡᠯ ᠳᠤ᠂ ᠨᠢᠭᠡ ᠲᠠᠯ᠎ᠠ ᠪᠠᠷ ᠵᠠᠰᠠᠨ ᠨᠢᠭᠡ ᠲᠠᠯ᠎ᠠ ᠪᠠᠷ ᠰᠤᠲᠤᠯᠤᠯᠲᠠ ᠬᠢᠵᠦ᠂ ᠠᠯᠢᠪᠠ ᠬᠦᠴᠢᠷ ᠪᠡᠷᠭᠡᠰᠢᠶᠡᠯ ᠢ ᠨᠢᠭᠡᠳ ᠨᠢᠭᠡ | ᠪᠠᠷ ᠢᠯᠠᠨ ᠲᠠᠪᠠᠯ᠎ᠠ᠃ ᠬᠦᠴᠢᠷ ᠪᠡᠷᠭᠡ ᠤᠷᠴᠢᠨ ᠲᠤᠭᠤᠷᠢᠨ ᠳᠤ ᠴᠢᠷᠮᠠᠶᠢᠨ ᠠᠵᠢᠯᠯᠠᠵᠤ ᠪᠠᠶᠢᠭ᠎ᠠ ᠵᠠᠮ ᠵᠠᠰᠠᠭᠰᠠᠳ ᠢ ᠬᠠᠷᠠᠭᠰᠠᠨ ᠤᠶᠢᠷ᠎ᠠ ᠬᠠᠪᠢ ᠶᠢᠨ ᠮᠠᠯᠴᠢᠳ | ᠰᠠᠶᠢᠨ ᠲᠤᠷ᠎ᠠ ᠠᠴᠠ ᠪᠠᠨ ᠬᠢᠵᠦ ᠪᠤᠯᠬᠤ ᠠᠵᠢᠯ ᠢ ᠨᠢ ᠬᠠᠮᠵᠢᠯᠴᠠᠨ᠂ ᠲᠠᠲᠠᠭᠰᠠᠨ ᠲᠤᠤᠷ ᠢᠶᠠᠨ ᠦᠪᠡᠷᠲᠡᠭᠡᠨ ᠲᠠᠰᠤᠯᠤᠨ ᠵᠠᠮ ᠲᠠᠯᠪᠢᠨ ᠦᠭᠴᠦ᠂ ᠬᠠᠶᠢᠷ ᠴᠢᠯᠠᠭᠤ | ᠪᠠᠨ ᠦᠨ᠎ᠡ ᠲᠦᠯᠦᠪᠦᠷᠢ ᠦᠭᠡᠢ ᠦᠭᠬᠦᠭᠰᠡᠨ ᠪᠠ ᠤᠯᠠᠨ ᠲᠦᠮᠡᠨ ᠪᠡᠯᠴᠢᠭᠡᠷ ᠲᠡᠭᠡᠷ᠎ᠡ ᠨᠢ ᠵᠠᠮ ᠵᠠᠰᠠᠬᠤ ᠶᠢ ᠵᠦᠪᠰᠢᠶᠡᠷᠡᠨ ᠲᠡᠮᠵᠢᠭᠰᠡᠨ ᠠᠴᠠ ᠵᠠᠮ ᠵᠠᠰᠠᠬᠤ | ᠬᠤᠷᠲᠤᠴᠠ ᠢᠯᠡᠳᠲᠡ ᠪᠤᠯᠵᠠᠢ᠃ | ᠭᠤᠷᠪᠠᠨ ᠰᠠᠷ᠎ᠠ ᠭᠠᠷᠤᠢ ᠶᠢᠨ ᠪᠠᠴᠢᠮ ᠶᠠᠭᠠᠷᠠᠯᠲᠡᠢ ᠠᠵᠢᠯᠯᠠᠬᠤ ᠪᠠᠷ ᠲᠡᠮᠵᠢᠨ ᠤᠩᠭᠤᠨ ᠪᠠᠯᠭᠠᠰᠤ ᠠᠴᠠ ᠬᠤᠶᠠᠷ ᠪᠤᠭᠲᠠ ᠶᠢᠨ ᠠᠮᠠ ᠬᠦᠷᠬᠦ 90.56 | ᠺᠢᠯᠦᠮᠧᠲᠷ ᠤᠷᠲᠦ᠂ 15 ᠮᠧᠲᠷ ᠦᠷᠭᠡᠨ ᠂ ᠲᠤᠰᠤᠨ ᠵᠠᠮ ᠲᠡᠪᠢᠰᠬᠦ ᠰᠠᠭᠤᠷᠢ ᠲᠠᠢ ᠬᠠᠶᠢᠷ ᠴᠢᠯᠠᠭᠤᠨ ᠵᠠᠮ ᠠᠰᠢᠭᠯᠠᠯᠲᠠ ᠳᠤ ᠤᠷᠤᠯ᠎ᠠ᠃ ᠲᠡᠩᠨᠡᠬᠦᠯ ᠤᠨ | ᠭᠤᠤᠯ᠂ ᠤᠤᠯ ᠰᠤᠮᠤᠨ ᠤ ᠵᠡᠬᠦᠨ ᠲᠡᠯ᠎ᠠ ᠶᠢᠨ ᠦᠷᠭᠡᠨ ᠰᠠᠶᠢᠷ ᠵᠡᠷᠭᠡ ᠦᠶᠡᠷ ᠤᠨ ᠵᠠᠮ ᠢ ᠪᠦᠬᠦᠨ ᠢᠶᠠᠷ ᠨᠢ ᠴᠢᠯᠠᠭᠤ ᠪᠠᠷ ᠲᠡᠪᠢᠰᠦᠨ ᠱᠦᠢᠨᠢ ᠪᠠᠷ ᠦᠩᠭᠡᠯᠡᠭᠰᠡᠨ | ᠠᠴᠠ ᠦᠶᠡᠷ ᠤᠨ ᠤᠰᠤ ᠶᠢ ᠠᠶᠤᠬᠤ ᠪᠠᠨ ᠪᠤᠯᠢᠵᠠᠢ᠃ ᠭᠡᠰᠡᠭ ᠮᠠᠯᠴᠢᠳ《 ᠬᠠᠩᠭᠠᠢ ᠨᠤᠲᠤᠭ ᠤᠨ ᠮᠠᠯᠴᠢᠳ ᠲᠤ ᠲᠡᠪᠢᠰᠦᠭᠰᠡᠨ ᠪᠠᠶᠠᠵᠢᠯ ᠤᠨ ᠵᠠᠮ 》ᠭᠡᠵᠤ | ᠭᠡᠯᠡᠬᠦ ᠳᠤ᠂ ᠨᠡᠩ ᠴᠦ ᠵᠠᠷᠢᠮ ᠮᠠᠯᠴᠢᠳ《 ᠬᠠᠩᠭᠠᠢ ᠨᠤᠲᠤᠭ ᠲᠤ ᠨᠡᠪᠲᠡᠷᠡᠭᠰᠡᠨ ᠠᠮᠢ ᠨᠠᠰᠤᠨ ᠤ ᠱᠤᠭᠤᠮ ᠮᠦᠨ 》ᠭᠡᠵᠤ ᠭᠡᠯᠡᠵᠦ ᠪᠠᠶᠢᠯ᠎ᠠ᠃ | —— ᠤᠲᠤ ᠡᠨᠡ ᠵᠠᠮ ᠭᠤᠶᠤ ᠪᠤᠯᠤᠭᠰᠠᠨ᠂ ᠭᠤᠷᠪᠠᠨ ᠴᠠᠭ ᠶᠠᠪᠤᠲᠠᠭ ᠵᠠᠮ ᠤᠲᠤ ᠴᠠᠭ ᠬᠠᠭᠠᠰ ᠶᠠᠪᠤᠪᠠᠯ ᠪᠤᠯᠴᠢᠬᠠᠨ᠎ᠠ᠃ ᠡᠪᠡᠰᠤ ᠪᠤᠷᠲᠤᠭ᠎ᠠ | ᠲᠡᠭᠡᠭᠡᠬᠦ ᠴᠦ ᠲᠡᠷᠡ᠂ ᠬᠤᠰᠢᠭᠤ ᠤᠷᠤᠬᠤ ᠳᠤ ᠴᠦ ᠲᠠᠷᠡ ᠲᠤᠩ ᠲᠦᠬᠦᠮ ᠪᠤᠯᠤᠭᠰᠠᠨ ᠰᠢᠤ ᠭᠡᠵᠤ ᠪᠤᠶᠠᠨᠲᠤ ᠲᠤᠭᠲᠤᠯᠤᠭᠰᠠᠨ ᠰᠡᠳᠬᠢᠯᠭᠡ ᠪᠠᠨ ᠲᠠᠷᠤᠵᠤ | ᠶᠠᠲᠠᠮᠠ ᠭᠡᠯᠡᠯ᠎ᠠ᠃ | —— ᠮᠠᠨ ᠤ ᠭᠠᠴᠠᠭᠠᠨ ᠳᠤ 205 ᠡᠷᠦᠭᠡ ᠲᠠᠢ᠂ ᠵᠠᠮ ᠰᠠᠶᠢᠨ ᠪᠤᠯᠤᠭᠰᠠᠨ ᠠᠴᠠ ᠮᠠᠯᠴᠢᠳ ᠲᠤ ᠶᠡᠭᠡ ᠲᠦᠬᠦᠮ ᠦᠵᠡᠬᠦᠯᠵᠡᠢ᠃ ᠤᠲᠤ ᠮᠠᠨ ᠤ | ᠭᠠᠴᠠᠭᠠᠨ ᠤ 97% ᠠᠴᠠ ᠲᠡᠭᠡᠭᠰᠢ ᠠᠶᠢᠯ ᠪᠦᠷ ᠪᠠᠭ᠎ᠠ ᠮᠠᠰᠢᠨ ᠲᠠᠢ ᠪᠤᠯᠤᠭᠰᠠᠨ ᠰᠢᠤ᠂ ᠵᠠᠮ ᠲᠠᠢ ᠯᠠ ᠪᠤᠯ ᠪᠠᠶᠠᠵᠢᠨ᠎ᠠ ᠭᠡᠵᠤ ᠡᠨᠡᠬᠦᠭᠡᠨ ᠳᠤ ᠪᠠᠶᠢᠬ᠎ᠠ ᠤᠴᠢᠷ | ᠭᠡᠵᠤ ᠬᠤᠯᠤᠰᠤᠲᠠᠢ ᠭᠠᠴᠠᠭᠠᠨ ᠤ ᠱᠦᠵᠢ ᠭᠡᠰᠢᠭᠲᠦ ᠶᠠᠷᠢᠵᠦ ᠪᠠᠶᠢᠭᠰᠠᠨ ᠨᠢ ᠤᠨᠤᠭᠠᠵᠤ ᠭᠡᠯᠡᠭᠰᠡᠨ ᠦᠭᠡ ᠪᠠᠶᠢᠵᠠᠢ᠃ | ᠪᠦᠬᠦ ᠤᠯᠤᠰ ᠢᠶᠠᠷ ᠢᠶᠠᠨ《 ᠲᠤᠮᠲᠠᠲᠤ ᠶᠢᠨ ᠵᠡᠬᠦᠲᠦ》 ᠢᠶᠠᠨ ᠪᠡᠶᠡᠯᠡᠬᠦᠯᠬᠦ ᠭᠡᠵᠤ ᠴᠢᠷᠮᠠᠶᠢᠵᠤ ᠪᠠᠶᠢᠭ᠎ᠠ ᠴᠠᠭ ᠲᠤ᠂ ᠤᠷᠠᠳ ᠤᠨ ᠲᠤᠮᠲᠠᠲᠤ ᠬᠤᠰᠢᠭᠤᠨ | ᠤ ᠬᠤᠯᠤᠰᠤᠲᠠᠢ ᠰᠤᠮᠤᠨ ᠤ ᠬᠠᠩᠭᠠᠢ ᠨᠤᠲᠤᠭ ᠲᠤ ᠬᠡᠴᠢᠨᠡᠨ ᠦᠶ᠎ᠡ ᠶᠢᠨ ᠮᠠᠯᠴᠢᠳ ᠤᠨ《 ᠬᠠᠩᠭᠠᠢ ᠨᠤᠲᠤᠭ ᠤᠨ ᠵᠡᠬᠦᠲᠦ 》 ᠨᠢ ᠦᠨᠡᠨ ᠪᠤᠯᠤᠨ ᠲᠡᠷᠭᠡᠯᠰᠢᠬᠦ | ᠳᠤ᠂ ᠮᠠᠯᠴᠢᠳ ᠤᠨ ᠴᠢᠷᠠᠢ ᠳᠤ ᠪᠠᠶᠠᠰᠤᠯ ᠤᠨ ᠢᠨᠢᠶᠡᠲᠦ ᠲᠤᠲᠤᠷᠠᠨ᠂ ᠬᠠᠩᠭᠠᠢ ᠨᠤᠲᠤᠭ ᠤᠨ ᠮᠠᠯᠴᠢᠳ ᠤᠨ ᠪᠠᠶᠠᠵᠢᠨ ᠴᠢᠨᠡᠭᠡᠯᠢᠭᠵᠢᠬᠦ ᠢᠲᠡᠪᠬᠢᠵᠢᠯ ᠢ | ᠲᠠᠶᠢᠴᠢᠯᠠᠭᠰᠠᠨ ᠪᠠᠶᠢᠨ᠎ᠠ᠃ ᠲᠤᠰ ᠵᠠᠮ ᠤᠨ ᠨᠡᠪᠲᠡᠷᠡᠭᠰᠡᠨ ᠨᠢ ᠲᠤᠬᠠᠢ ᠶᠢᠨ ᠭᠠᠵᠠᠷ ᠤᠨ ᠮᠠᠯᠴᠢᠨ ᠲᠦᠮᠡᠨ ᠤ ᠦᠢᠯᠡᠳᠪᠦᠷᠢᠯᠡᠯ ᠠᠮᠢᠲᠤᠷᠠᠯ ᠳᠤ ᠲᠤᠩ ᠤᠯᠠᠨ | ᠲᠦᠬᠦᠮ ᠨᠦᠬᠦᠴᠡᠯ ᠬᠠᠩᠭᠠᠭᠰᠠᠨ ᠢᠶᠠᠷ ᠪᠠᠷᠠᠬᠤ ᠦᠭᠡᠢ᠂ ᠬᠠᠩᠭᠠᠢ ᠨᠤᠲᠤᠭ ᠤᠨ ᠮᠠᠷᠭᠠᠰᠢ ᠶᠢᠨ ᠬᠦᠭᠵᠢᠯᠲᠡ ᠳᠤ ᠦᠷᠭᠡᠨ ᠲᠡᠷᠲᠡᠩ ᠵᠠᠮ ᠢ ᠨᠡᠭᠡᠭᠡᠵᠦ ᠦᠭᠬᠦᠭᠰᠡᠨ | ᠨᠢ ᠯᠠᠪᠲᠠᠢ ᠶᠤᠮ᠃ | | | ᠰᠤᠷᠪᠤᠯᠵᠢᠯᠠᠭᠴᠢ᠂ ᠵᠤᠬᠢᠶᠠᠯᠴᠢ ᠪᠠ᠊ ᠪᠦᠭᠡ |