ᠲᠡᠤᠭᠡ ᠶᠢᠨ ᠶᠡᠭᠡ ᠤᠷᠤᠰᠬᠠᠯ ᠳᠤ ᠲᠠᠯᠠᠨ ᠵᠢᠯ ᠲᠠᠩᠴᠤ ᠤᠬᠤᠷ᠂ ᠴᠡᠭ ᠯᠠ ᠭᠡᠵᠤ ᠮᠠᠲᠠ᠃ ᠬᠦᠮᠦᠨ ᠳᠤ ᠠᠪᠴᠦ ᠭᠡᠯᠡᠪᠡᠯ ᠲᠠᠯᠠᠨ ᠵᠢᠯ ᠭᠡᠵᠤ ᠠᠯᠢ | ᠤᠯᠠᠨ ᠢ ᠦᠵᠡᠵᠦ᠂ ᠲᠡᠷᠡ ᠪᠡᠶ᠎ᠡ ᠪᠠᠷ ᠢᠶᠠᠨ ᠠᠮᠢᠲᠤ ᠲᠤᠯᠢ ᠭᠡᠬᠦ ᠳᠤ ᠢᠯᠡᠬᠦᠲᠡᠬᠦ ᠭᠠᠵᠠᠷ ᠠᠯᠠᠭ᠎ᠠ᠃ ᠬᠠᠭᠤᠴᠢᠨ ᠨᠡᠶᠢᠭᠡᠮ ᠳᠤ ᠲᠦᠷᠦᠵᠦ ᠦᠰᠦᠨ᠂ ᠡᠩᠬᠦᠯ | ᠲᠤᠩᠬᠤᠯ ᠤᠷᠪᠠᠭᠠᠨ ᠬᠦᠷᠪᠡᠭᠡᠨ ᠲᠠᠢ ᠤᠨ ᠵᠢᠯ ᠤᠳ ᠢ ᠪᠡᠶ᠎ᠡ ᠪᠠᠷ ᠢᠶᠠᠨ ᠦᠩᠭᠡᠷᠡᠭᠡᠵᠦ᠂ ᠰᠢᠨ᠎ᠠ ᠡᠷᠢᠨ ᠳᠤ ᠠᠮᠢᠲᠤᠷᠠᠯ ᠤᠨ ᠰᠠᠶᠢᠬᠠᠨ ᠢ ᠡᠳ᠋ᠯᠡᠵᠦ ᠶᠠᠪᠤᠭ᠎ᠠ | ᠰᠤᠯᠤᠩᠭ᠎ᠠ ᠱᠠᠩᠨᠠᠯᠲᠤ ᠮᠠᠯᠴᠢᠨ ᠵᠤᠬᠢᠶᠠᠯᠴᠢ ᠨᠠ᠊ ᠰᠢᠷᠡᠬᠦᠦ ᠭᠤᠸᠠᠢ 1943 ᠤᠨ ᠤ ᠲᠦᠯ᠂ ᠤᠷᠠᠳ ᠤᠨ ᠲᠤᠮᠲᠠᠲᠤ ᠬᠦᠩ ᠤᠨ ᠬᠤᠰᠢᠭᠤᠨ ᠤ ᠭᠤᠤᠯ ᠰᠤᠮᠤᠨ | ᠤ ᠲᠠᠶᠢᠵᠢ ᠤᠭᠰᠠᠭᠠᠲᠠᠨ ᠨᠠᠮᠰᠠᠷᠠᠢ ᠶᠢᠨ ᠬᠤᠶᠠᠲᠤᠭᠠᠷ ᠬᠦᠪᠡᠬᠦᠨ ᠪᠤᠯᠤᠨ ᠵᠠᠶᠠᠭᠠᠵᠠᠢ᠃ ᠡᠨᠡ ᠵᠢᠯ ᠲᠠᠯᠠᠨ ᠲᠠᠪᠤᠲᠠᠢ ᠪᠤᠭᠤᠷᠤᠯ ᠵᠤᠬᠢᠶᠠᠯᠴᠢ ᠮᠠᠨᠢ ᠤᠷᠠᠳ ᠭᠤᠪᠢ | ᠶᠢᠨ ᠲᠠᠯᠠᠨ ᠵᠢᠯ ᠤᠨ ᠬᠤᠪᠢᠰᠤᠯ ᠬᠦᠭᠵᠢᠯ ᠢ ᠠᠯᠠᠭᠠᠨ ᠵᠢᠷᠤᠭᠠᠰᠣ ᠪᠠᠨ ᠰᠢᠭ᠋ ᠰᠠᠶᠢᠨ ᠮᠡᠲᠡᠲᠡᠭ ᠬᠦᠮᠦᠨ ᠤ ᠨᠢᠭᠡ᠃ | ᠲᠤᠮᠲᠠᠲᠤ ᠶᠢᠨ ᠲᠡᠤᠭᠡᠨ ᠳᠤ ᠲᠡᠭᠡᠷ᠎ᠡ ᠵᠠᠭᠤᠨ ᠤ ᠲᠦᠴᠢ ᠲᠠᠪᠢᠭᠠᠳ ᠤᠨ ᠭᠡᠵᠤ ᠰᠠᠯᠬᠢ ᠪᠤᠷᠤᠭᠠᠨ᠂ ᠴᠠᠰᠤ ᠮᠦᠨᠲᠦᠷ᠂ ᠬᠠᠯᠠᠭᠤᠨ ᠬᠦᠢᠲᠡᠨ᠂ ᠡᠬᠦᠯᠡ | ᠮᠠᠨᠠᠨ ᠠᠯᠢ ᠪᠦᠬᠦᠲᠡ ᠡᠲᠦᠷ ᠪᠦᠷᠢ ᠡᠭᠡᠯᠵᠢᠯᠡᠭᠰᠡᠨ ᠤᠨ ᠵᠢᠯ ᠤᠳ ᠪᠠᠶᠢᠭᠰᠠᠨ᠃ | —— ᠲᠦᠷᠦᠬᠦᠦ ᠬᠤᠶᠠᠷ ᠡᠲᠦᠷ ᠭᠠᠨᠮᠢᠩ ᠤᠨ ᠴᠡᠷᠢᠭ ᠮᠠᠯᠴᠢᠳ ᠤᠨ ᠭᠡᠷ ᠢᠶᠠᠷ ᠤᠷᠤᠵᠤ ᠪᠤᠯᠢᠶᠠᠨ ᠲᠡᠭᠡᠷᠡᠮᠲᠦᠭᠰᠡᠨ᠃ | —— ᠲᠤᠲᠤᠷ᠎ᠠ ᠤᠷᠤᠨ ᠳᠤ ᠭᠠᠨᠮᠢᠩ ᠤᠨ ᠴᠡᠷᠢᠭ ᠤᠳ ᠶᠡᠭᠡ ᠢᠯᠠᠭᠲᠠᠭᠰᠠᠨ ᠭᠡᠨ᠎ᠡ᠃ | —— ᠪᠠᠯᠤ ᠭᠡᠵᠤ ᠠᠶᠤᠮᠰᠢᠭᠲᠠᠢ ᠤᠯᠤᠰ ᠤᠳ ᠪᠠᠶᠢᠲᠠᠭ ᠭᠡᠨ᠎ᠡ᠂ ᠤᠲᠠᠬᠤ ᠦᠭᠡᠢ ᠮᠠᠨ ᠤ ᠨᠤᠲᠤᠭ ᠲᠤ ᠤᠷᠤᠵᠤ ᠢᠷᠡᠬᠦ ᠶᠤᠮ ᠭᠡᠨ᠎ᠡ ᠭᠡᠵᠤ ᠬᠠᠶᠠ | ᠲᠠᠪᠤ ᠭᠤᠷᠪᠠᠭᠤᠯᠠ ᠠᠭᠤᠯᠵᠠᠬᠤ ᠪᠠᠷ ᠠᠲᠡ ᠲᠡᠨᠲᠡ ᠠᠴᠠ ᠬᠠᠯᠲᠤ ᠮᠦᠯᠲᠦ ᠰᠤᠨᠤᠰᠤᠭᠰᠠᠨ ᠢᠶᠠᠨ ᠡᠪᠯᠡᠬᠦᠯᠵᠦ ᠲᠤᠤᠷ᠎ᠠ ᠲᠠᠭᠤᠨ ᠢᠶᠠᠷ ᠰᠤᠨᠢᠨ ᠪᠤᠯᠭᠠᠵᠤ | ᠶᠠᠷᠢᠯᠴᠠᠨ᠎ᠠ ᠁ | ᠬᠦᠯ ᠳᠤ ᠤᠷᠤᠮᠠᠭᠴᠠ ᠬᠤᠷᠠᠭ᠎ᠠ ᠢᠰᠢᠭᠡ ᠲᠠᠢ ᠨᠤᠤᠷᠠᠯᠲᠤᠵᠤ᠂ ᠤᠬᠠᠭ᠎ᠠ ᠤᠷᠤᠭᠰᠠᠨ ᠠᠴᠠ ᠡᠬᠢᠯᠡᠨ ᠤᠨᠤᠭ᠎ᠠ ᠮᠠᠯ ᠲᠠᠢ ᠨᠤᠴᠤᠯᠲᠤᠨ ᠪᠤᠷᠤ ᠡᠲᠦᠷ | ᠰᠢᠷ᠎ᠠ ᠬᠤᠨᠤᠭ ᠢ ᠦᠩᠭᠡᠷᠡᠭᠡᠵᠤ᠂ ᠡᠪᠤᠯᠵᠢᠶ᠎ᠠ᠂ ᠬᠠᠪᠤᠷᠵᠢᠶ᠎ᠠ᠂ ᠵᠤᠰᠠᠯᠠᠩ᠂ ᠨᠠᠮᠤᠷᠵᠢᠶ᠎ᠠ ᠳᠤ ᠡᠷᠬᠢᠬᠦ ᠲᠦᠷᠪᠡᠨ ᠤᠯᠠᠷᠢᠯ ᠢ ᠡᠭᠡᠷᠦᠦᠯ ᠰᠢᠭ ᠢᠶᠠᠨ ᠡᠷᠬᠢᠯᠲᠦᠨ | ᠮᠠᠯᠴᠢᠳ ᠤᠨ ᠠᠮᠢᠲᠤᠷᠠᠯ ᠦᠷᠬᠦᠯᠵᠢᠯᠡᠨᠠ᠃ ᠲᠦᠷᠦ ᠬᠦᠷᠦᠨ ᠭᠡᠷᠬᠢᠨ ᠬᠤᠪᠢᠷᠠᠵᠤ ᠪᠠᠶᠢᠬᠤ ᠶᠢ ᠲᠦᠮᠡᠨ ᠤ ᠶᠠᠷᠢᠶᠠᠨ ᠠᠴᠠ ︿︿ᠠᠷᠠᠳ ᠲᠦᠮᠡᠨ ᠦᠪᠡᠷ ᠢᠶᠠᠨ | ᠡᠵᠡᠨ ᠰᠠᠭᠤᠵᠤ ᠡᠷᠭᠡ ᠮᠡᠲᠡᠬᠦ ᠴᠠᠭ ᠢᠷᠡᠬᠦ ᠶᠤᠮ﹀﹀ ᠭᠡᠰᠡᠨ ᠰᠤᠷᠠᠭ ᠢ ᠬᠠᠭᠠᠰ ᠬᠤᠭᠤᠰ ᠤᠶᠢᠯᠠᠭᠠᠵᠤ᠂ ᠨᠠᠷᠢᠨ ᠤᠴᠢᠷ ᠢ ᠮᠡᠲᠡᠯ ᠦᠭᠡᠢ᠂ ᠵᠤᠷᠰᠢᠭᠰᠠᠨ ᠴᠠᠭ | ᠲᠤ ᠰᠤᠷᠤᠭᠰᠠᠨ ᠠᠵᠢᠯ ᠢᠶᠠᠨ ᠬᠢᠭᠰᠡᠭᠡᠷ ᠨᠠᠷᠠ ᠰᠠᠷ᠎ᠠ ᠶᠢ ᠡᠭᠡᠯᠵᠢᠯᠡᠬᠦᠯᠦᠨᠠ᠃ | ᠬᠤᠷᠠᠭ᠎ᠠ ᠢᠰᠢᠭᠡ ᠮᠡᠶᠢᠯᠡᠯᠲᠤᠬᠤ ᠲᠠᠭᠤᠨ ᠭᠤᠤᠯ ᠭᠤᠷᠤᠬ᠎ᠠ ᠶᠢᠨ ᠬᠤᠷᠴᠢᠬᠢᠨᠠᠬᠤ ᠲᠠᠭᠤᠨ ᠲᠠᠢ ᠬᠦᠭ ᠨᠡᠶᠢᠯᠡᠵᠦ᠂ ᠠᠮᠢᠵᠢᠷᠡᠯ ᠲᠦᠯᠵᠢᠯ ᠤᠨ ᠡᠭᠡᠰᠢᠭ | ᠤᠷᠠᠳ ᠨᠤᠲᠤᠭ ᠲᠤ ᠬᠠᠶᠠ ᠦᠭᠡᠢ ᠰᠤᠨᠤᠰᠲᠠᠨ᠎ᠠ᠃ ᠬᠠᠶᠢᠷ᠎ᠠ ᠰᠢᠩᠭᠡᠭᠰᠡᠨ ᠡᠵᠢ ᠶᠢᠨ ᠮᠢᠨᠢ ᠭᠠᠷ ᠰᠢᠭ᠋ ᠤᠷᠢᠬᠠᠨ ᠰᠠᠯᠬᠢ ᠬᠠᠴᠢᠷ ᠢᠯᠪᠢᠵᠦ᠂ ᠲᠤᠪᠤ | ᠲᠤᠯᠤᠭᠠᠳ ᠠᠴᠠ ᠡᠬᠢᠯᠡᠨ ᠵᠤ ᠰᠢᠯᠢ᠂ ᠲᠠᠯ᠎ᠠ ᠬᠦᠨᠲᠡᠢ ᠦᠪᠴᠢ ᠨᠤᠭᠤᠭᠠᠷᠠᠨ᠂ ᠲᠠᠪᠤᠨ ᠬᠤᠰᠢᠭᠤ ᠮᠠᠯ ᠲᠠᠷᠬᠠᠨ ᠪᠡᠯᠴᠢᠵᠦ᠂ ᠨᠡᠬᠦᠲᠡᠯ ᠤᠨ ᠰᠢᠪᠠᠭᠤᠳ ᠭᠠᠩᠭᠠᠷ | ᠭᠤᠩᠭᠤᠷ ᠭᠠᠩᠭᠠᠨᠠᠯᠲᠤᠨ᠂ ᠲᠤᠮᠤᠭ ᠤᠨ ᠶᠢᠷᠲᠢᠨᠴᠦ ᠭᠡᠮᠡᠷᠭᠡᠨ᠃ ᠪᠦᠬᠦᠯᠢ ᠬᠠᠪᠤᠷ ᠲᠦᠯ ᠮᠠᠯ ᠭᠡᠵᠤ ᠶᠠᠭᠠᠷᠠᠯᠲᠤᠨ ᠨᠠᠷᠠ ᠨᠤᠭᠤᠭ᠎ᠠ ᠲᠠᠢ ᠵᠤᠯᠭᠠᠵᠤ᠂ ︿︿ᠪᠢᠷᠠᠭᠤ | ᠪᠤᠯᠴᠢᠩ ᠲᠠᠢ᠂ ᠲᠠᠭ᠎ᠠ ᠲᠠᠯᠠᠩ ᠲᠠᠢ﹀﹀ ᠦᠩᠭᠡᠷᠡᠭᠡᠭᠰᠡᠨ ᠮᠠᠯᠴᠢᠳ ᠨᠢᠭᠡ ᠬᠤᠶᠠᠷ ᠢᠶᠠᠷ ᠢᠶᠠᠨ ᠬᠠᠪᠤᠷᠵᠢᠶᠠᠨ ᠠᠴᠠ ᠪᠠᠨ ᠵᠤᠰᠠᠯᠠᠩ ᠳᠤ ᠪᠠᠨ ᠨᠡᠬᠦᠵᠡᠭᠡᠯᠡ᠃ | ︿︿ᠭᠤᠷᠪᠠᠨ ᠬᠠᠰᠢᠶᠠᠲᠤ﹀﹀ ᠭᠡᠭᠴᠢ ᠡᠮᠦᠨ᠎ᠡ ᠠᠴᠠ ᠬᠤᠶᠢᠰᠢ ᠦᠷᠬᠦᠯᠵᠢᠯᠡᠭᠰᠡᠨ ᠬᠤᠭᠤᠯᠠᠢ ᠭᠠᠵᠠᠷ᠂ ᠡᠬᠢᠨ ᠤ ᠬᠤᠳᠲᠤᠭ᠂ ᠲᠤᠮᠲᠠ ᠬᠤᠳᠲᠤᠭ᠂ | ᠠᠲᠠᠭ ᠤᠨ ᠬᠤᠳᠲᠤᠭ ᠭᠡᠵᠤ ᠭᠤᠷᠪᠠᠨ ᠬᠤᠳᠲᠤᠭ ᠲᠠᠢ ᠪᠠᠶᠢᠵᠤ᠂ ᠡᠬᠢᠨ ᠤ ᠪᠠ ᠲᠤᠮᠲᠠ ᠶᠢᠨ ᠬᠤᠳᠲᠤᠭ ᠨᠢ ᠱᠤᠷᠪᠤᠭ ᠪᠤᠯᠪᠠᠴᠤ ᠬᠦᠮᠦᠨ ᠮᠠᠯ ᠤᠤᠭᠤᠵᠤ | ᠪᠤᠯᠲᠠᠭ᠂ ᠠᠲᠠᠭ ᠤᠨ ᠬᠤᠳᠲᠤᠭ ᠨᠢ ᠭᠡᠲᠦᠷᠭᠡᠢ ᠱᠤᠷᠪᠤᠭ ᠪᠤᠯᠬᠤᠷ ᠪᠠᠰᠠ ︿︿ᠭᠠᠰᠢᠭᠤᠨ ᠬᠤᠳᠲᠤᠭ﹀﹀ ᠭᠡᠵᠤ ᠨᠡᠷᠡᠯᠡᠲᠡᠭ᠃ ︿︿ᠭᠤᠷᠪᠠᠨ ᠬᠠᠰᠢᠶᠠᠲᠤ﹀﹀ ᠶᠢᠨ | ᠪᠠᠷᠠᠭᠤᠨ ᠬᠤᠶᠢᠲᠤ ᠵᠤ ᠳᠤ ᠴᠦᠭᠡᠪᠦᠷ ᠮᠠᠯ ᠲᠠᠢ ᠵᠢᠵᠢᠭᠭᠡᠨ ᠪᠤᠷᠤ ᠭᠡᠷ ᠲᠠᠢ ᠠᠶᠢᠯ ᠢᠷᠡᠵᠦ ᠪᠠᠭᠤᠯ᠎ᠠ᠃ ᠡᠨᠡ ᠨᠢ ᠨᠠᠮᠰᠠᠷᠠᠢ ᠶᠢᠨ ᠬᠢ ᠭᠡᠰᠡᠨ ᠠᠶᠢᠯ ᠪᠠᠶᠢᠯ᠎ᠠ᠃ | —— ᠴᠠᠭ ᠦᠶ᠎ᠡ ᠶᠡᠷᠦ ᠨᠢ ᠬᠤᠪᠢᠷᠠᠬᠤ ᠰᠢᠨᠵᠢᠲᠠᠢ ᠪᠤᠯᠤᠭᠠᠳ ᠪᠠᠶᠢᠨ᠎ᠠ᠃ | —— ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠪᠠᠶᠢᠭᠤᠯᠤᠭᠲᠠᠵᠤ ᠭᠡᠨ᠎ᠡ᠃ | —— ᠦᠭᠡᠢ ᠶᠡᠷᠦ ᠨᠢ ᠦᠪᠡᠷᠲᠡᠭᠡᠨ ᠵᠠᠰᠠᠬᠤ ᠭᠡᠲᠡᠭ ᠴᠢᠨᠢ ᠶᠠᠮᠠᠷ ᠤᠬᠠᠭᠠᠨ ᠲᠠᠢ ᠦᠭᠡ ᠪᠤᠢ︖ | —— ᠮᠤᠩᠭᠤᠯ ᠬᠦᠮᠦᠨ ᠦᠪᠡᠷ ᠢᠶᠠᠨ ᠡᠵᠡᠨ ᠮᠡᠲᠡᠬᠦ ᠶᠤᠮ ᠭᠡᠨ᠎ᠡ᠃ | —— ᠶᠦᠨ ᠤᠪᠤᠭᠲᠠᠢ ᠬᠦᠮᠦᠨ ᠲᠡᠷᠢᠬᠦᠯᠡᠭᠴᠢ ᠪᠤᠯᠤᠭᠰᠠᠨ ᠭᠡᠨ᠎ᠡ᠃ | ᠵᠤᠰᠠᠯᠠᠩ ᠳᠤ ᠪᠠᠭᠤᠭᠰᠠᠨ ᠠᠶᠢᠯ ᠤᠳ ᠢᠶᠠᠷ ᠡᠷᠢᠯ ᠳᠤ ᠶᠠᠪᠤᠭᠰᠠᠨ ᠤᠯᠤᠰ ᠤᠳ ᠠᠶᠠᠭ᠎ᠠ ᠴᠠᠢ ᠤᠤᠭᠤᠬᠤ ᠵᠠᠪᠰᠠᠷ ᠢᠶᠠᠷ ᠴᠠᠭᠠᠲᠤ ᠤᠴᠢᠷ ᠢ ᠨᠢ ᠤᠯᠤᠯ | ᠦᠭᠡᠢ ᠲᠠᠮ ᠰᠤᠨᠤᠰᠤᠭᠰᠠᠨ ᠢᠶᠠᠨ ᠶᠠᠷᠢᠬᠤ ᠳᠤ᠂ ᠤᠬᠠᠭᠠᠨ ᠲᠦᠬᠦᠭᠡ ᠶᠢ ᠨᠢ ᠤᠯᠤᠭᠰᠠᠨ ᠦᠭᠡᠢ ᠮᠠᠯᠴᠢᠳ ︿︿ᠠ ᠲᠡᠶᠢᠮᠦ᠂ ᠶᠠᠭᠤ︖ ᠲᠡᠭᠡᠭᠡᠳ︖﹀﹀ | ᠭᠡᠵᠤ ᠶᠠᠷᠢᠶ᠎ᠠ ᠶᠠᠪᠤᠭᠤᠷᠢ ᠮᠠᠭᠤᠲᠠᠢ ᠦᠷᠬᠦᠯᠵᠢᠯᠡᠨ᠎ᠡ᠃ ᠲᠠᠪᠤᠬᠠᠨ ᠨᠠᠰᠤᠲᠠᠢ ᠰᠢᠷᠡᠬᠦᠦ ᠭᠤᠸᠠᠢ ᠳᠤ ᠠᠪᠴᠤ ᠭᠡᠯᠡᠪᠡᠯ ᠲᠦᠷᠦ ᠬᠦᠷᠦᠨ ᠶᠠᠭᠤ ᠪᠤᠯᠵᠤ ᠪᠠᠶᠢᠬᠤ ᠨᠢ | ᠲᠡᠯᠵᠢ ᠦᠭᠡᠢ ᠭᠡᠷᠡᠭ᠃ ᠡᠲᠦᠷ ᠪᠦᠷᠢ ᠲᠤᠭ᠎ᠠ ᠲᠠᠢ ᠭᠡᠲᠦᠨ ᠬᠤᠷᠠᠭ᠎ᠠ ᠪᠠᠨ ᠠᠯᠲᠠᠴᠢᠬᠠᠬᠤ ᠠᠴᠠ ᠡᠮᠢᠶᠡᠭᠰᠡᠨ ᠤ ᠬᠢ ᠶᠤᠮ ᠤᠤ︖ ᠠᠯᠢ ᠡᠰᠠᠬᠦᠯᠡ | ᠲᠦᠭᠡᠷᠢᠴᠢᠭᠡᠬᠦ ᠠᠴᠠ ᠠᠶᠤᠭᠰᠠᠨ ᠤ ᠬᠢ ᠶᠤᠮ ᠤᠤ︖ ᠶᠠᠭᠤ ᠴᠦ ᠭᠡᠰᠡᠨ ᠶᠡᠭᠡ ᠬᠤᠯᠠᠲᠠᠵᠤ ᠴᠢᠲᠠᠯ ᠦᠭᠡᠢ ᠭᠡᠷ ᠢᠶᠠᠨ ᠪᠠᠷᠠᠲᠠᠨ ᠬᠠᠷᠢᠭᠤᠯᠤᠨ᠎ᠠ᠃ ᠲᠦᠭᠡᠨᠡᠵᠦ | ᠡᠬᠢᠯᠡᠭᠰᠡᠨ ᠨᠠᠷᠠ ᠦᠲᠡ ᠭᠤᠤᠯᠯᠠᠬᠤ ᠶᠢ ᠬᠦᠯᠢᠶᠡᠵᠦ ᠲᠡᠶᠢᠯᠦᠯ ᠦᠭᠡᠢ ᠬᠦᠭᠡᠷᠡᠬᠦᠯᠦᠭᠰᠡᠨ ᠰᠦ᠂ ᠬᠤᠰᠤᠮ ᠳᠤ ᠭᠤᠷᠢᠯᠠᠵᠤ᠂ ᠭᠡᠷ ᠤᠷᠤᠭᠤ ᠪᠠᠨ ᠬᠠᠷᠠᠶᠢᠯᠭᠠᠯᠠ ᠁ | | ᠲᠦᠴᠢᠭᠡᠳ ᠤᠨ ᠤ ᠲᠤᠮᠲᠠᠴᠢ ᠠᠴᠠ ᠤᠷᠠᠳ ᠨᠤᠲᠤᠭ ᠲᠤ ᠶᠠᠫᠤᠨ ᠴᠡᠷᠢᠭ ᠤᠨ ᠪᠠᠷ᠎ᠠ ᠲᠠᠰᠤᠷᠠᠵᠤ᠂ ᠵᠦᠢᠯ ᠵᠢᠰᠤᠮ ᠤᠨ ᠡᠮᠦᠰᠭᠡᠯ ᠵᠡᠬᠦᠰᠭᠡᠯ ᠲᠠᠢ | ᠴᠡᠷᠢᠭ᠂ ᠲᠡᠭᠡᠷᠡᠮ ᠲᠤᠨᠤᠭ᠎ᠠ ᠬᠠᠶᠠ ᠡᠨᠡ ᠨᠤᠲᠤᠭ ᠢᠶᠠᠷ ᠲᠠᠭᠠᠷᠢᠨ᠂ ᠪᠠᠶᠠᠳ ᠨᠤᠶᠠᠳ ᠠᠴᠠ ᠡᠬᠢᠯᠡᠨ ᠡᠭᠡᠯ ᠠᠷᠠᠳ ᠲᠤ ᠪᠠᠭ᠎ᠠ ᠪᠤᠰᠤ ᠰᠦᠢᠲᠦᠯ ᠠᠪᠴᠢᠷᠠᠵᠤ᠂ | ᠵᠠᠷᠢᠮ ᠲᠡᠭᠡᠷᠡᠮ ᠲᠤᠨᠤᠭ᠎ᠠ ︿︿ᠠᠶᠢᠯᠴᠢᠯᠠᠭᠰᠠᠨ﹀﹀ ᠡᠷᠦᠭᠡ ᠨᠤᠬᠠᠢ ᠬᠤᠴᠢᠬᠤ ᠲᠠᠭᠤᠨ ᠳᠤ ᠴᠦ ᠵᠢᠷᠦᠭᠡᠨ ᠴᠤᠬᠢᠯᠭ᠎ᠠ ᠨᠢ ᠬᠤᠷᠲᠤᠰᠲᠠᠭ ᠪᠤᠯᠵᠠᠢ᠃ ᠶᠠᠭᠤ ᠴᠦ | ᠭᠡᠰᠡᠨ ᠲᠦᠮᠡᠨ ᠤ ᠶᠠᠷᠢᠶᠠᠨ ᠠᠴᠠ ᠪᠦᠷᠬᠦᠵᠦ ᠪᠠᠶᠢᠭᠰᠠᠨ ᠲᠡᠭᠷᠢ ᠭᠡᠶᠢᠵᠦ᠂ ᠴᠠᠭ ᠲᠦᠷᠦ ᠬᠤᠪᠢᠷᠠᠬᠤ ᠨᠢ ᠦᠨᠦ ᠮᠠᠷᠭᠠᠰᠢ ᠶᠢᠨ ᠤᠴᠢᠷ ᠪᠤᠯᠤᠭᠰᠠᠨ ᠤᠷᠠᠳ | ᠨᠤᠲᠤᠭ ᠤᠨ ᠪᠠᠶᠠᠳ ᠨᠤᠶᠠᠳ ᠠᠴᠠ ᠡᠬᠢᠯᠡᠨ ᠡᠭᠡᠯ ᠠᠷᠠᠳ ᠬᠦᠷᠲᠡᠯ᠎ᠠ ᠭᠠᠲᠠᠷᠯᠠᠬᠤ ᠪᠤᠯᠵᠠᠢ᠃ | ᠰᠠᠶ᠋ᠢ ᠯᠠ ᠤᠬᠠᠭᠠᠨ ᠤᠷᠤᠭ᠎ᠠ ᠰᠢᠷᠡᠬᠦᠦ ᠭᠤᠸᠠᠢ᠂ ᠢᠷᠡᠭᠰᠡᠨ ᠤᠯᠤᠰ ᠪᠦᠬᠦᠲᠡ ᠶᠢᠨ ᠠᠮᠠᠨ ᠠᠴᠠ ᠴᠤᠪᠤᠷᠠᠭᠤᠯᠲᠠᠭ ︿︿ᠭᠠᠨᠮᠢᠩ᠂ ᠪᠠᠯᠤ᠂ ᠦᠪᠡᠷᠲᠡᠭᠡᠨ | ᠵᠠᠰᠠᠬᠤ﹀﹀ ᠦᠭᠡ ᠤᠳ ᠴᠤᠬᠤᠮ ᠶᠠᠭᠤ ᠶᠢ ᠭᠡᠯᠡᠵᠦ ᠪᠠᠶᠢᠭ᠎ᠠ ᠶᠢ ᠪᠦᠷᠢᠨ ᠤᠶᠢᠯᠠᠭᠠᠬᠤ ᠴᠢᠲᠠᠯ ᠦᠭᠡᠢ ᠴᠦ ᠭᠡᠷ ᠲᠤ ᠪᠠᠨ ᠤᠷᠤᠵᠤ ᠭᠠᠷᠬᠤ ᠶᠢᠨ ᠬᠤᠭᠤᠷᠤᠨᠲᠦ | ᠰᠤᠨᠤᠰᠤᠭᠰᠠᠭᠠᠷ ᠪᠠᠶᠢᠵᠤ ᠤᠭᠤᠷᠠᠭ ᠲᠠᠷᠢᠬᠢᠨ ᠳᠤᠨᠢ ᠬᠦᠨ ᠰᠠᠭᠤᠭᠲᠠᠵᠠᠢ᠃ | 1948 ᠤᠨ ᠤ ᠨᠡᠮᠤᠷ ᠤᠨ ᠰᠡᠬᠦᠯᠴᠢ ᠤᠶᠢᠷᠠᠲᠤᠬᠤ ᠳᠤ᠂ ᠨᠠᠮᠰᠠᠷᠠᠢ ᠶᠢᠨ ᠬᠢᠨ ᠡᠪᠦᠯᠵᠢᠶᠡᠨ ᠳᠤ ᠪᠠᠭᠤᠬᠤ ᠭᠡᠳ ᠯᠡ ᠲᠡᠮᠡᠭᠡᠨ ᠠᠴᠢᠶ᠎ᠠ ᠪᠠᠷ ᠦᠷᠭᠡᠨ ᠵᠤ | ᠠᠴᠠ ᠦᠵᠦᠬᠦᠷ ᠦᠭᠡᠢ ᠭᠤᠪᠢ ᠤᠷᠤᠭᠤ ᠨᠡᠬᠦᠯᠡ᠃ ᠵᠠᠮ ᠵᠠᠭᠤᠷ᠎ᠠ ᠨᠠᠭ᠎ᠠ ᠡᠵᠢ ᠨᠢ ᠰᠢᠷᠡᠬᠦᠦ ᠭᠤᠸᠡᠢ ᠳᠤ᠄ ︿︿ᠲᠡᠷᠡ ᠨᠢ ᠵᠡᠭᠡᠷ᠎ᠡ᠂ ᠲᠠᠷᠠ ᠨᠢ ᠭᠡᠭᠡᠷ᠎ᠡ ᠶᠢᠨ | ᠨᠤᠬᠠᠢ᠂ ᠡᠨᠡ ᠬᠠᠶᠢᠷᠠᠬᠠᠨ ᠢ ᠰᠢᠷ᠎ᠠ ᠶᠢᠨ ᠪᠠᠶᠠᠨᠴᠠᠭᠠᠨ᠂ ᠲᠡᠷᠡ ᠬᠦᠲᠦᠯ ᠢ ᠬᠦᠭᠡ ᠲᠠᠪᠠᠭ᠎ᠠ᠂ ᠲᠡᠷᠡ ᠮᠤᠲᠤ ᠶᠢ ᠵᠠᠭ﹀﹀ ᠭᠡᠲᠡᠭᠴᠢᠯᠡᠨ ᠦᠵᠡᠭᠰᠡᠨ ᠬᠠᠷᠠᠭᠰᠠᠨ | ᠪᠦᠬᠦᠨ ᠤ ᠨᠡᠷ᠎ᠡ ᠶᠢ ᠭᠡᠯᠡᠵᠤ ᠦᠭᠴᠦ ᠪᠠᠶᠢᠪᠠ᠃ ᠨᠡᠬᠦᠲᠡᠯ ᠤᠨ ᠵᠠᠮ ᠳᠤ ᠠᠬᠠᠮᠠᠳ ᠲᠤᠮᠤᠭᠠᠲᠠᠨ ᠠᠴᠠ ᠦᠷ᠎ᠡ ᠠᠴᠢ ᠨᠠᠷ ᠲᠤ ᠪᠠᠨ ᠡᠪᠡᠰᠤ ᠤᠷᠭᠤᠮᠠᠯ᠂ ᠭᠠᠵᠠᠷ | ᠤᠰᠤᠨ ᠤ ᠨᠡᠷᠡᠶᠢᠲᠦᠯ᠂ ᠠᠮᠢᠲᠠᠨ ᠵᠢᠬᠦᠷᠲᠡᠨ ᠤ ᠨᠡᠷ᠎ᠡ ᠶᠢ ᠡᠶᠢᠨᠬᠦ ᠨᠢᠭᠡᠳ ᠨᠢᠭᠡ ᠪᠠᠷ ᠲᠠᠨᠢᠭᠤᠯᠵᠤ ᠮᠡᠲᠡᠬᠦᠯᠵᠦ ᠶᠠᠪᠤᠲᠠᠭ ᠨᠢ ᠶᠠᠰᠤ ᠴᠢᠮᠦᠭᠡ ᠳᠤᠨᠢ ᠰᠢᠩᠭᠡᠭᠰᠡᠨ | ᠤᠬᠠᠮᠰᠠᠷ ᠦᠭᠡᠢ ᠤᠶᠢᠯᠲᠠ ᠮᠥᠨ ᠠᠵᠠᠢ᠃ ᠵᠠᠯᠭᠠᠮᠵᠢ ᠦᠶ᠎ᠡ ᠨᠢ ᠴᠦ ᠠᠮᠠ ᠠᠴᠠ ᠠᠮᠠ ᠲᠠᠮᠵᠢᠭᠰᠠᠨ ᠮᠡᠲᠡᠯᠭᠡ ᠶᠢ᠂ ᠪᠢᠴᠢᠭ ᠢᠶᠠᠷ ᠪᠢᠰᠢ ᠪᠢᠯᠢᠭ ᠢᠶᠠᠷ ᠢᠶᠠᠨ | ᠡᠭᠡᠯᠵᠢᠯᠡᠬᠦ ᠲᠦᠷᠪᠡᠨ ᠤᠯᠠᠷᠢᠯ ᠤᠨ ᠨᠡᠬᠦᠲᠡᠯ ᠲᠤᠮᠲᠠ ᠴᠡᠭᠡᠵᠢᠨ ᠳᠤ ᠪᠠᠨ ᠪᠠᠲᠤ ᠲᠤᠭᠲᠠᠭᠠᠲᠠᠭ ᠰᠠᠨ᠃ ᠬᠦᠲᠡᠭᠡ ᠤᠨ ᠭᠡᠤᠭᠡᠳ ᠭᠡᠵᠤ ᠢᠩᠬᠢᠵᠦ ᠯᠠ ᠡᠭᠡ | ᠪᠠᠶᠢᠭᠠᠯᠢ ᠳᠤ ᠪᠠᠨ ᠠᠭᠤᠰᠴᠤ᠂ ᠡᠭᠡ ᠪᠠᠶᠢᠭᠠᠯᠢ ᠶᠢᠨ ᠢᠶᠠᠨ ᠠᠭᠤᠯᠠ ᠤᠰᠤ᠂ ᠠᠮᠢᠲᠠᠨ ᠤᠷᠭᠤᠮᠠᠯ ᠲᠠᠢ ᠪᠠᠨ ᠵᠠᠪᠰᠠᠷ ᠦᠭᠡᠢ ᠤᠶᠢᠷᠠᠲᠤᠨ᠂ ᠬᠦᠭᠡ ᠲᠡᠭᠷᠢ ᠪᠠᠷ | ᠬᠦᠨᠵᠢᠯᠡ ᠪᠠᠨ ᠬᠢᠵᠦ᠂ ᠬᠦᠷᠦᠰᠦᠲᠦ ᠲᠡᠯᠡᠭᠡᠢ ᠪᠠᠷ ᠲᠠᠪᠢᠰᠭᠡᠷ ᠢᠶᠠᠨ ᠪᠤᠯᠭᠠᠨ᠂ ᠭᠠᠷ ᠨᠢ ᠭᠠᠨᠵᠤᠭᠠᠨ ᠳᠤ ᠬᠦᠯ ᠨᠢ ᠲᠦᠷᠦᠭᠡᠨ ᠳᠤ ᠬᠦᠷᠲᠡᠭ ᠤᠴᠢᠷᠲᠠᠢ᠃ | ᠭᠡᠲᠦᠨ ᠡᠲᠦᠷ ᠶᠠᠪᠤᠭᠠᠳ ᠴᠠᠭᠠᠨ ᠨᠠᠭᠤᠷ ᠤᠨ ᠬᠦᠨᠲᠡᠢ ᠭᠡᠮᠡᠬᠦ ᠭᠠᠵᠠᠷ ᠬᠦᠷᠴᠦ᠂ ᠬᠦᠨ ᠬᠤᠩᠬᠤᠷ ᠲᠠᠢ ᠦᠨᠵᠢᠮᠡᠯ ᠨᠠᠭᠤᠷ ᠲᠠᠢ ᠭᠠᠵᠠᠷ ᠤᠨ ᠪᠠᠷᠠᠭᠤᠨ | ᠦᠷᠭᠡᠨ ᠶᠡᠭᠡ ᠬᠦᠨᠲᠡᠢ ᠶᠢᠨ ᠲᠤᠮᠲᠠ ᠤᠷᠠᠳ ᠨᠤᠳᠤᠭ ᠤᠨ ᠨᠡᠷᠡᠳᠤ ᠪᠠᠷᠢᠶᠠᠴᠢ ᠲᠠᠪᠢᠬᠤ ᠭᠡᠳᠡᠭ ᠪᠠᠶᠠᠨ ᠠᠶᠢᠯ ᠲᠠᠢ ᠬᠠᠮᠲᠤ ᠡᠪᠤᠯᠵᠢᠭ᠍ᠰᠡᠨ ᠪᠢᠯᠡ᠃ ᠲᠠᠶᠢᠨ | ᠲᠠᠵᠢᠨ ᠦᠷᠬᠦᠯᠵᠢᠯᠡᠨ᠂ ᠲᠡᠭᠡᠷᠡᠮ ᠬᠤᠯᠠᠭᠠᠢ ᠠᠷᠪᠢᠲᠠᠭᠰᠠᠨ ᠤᠨ ᠵᠢᠯ ᠤᠳ ᠲᠤ᠂ ᠶᠡᠭᠡ ᠪᠠᠭ᠎ᠠ ᠤᠯᠠᠨ ᠬᠦᠨᠲᠠᠢ ᠬᠤᠩᠬᠤᠷ ᠲᠠᠢ ᠴᠠᠭᠠᠨ ᠨᠠᠭᠤᠷ ᠤᠨ ᠬᠦᠨᠲᠠᠢ | ᠭᠡᠵᠤ ᠨᠦᠮᠦᠷᠢ ᠰᠠᠶᠢᠨᠲᠠᠢ᠂ ᠭᠠᠲᠠᠨ᠎ᠠ ᠶᠢᠨ ᠬᠦᠮᠦᠨ ᠳᠤ ᠶᠤᠮ ᠪᠤᠯ ᠠᠲᠡ ᠪᠠᠰᠠ ᠡᠶᠢᠮᠦᠷᠬᠦᠦ ᠬᠦᠨᠲᠡᠢ ᠪᠠᠶᠢᠨ᠎ᠠ ᠭᠡᠵᠤ ᠵᠡᠬᠦᠲᠦᠨ ᠳᠤ ᠤᠷᠤᠮᠠᠷ ᠦᠭᠡᠢ ᠭᠠᠵᠠᠷ᠃ | ᠲᠠᠶᠢᠨ ᠲᠠᠵᠢᠨ ᠤ ᠬᠦᠯ ᠳᠤ ᠲᠠᠭᠠᠷᠢᠭᠲᠠᠬᠤ ᠦᠭᠡᠢ᠂ ᠬᠤᠯᠠᠭᠠᠢ ᠲᠡᠭᠡᠷᠡᠮ ᠠᠴᠠ ᠬᠤᠯᠠᠬᠠᠨ ᠪᠠᠶᠢᠬᠤ ᠨᠢ ᠭᠤᠪᠢ ᠨᠤᠲᠤᠭ ᠴᠢᠨᠠᠭᠰᠢᠯᠠᠭᠠᠳ ᠤᠷᠠᠳ ᠨᠤᠲᠤᠭ ᠤᠨ | ᠬᠦᠮᠦᠨ ᠠᠷᠠᠳ ᠤᠨ ᠬᠦᠰᠡᠯ ᠪᠤᠯᠵᠤ᠂ ᠤᠲᠤᠷ ᠨᠠᠬᠦᠲᠠᠯ ᠳᠤ ᠭᠠᠵᠠᠷ ᠤᠨ ᠪᠠᠶᠢᠴᠠ ᠰᠤᠩᠭᠤᠬᠤ ᠰᠢᠨ᠎ᠠ ᠠᠭᠤᠯᠭ᠎ᠠ ᠨᠡᠮᠡᠭᠲᠡᠭᠰᠡᠨ ᠢᠶᠠᠷ ᠴᠠᠭᠠᠨ ᠨᠠᠭᠤᠷ ᠤᠨ ᠬᠦᠨᠲᠠᠢ | ᠭᠡᠵᠤ ︿︿ᠰᠠᠭᠤᠯᠲᠠᠢ﹀﹀ ᠰᠠᠶᠢᠬᠠᠨ ᠭᠠᠵᠠᠷ ᠪᠤᠯᠤᠭᠰᠠᠨ ᠪᠠᠶᠢᠯ᠎ᠠ᠃ ᠪᠠᠷᠢᠶᠠᠴᠢ ᠲᠠᠪᠢᠬᠤ ᠶᠢᠨ ᠬᠢ ᠭᠡᠵᠤ ᠭᠤᠷᠪᠠᠨ ᠭᠡᠷ ᠲᠠᠢ ᠪᠠᠶᠢᠵᠤ᠂ ᠬᠤᠲᠤᠭᠤᠷ ᠢᠶᠠᠷ ᠭᠡᠮᠵᠢᠬᠦ | ᠮᠠᠯ ᠲᠠᠢ ᠲᠦᠩᠬᠦᠷ ᠭᠡᠰᠡᠨ ᠠᠶᠢᠯ ᠪᠠᠶᠢᠪᠠ᠃ ᠲᠤᠬᠠᠢ ᠶᠢᠨ ᠦᠶ᠎ᠡ ᠶᠢᠨ ᠪᠠᠶᠠᠨ ᠠᠶᠢᠯ ᠠᠲᠠᠭ ᠲᠠᠭᠠᠨ ᠰᠠᠶᠢᠨ ᠮᠠᠭᠤ ᠭᠤᠷᠪᠠᠨ ᠭᠡᠷ ᠲᠠᠢ ᠪᠠᠶᠢᠳᠠᠭ᠂ ᠪᠠᠷᠠᠭᠤᠨ | ᠲᠠᠯ᠎ᠠ ᠶᠢᠨ ᠶᠡᠭᠡ ᠭᠡᠷ ᠡᠵᠡᠨ ᠤ ᠦᠷᠭᠦᠭᠡ᠂ ᠲᠤᠮᠳᠠᠬᠢ ᠭᠡᠷ ᠨᠢ ᠵᠠᠷᠤᠴᠠ ᠪᠤᠶᠤ ᠵᠤᠴᠢᠳ ᠤᠨ ᠰᠠᠭᠤᠬᠤ ᠭᠡᠷ᠂ ᠵᠠᠭᠦᠨ ᠵᠠᠬ᠎ᠠ ᠶᠢᠨ ᠬᠢᠨᠢ ᠪᠠᠷᠠᠭᠠᠨ ᠤ ᠭᠡᠷ ᠪᠠᠶᠢᠵᠤ᠂ | ᠪᠠᠰᠠ ︿︿ᠲᠦᠯ ᠤᠨ ᠭᠡᠷ﹀﹀ ᠭᠡᠵᠤ ᠬᠤᠨᠢᠨ ᠬᠤᠷᠤᠭᠠᠨ ᠤ ᠪᠠᠨ ᠲᠡᠷᠭᠡᠲᠡ ᠪᠤᠰᠬᠠᠵᠤ ᠲᠦᠯ ᠢᠶᠠᠨ ᠲᠤᠰᠳᠠᠭ ᠪᠠᠶᠢᠪᠠ᠃ ᠨᠠᠮᠰᠠᠷᠠᠢ ᠶᠢᠨ ᠬᠢ ᠭᠡᠵᠤ ᠲᠦᠷᠪᠡᠨ | ᠬᠠᠨ᠎ᠠ ᠲᠠᠢ ᠨᠠᠪᠲᠠᠭᠠᠷ ᠪᠢᠴᠢᠬᠠᠨ ᠪᠤᠷᠤ ᠭᠡᠷ ᠲᠠᠢ᠂ ᠭᠡᠷ ᠤᠨ ᠵᠠᠭᠦᠨ ᠲᠠᠯ᠎ᠡ ᠳᠤ ᠪᠠᠨ ᠬᠤᠶᠠᠷ ᠬᠠᠨ᠎ᠠ ᠪᠤᠰᠬᠠᠨ ᠡᠯᠡᠭᠲᠡᠵᠦ ᠬᠠᠭᠤᠴᠢᠷᠠᠭᠠᠳ ᠨᠦᠭᠡ ᠭᠠᠷᠤᠭᠰᠠᠨ | ᠢᠰᠡᠭᠡᠢ ᠪᠠᠷ ᠪᠦᠲᠡᠭᠡᠭᠰᠡᠨ ᠬᠠᠷᠠᠭᠲᠠᠨ᠎ᠠ᠃ ᠡᠨᠡ ᠨᠢ ᠨᠠᠮᠰᠠᠷᠠᠢ ᠭᠤᠸᠠᠢ ᠶᠢᠨ ᠪᠠᠭ᠎ᠠ ᠰᠠᠭ᠎ᠠ ᠢᠳᠡᠰᠢ ᠤᠤᠭᠤᠰᠢ ᠡᠳ᠋ᠯᠡᠯ ᠲᠠᠸᠠᠷ ᠢᠶᠠᠨ ᠲᠠᠯᠪᠢᠲᠠᠭ ᠭᠡᠷ ᠨᠢ ᠪᠢᠯᠡ᠃ | ᠴᠠᠭ ᠤᠨ ᠪᠠᠶᠢᠲᠠᠯ ᠤᠷᠤᠭ᠎ᠠ ᠪᠤᠰᠤᠭ᠎ᠠ ᠪᠠᠶᠢᠭᠰᠠᠨ ᠴᠦ ᠴᠠᠰᠤ ᠶᠡᠭᠡᠲᠡᠢ ᠠᠴᠠ ᠬᠦᠮᠦᠨ ᠠᠮᠢᠲᠠᠨ ᠤ ᠬᠦᠯ ᠲᠠᠰᠤᠷᠠᠵᠤ᠂ ᠴᠠᠭᠠᠨ ᠨᠠᠭᠤᠷ ᠤᠨ ᠬᠦᠨᠲᠠᠢ ᠳᠤ | ᠨᠠᠮᠰᠠᠷᠠᠢ ᠶᠢᠨ ᠬᠢᠨ ᠵᠤᠷᠰᠢᠯ ᠶᠤᠰᠤᠭᠠᠷ ᠭᠡᠲᠦᠨ ᠮᠠᠯ ᠢᠶᠠᠨ ᠬᠠᠷᠢᠭᠤᠯᠤᠨ ᠴᠢᠬᠢ ᠪᠢᠲᠡᠬᠦᠦ᠂ ᠠᠮᠤᠭᠤᠯᠠᠩ ᠲᠠᠶᠢᠪᠤᠩ ᠨᠢᠭᠡ ᠡᠪᠤᠯ ᠢ ᠦᠩᠭᠡᠷᠡᠭᠡᠵᠡᠢ᠃ | 1949 ᠤᠨ ᠤ ᠬᠠᠪᠤᠷ᠂ ᠡᠪᠦᠯᠵᠢᠶᠡᠨ ᠤ ᠠᠶᠢᠯ ᠤᠳ ᠨᠢᠭᠡ ᠬᠤᠶᠠᠷ ᠢᠶᠠᠷ ᠡᠬᠢᠯᠡᠨ ᠬᠠᠪᠤᠷᠵᠢᠶ᠎ᠠ ᠵᠦᠭ ᠢᠶᠠᠨ ᠨᠡᠬᠦᠵᠦ ᠡᠬᠢᠯᠡᠯ᠎ᠡ᠃ ᠲᠡᠭᠡᠬᠦ ᠳᠤ ᠲᠠᠨᠢᠵᠦ | ᠮᠡᠲᠡᠬᠦ ᠦᠭᠡᠢ ᠤᠯᠠᠨ ᠠᠶᠢᠯ ᠭᠤᠪᠢ ᠨᠤᠲᠤᠭ ᠢᠶᠠᠷ ᠲᠠᠭᠠᠷᠢᠨ ᠪᠠᠷᠠᠭᠤᠨᠰᠢ ᠨᠡᠭᠦᠵᠤ᠂ ᠬᠦᠮᠦᠨ ᠠᠮᠢᠳᠠᠨ ᠦᠢᠮᠡᠯᠲᠦᠨ ᠬᠠᠷ᠎ᠠ ᠱᠤᠤᠬᠢᠶᠠᠨ ᠪᠤᠯᠵᠤ᠂ ᠨᠤᠲᠤᠭ ᠤᠨ | ᠮᠠᠯᠴᠢᠳ ᠤᠬᠭᠠᠨ ᠲᠦᠬᠦᠭᠡ ᠪᠠᠨ ᠤᠯᠬᠤ ᠪᠠᠨ ᠪᠤᠯᠢᠪᠠ᠃ | —— ᠵᠠᠭᠦᠨ ᠵᠦᠭ ᠠᠴᠠ ᠪᠠᠯᠤ ᠢᠷᠡᠭᠦ ᠶᠤᠮ ᠭᠡᠨ᠎ᠡ᠂ ᠲᠡᠲᠡ ᠴᠢᠨᠢ ᠠᠶᠤᠮᠰᠢᠭᠲᠠᠢ ᠤᠯᠤᠰ ᠭᠡᠨ᠎ᠡ᠃ | —— ᠢᠷᠡᠬᠦ ᠠᠴᠠ ᠡᠮᠦᠨ᠎ᠡ ᠠᠮᠵᠢᠵᠤ ᠪᠠᠷᠠᠭᠤᠨᠰᠢ ᠬᠦᠲᠡᠯᠦᠶᠡ | —— ᠪᠤᠷᠬᠠᠨ ᠮᠢᠨᠢ ᠡᠨᠡ ᠴᠢᠨᠢ ᠶᠠᠭᠤ ᠪᠤᠯᠵᠤ ᠪᠠᠶᠢᠨ᠎ᠠ ᠤᠤ︖ | ᠲᠠᠮ ᠤᠨ ᠦᠭᠡ ᠲᠠᠯᠠᠨ ᠰᠠᠯᠠᠭ᠎ᠠ ᠲᠠᠢ ᠪᠤᠯᠵᠤ᠂ ᠦᠨᠡᠨ ᠵᠦᠪ ᠨᠢ ᠤᠯᠲᠠᠭᠲᠠᠬᠤ ᠪᠠᠨ ᠪᠤᠯᠵᠠᠢ᠃ ︿︿ᠨᠡᠶᠢᠯᠡᠭᠡᠳ ᠶᠠᠪᠤᠶ᠎ᠠ᠂ ᠵᠠᠮ ᠳᠤ ᠬᠠᠨᠢ ᠪᠤᠯᠬᠤ ᠦᠭᠡᠢ | ᠤᠤ︖﹀﹀ ᠭᠡᠵᠤ ᠨᠡᠬᠦᠵᠦ ᠶᠠᠪᠤᠭ᠎ᠠ ᠠᠶᠢᠯ ᠭᠡᠯᠡᠬᠦ ᠪᠠᠷ ︿︿ᠲᠡᠶᠢᠮᠦ ᠴᠦ ᠶᠤᠮ ᠤᠤ᠂ ᠡᠷᠲᠡ ᠤᠷᠤᠢ ᠦᠭᠡᠢ ᠨᠡᠬᠦᠬᠦ ᠯᠠ ᠶᠤᠮ ᠴᠢᠨᠢ﹀﹀᠂ ︿︿ᠨᠡᠶᠢᠯᠡᠭᠡᠳ ᠨᠡᠬᠦᠪᠡᠯ | ᠨᠢᠭᠡᠨ ᠨᠢᠭᠡ ᠳᠤ ᠪᠠᠨ ᠲᠦᠰᠢᠭ﹀﹀ ᠭᠡᠳ ᠬᠤᠶᠠᠷ ᠭᠤᠷᠪᠠᠨ ᠠᠶᠢᠯ ᠢᠶᠠᠷ ᠬᠠᠮᠲᠤᠷᠠᠭᠠᠳ ᠨᠡᠬᠦᠵᠦ ᠡᠬᠢᠯᠡᠭᠰᠡᠨ ᠪᠦᠭᠡᠳ ᠵᠠᠷᠢᠮ ᠨᠢ ᠨᠡᠭᠦᠭᠦ ᠪᠠᠷ ᠪᠠᠯᠡᠳᠭᠡᠵᠤ | ᠪᠠᠶᠢᠯ᠎ᠠ᠃ | ᠦᠨᠡᠨ ᠳᠡᠭᠡᠨ ᠲᠠᠷᠠ ᠨᠢ ᠪᠠᠯᠤ ᠪᠢᠰᠢ᠂ ᠬᠠᠷᠢᠨ ᠭᠠᠨᠮᠢᠩ ᠤᠨ ᠴᠡᠷᠢᠭ ᠪᠠ ᠲᠠ᠊ ᠸᠠᠩ ᠤᠨ ᠲᠠᠰᠤᠷᠠᠵᠤ ᠪᠤᠲᠠᠷᠠᠭᠰᠠᠨ ᠴᠡᠷᠢᠭ ᠡᠪ ᠬᠠᠮᠳᠤ ᠨᠠᠮ ᠠᠴᠠ | ᠠᠶᠤᠵᠤ᠂ ᠠᠯᠠᠱᠨ ᠵᠦᠭ ᠲᠤᠳᠠᠭᠠᠵᠤ ᠪᠠᠶᠢᠭᠰᠠᠨ ᠢ ᠮᠠᠯᠴᠢᠳ ᠭᠡᠷᠬᠢᠨ ᠮᠡᠲᠡᠬᠦ ᠠᠵᠠᠢ᠃ ᠤᠷᠠᠳ ᠨᠤᠲᠤᠭ ᠤᠨ ᠭᠡᠰᠡᠭ ᠪᠠᠶᠠᠳ ᠨᠤᠶᠠᠳ᠂ ᠮᠠᠯᠴᠢᠳ ᠤᠳ | ᠪᠠᠷᠠᠭᠤᠨᠰᠢ ᠲᠡᠷᠪᠡᠵᠦ ᠨᠡᠭᠦᠭᠡᠳ ︿︿ᠪᠠᠭ ᠮᠤᠲᠤᠨ ᠤ ᠰᠦᠮ᠎ᠡ﹀﹀᠂ ︿︿ᠪᠠᠶᠠᠨ ᠨᠢᠷᠤᠭᠤ﹀﹀᠂ ︿︿ᠰᠠᠷᠳᠠᠭ ᠰᠠᠯᠠᠭ᠎ᠠ﹀﹀᠂ ︿︿ᠰᠤᠯᠭᠤᠷ ᠪᠤᠯᠤᠩ ᠤᠨ ᠬᠦᠨ﹀﹀ | ᠭᠡᠳᠡᠭ ᠭᠠᠵᠠᠷ ᠲᠤ ᠲᠦᠷ ᠭᠡᠳᠤᠨ ᠰᠠᠷ᠎ᠠ᠂ ᠴᠢᠨᠠᠭᠰᠢᠯᠠᠭᠠᠳ ᠨᠡᠩ ᠤᠲᠠᠭᠠᠨ ᠬᠤᠷᠭᠤᠲᠠᠭᠰᠠᠨ ᠪᠢᠯᠡ᠃ | ᠬᠠᠪᠤᠷ ᠤᠨ ᠰᠡᠬᠦᠯᠴᠢ ᠠᠴᠠ ᠨᠠᠮᠤᠷ ᠤᠨ ᠰᠡᠬᠦᠯᠴᠢ ᠪᠤᠯᠲᠠᠯ᠎ᠠ᠂ ᠤᠷᠠᠳ ᠨᠤᠲᠤᠭ ᠲᠤ ᠬᠦᠮᠦᠰ ᠲᠤᠷ᠎ᠠ ᠪᠠᠷ ᠢᠶᠠᠨ ᠨᠠᠭᠠᠰᠢ ᠴᠠᠭᠠᠰᠢ ᠶᠠᠪᠤᠬᠤ ᠠᠴᠠ ᠠᠶᠤᠬᠤ | ᠪᠤᠯᠵᠤ᠂ ᠮᠠᠯ ᠤᠨᠤᠭᠠᠨ ᠳᠤ ᠪᠠᠨ ᠶᠠᠪᠤᠬᠤ ᠳᠤ ᠴᠦ ᠲᠤᠩ ᠭᠡᠷᠡᠰᠡᠤᠯᠡᠨ᠂ ᠵᠢᠰᠤ ᠪᠤᠷᠤᠭᠤ ᠪᠤᠶᠤ ᠫᠤᠤ ᠵᠡᠪᠰᠡᠭ ᠲᠠᠢ ᠬᠦᠮᠦᠨ ᠦᠵᠡᠭᠲᠡᠭᠰᠡᠭᠡᠷ ᠯᠠ ᠪᠤᠲᠠ | ᠲᠡᠷᠡᠰᠦᠨ ᠳᠤ ᠲᠠᠯᠲᠠᠯᠠᠬᠤ᠂ ᠠᠭᠤᠯᠠ ᠲᠤᠯᠤᠭᠠᠳ ᠤᠨ ᠴᠠᠭᠠᠭᠤᠷ ᠲᠤᠭᠤᠷᠢᠵᠦ ᠶᠠᠪᠤᠬᠤ ᠤᠴᠢᠷ ᠵᠦᠩᠲᠡᠭᠡᠨ ᠭᠠᠷᠲᠠᠭ᠃ | —— ᠲᠤᠮᠲᠠᠲᠤ ᠤᠯᠤᠰ ᠪᠠᠶᠢᠭᠤᠯᠤᠭᠲᠠᠭᠰᠠᠨ ᠭᠡᠨ᠎ᠠ᠃ | —— ᠦᠭᠡᠶᠢᠬᠦᠦ ᠠᠷᠠᠳ ᠤᠲᠤ ᠡᠵᠡᠨ ᠮᠡᠲᠡᠬᠦ ᠡᠷᠭᠡ ᠲᠠᠢ ᠪᠤᠯᠤᠭᠰᠠᠨ ᠭᠡᠨ᠎ᠠ᠃ | —— ᠮᠠᠤ ᠽᠧ ᠳ᠋ᠦᠩ ᠭᠡᠲᠡᠭ ᠬᠦᠮᠦᠨ ᠤᠯᠤᠰ ᠤᠨ ᠲᠡᠷᠢᠬᠦᠯᠡᠭᠴᠢ ᠪᠤᠯᠤᠭᠰᠠᠨ ᠭᠡᠨ᠎ᠡ᠂ ᠠᠭᠤᠤ ᠶᠡᠭᠡ ᠬᠦᠮᠦᠨ ᠭᠡᠨ᠎ᠡ᠃ | —— ᠪᠠᠶᠠᠳ ᠨᠤᠶᠠᠳ ᠢ ᠪᠦᠷ ᠤᠰᠠᠳᠬᠠᠬᠤ ᠶᠤᠮ ᠭᠡᠨ᠎ᠡ ᠁ | ᠤᠶᠢᠷ᠎ᠠ ᠶᠢᠨ ᠵᠢᠯ ᠠᠴᠠ ᠶᠠᠪᠤᠭᠤᠯ ᠶᠠᠷᠢᠶ᠎ᠠ ᠶᠢ ᠤᠯᠠᠨ ᠰᠤᠨᠤᠰᠤᠭᠰᠠᠨ ᠮᠠᠯᠴᠢᠳ ᠤᠨ ᠴᠢᠬᠢ ᠴᠦ ᠲᠦᠭᠵᠢᠷᠡᠵᠦ᠂ ᠠᠯᠢ ᠨᠢ ᠦᠨᠡᠨ ᠠᠯᠢ ᠨᠢ ᠬᠤᠲᠠᠯ | ᠭᠡᠲᠡᠭ ᠢ ᠢᠯᠭᠠᠬᠤ ᠳᠤ ᠬᠦᠴᠢᠷ ᠪᠤᠯᠵᠠᠢ᠃ ᠰᠤᠨᠤᠰᠤᠭᠰᠠᠨ ᠲᠡᠷᠡ ᠪᠦᠬᠦᠨ ᠢᠶᠠᠨ ᠲᠤᠷ᠎ᠠ ᠪᠠᠷ ᠢᠶᠠᠨ ᠨᠠᠭᠠᠰᠢ ᠴᠠᠭᠠᠰᠢ ᠲᠠᠮᠵᠢᠭᠤᠯᠬᠤ ᠠᠴᠠ ᠵᠢᠷᠦᠭᠡᠰᠢᠶᠡᠨ᠂ ᠠᠯᠢ | ᠡᠲᠦᠷ ᠰᠠᠶᠢᠬᠢ ᠠᠶᠤᠯ ᠨᠢ ᠢᠷᠡᠲᠡᠭ ᠪᠤᠯ ᠤᠤ ᠭᠡᠵᠤ ᠵᠢᠷᠦᠭᠡ ᠪᠠᠨ ᠭᠠᠷ ᠲᠤ ᠪᠠᠨ ᠪᠠᠷᠢᠴᠢᠬᠠᠭᠰᠠᠨ ᠡᠲᠦᠷ ᠬᠤᠨᠤᠭ ᠢ ᠦᠩᠭᠡᠷᠡᠭᠡᠨ᠎ᠡ᠃ ᠪᠠᠶᠠᠳ ᠨᠤᠶᠠᠳ ᠴᠦ | ᠠᠶᠢᠯ ᠲᠤᠭᠤᠷᠢᠨ ᠰᠤᠷᠲᠤᠭᠠᠯᠠᠲᠠᠭ ᠢᠶᠠᠨ ᠪᠤᠯᠢᠵᠤ᠂ ᠭᠡᠷ ᠤᠨ ᠮᠤᠬᠤᠷ ᠰᠠᠬᠢᠨ᠂ ᠬᠠᠶᠠ ᠨᠢᠭᠡ ᠲᠠᠨᠢᠯ ᠲᠠᠰᠤᠯ ᠬᠦᠮᠦᠨ ᠲᠠᠢ ᠠᠭᠤᠯᠵᠠᠬᠤ ᠪᠠᠷ | ︿︿ᠶᠠᠭᠤ ᠪᠤᠯᠪᠠᠤ︖﹀﹀᠂ ︿︿ᠶᠠᠭᠠᠬᠢᠵᠤ ᠪᠠᠶᠢᠨ᠎ᠠ︖﹀﹀ ᠭᠡᠵᠤ ᠦᠪᠡᠷ ᠲᠤᠨᠢ ᠰᠤᠨᠤᠰᠲᠠᠮᠠ ᠦᠭᠡᠢ ᠲᠤᠤᠷ᠎ᠠ ᠲᠠᠭᠤᠨ ᠢᠶᠠᠷ ᠠᠰᠠᠭᠤᠨ᠎ᠠ᠃ | ᠨᠠᠮᠰᠠᠷᠠᠢ ᠶᠢᠨ ᠬᠢᠨᠢ ᠡᠨᠡ ᠡᠪᠤᠯ ᠨᠢ ᠤᠷᠠᠳ ᠤᠨ ᠬᠤᠶᠢᠳᠤ ᠬᠤᠰᠢᠭᠤᠨ ᠤ ︿︿ᠰᠢᠷ᠎ᠠ ᠶᠢᠨ ᠪᠠᠶᠠᠨᠴᠠᠭᠠᠨ﹀﹀ ᠬᠠᠶᠢᠷᠬᠠᠨ ᠤ ᠠᠷᠤ ᠲᠠᠬᠢ | | | ︿︿ᠭᠦᠭᠡ ᠲᠠᠪᠠᠭ᠎ᠠ﹀﹀ ᠭᠡᠳᠡᠭ ᠭᠠᠵᠠᠷ ᠲᠤ ᠡᠪᠤᠯᠵᠢᠵᠦ᠂ ᠲᠡᠭᠡᠷᠡᠮ ᠬᠤᠯᠠᠭᠠᠢ ᠲᠠᠭᠠᠷᠠᠭᠰᠠᠨ ᠦᠭᠡᠢ ᠠᠮᠤᠷ ᠮᠡᠨᠲᠦᠭᠡᠨ ᠦᠩᠭᠡᠷᠡᠭᠡᠭᠰᠡᠨ ᠴᠦ ᠰᠢᠷᠡᠬᠦᠦ ᠭᠤᠸᠠᠢ ᠶᠢᠨ | ᠲᠠᠯ᠎ᠠ ᠭᠠᠷᠤᠭᠰᠠᠨ ᠨᠠᠭ᠎ᠠ ᠡᠵᠢ ᠨᠢ ᠢᠷᠡᠬᠦ ᠵᠢᠯ ᠤᠨ ᠨᠢᠭᠤᠷ ᠢ ᠬᠠᠷᠠᠵᠤ ᠴᠢᠲᠠᠯ ᠦᠭᠡᠢ ᠪᠢᠳᠡᠭᠦᠨ ᠤ ᠡᠲᠦᠷ ᠲᠡᠭᠷᠢ ᠳᠤ ᠬᠠᠯᠢᠭᠰᠠᠨ ᠪᠢᠯᠡ᠃ ᠰᠢᠷᠡᠬᠦᠦ ᠭᠤᠸᠠᠢ | ᠴᠦ ᠨᠡᠯᠢᠶᠡᠳ ᠤᠬᠠᠭᠠᠨ ᠤᠷᠤᠵᠤ᠂ ᠡᠳᠡᠭᠡᠷ ᠶᠠᠪᠤᠳᠠᠯ ᠢ ᠴᠦ ᠪᠦᠷ ᠲᠤᠲᠤᠷᠬᠠᠢ ᠮᠡᠳᠡᠬᠦ ᠪᠤᠯᠤᠭᠰᠠᠨ ᠪᠠᠶᠢᠨ᠎ᠠ᠃ | 1950 ᠤᠨ ᠤ ᠬᠠᠪᠤᠷ ᠪᠤᠯᠬᠤ ᠳᠤ ᠮᠠᠯᠴᠢᠳ ᠤᠯᠤᠰ ᠪᠠᠶᠢᠭᠤᠯᠤᠭᠲᠠᠭᠰᠠᠨ ᠭᠡᠲᠡᠭ ᠢ ᠪᠦᠷ ᠮᠡᠲᠡᠭᠰᠡᠨ ᠪᠦᠭᠡᠳ ᠤᠲᠠᠯ ᠦᠭᠡᠢ ᠦᠪᠡᠷ ᠢᠶᠠᠨ ᠡᠵᠡᠨ | ᠪᠤᠯᠤᠨ᠎ᠠ ᠭᠡᠰᠡᠨ ᠢ ᠪᠠᠲᠤ ᠢᠲᠡᠭᠡᠭᠰᠡᠨ ᠪᠠᠶᠢᠨ᠎ᠠ᠃ ᠭᠡᠬᠦ ᠳᠤ ᠤᠷᠠᠳ ᠨᠤᠲᠤᠭ ᠲᠤ ᠬᠤᠯᠠᠭᠠᠢ ᠲᠡᠭᠡᠷᠡᠮ ᠤᠯᠠᠰᠢᠷᠠᠵᠤ᠂ ᠬᠠᠷ᠎ᠠ ᠦᠢᠮᠡᠭᠡᠨ ᠪᠤᠯᠪᠠ᠃ ᠮᠠᠯᠴᠢᠳ | ᠠᠶᠤᠬᠤ ᠳᠠᠭᠠᠨ ᠪᠠᠭ᠎ᠠ ᠰᠠᠭ᠎ᠠ ᠭᠡᠷᠡᠭ ᠲᠠᠢ ᠡᠳ᠋ ᠲᠠᠸᠠᠷ ᠢᠶᠠᠨ ᠠᠭᠤᠯᠠ ᠬᠠᠳᠠᠨ ᠤ ᠭᠦᠨᠳᠠᠢ ᠵᠠᠪᠰᠠᠷ ᠡᠷᠭᠢ ᠭᠤᠤ᠂ ᠲᠡᠷᠡᠰᠤ ᠪᠤᠳᠠᠨ ᠤ ᠲᠤᠤᠷ᠎ᠠ ᠨᠢᠭᠤᠵᠤ | ᠲᠠᠯᠪᠢᠲᠠᠭ ᠪᠤᠯᠪᠠ᠃ ᠬᠤᠯᠠ ᠤᠶᠢᠷ᠎ᠠ ᠶᠢᠨ ᠴᠢᠮᠡᠭᠡ ᠪᠠᠷ ᠠᠮᠠ ᠬᠠᠮᠬᠢᠯ ᠦᠭᠡᠢ ᠬᠤᠴᠠᠲᠠᠭ ᠬᠤᠲᠠᠴᠢ ᠨᠤᠬᠠᠢ ᠴᠦ ᠰᠦᠨᠢ ᠪᠤᠯᠪᠠᠯ ᠭᠡᠯᠡ ᠪᠠᠨ ᠬᠤᠷᠢᠶᠠᠵᠤ᠂ | ᠭᠡᠴᠢᠨᠡᠨ ᠵᠠᠭᠤᠨ ᠢᠶᠠᠷ ᠬᠤᠲᠠ ᠰᠠᠬᠢᠭᠰᠠᠨ ᠨᠤᠬᠠᠢ ᠬᠤᠴᠠᠬᠤ ᠪᠤᠯᠤᠭᠰᠠᠨ ᠨᠢ ᠰᠤᠨᠢᠨ ᠰᠡᠪᠠᠬᠦᠨ ᠤᠴᠢᠷ ᠪᠤᠯᠵᠠᠢ᠃ ᠬᠤᠲᠠᠴᠢ ᠨᠤᠬᠠᠶᠢᠳ ᠤᠨ ᠴᠢᠬᠢ ᠨᠢ | ᠲᠦᠯᠡᠶᠢᠷᠡᠭᠰᠡᠨ ᠪᠢᠰᠢ᠂ ᠬᠠᠷᠢᠨ ᠬᠤᠯᠠᠭᠠᠢ ᠲᠡᠭᠡᠷᠡᠮ ᠤᠳ ᠰᠠᠷᠢᠰᠤᠨ ᠪᠠᠭᠪᠠᠭ᠋ᠠᠢ ᠰᠢᠭ᠋ ᠰᠦᠨᠢ ᠶᠢᠨ ᠬᠦᠰᠢᠭᠡ ᠶᠢ ᠠᠰᠢᠭᠯᠠᠨ ᠬᠠᠮᠢᠭ᠎ᠠ ᠠᠶᠢᠯ ᠪᠠᠶᠢᠬᠤ ᠶᠢ ᠨᠤᠬᠠᠢ | ᠶᠢᠨ ᠲᠠᠭᠤᠨ ᠢᠶᠠᠷ ᠡᠷᠢᠵᠦ ᠤᠯᠲᠠᠭ ᠤᠨ ᠤᠴᠢᠷ ᠮᠠᠯᠴᠢᠳ ᠮᠠᠨᠢ ᠰᠦᠨᠢ ᠳᠤ ᠪᠠᠨ ᠴᠢᠮᠡᠭᠡ ᠭᠠᠷᠬᠤ ᠠᠴᠠ ᠠᠶᠤᠵᠤ ᠨᠤᠬᠠᠢ ᠶᠢᠨ ᠢᠶᠠᠨ ᠠᠮᠠ ᠶᠢ ᠪᠤᠭᠤᠵᠤ | ᠬᠤᠨᠤᠲᠠᠭ ᠪᠤᠯᠵᠠᠢ᠃ ᠬᠦᠭᠡᠷᠦᠬᠦᠢ ᠳ᠋ᠠ᠂ ᠭᠡᠯᠡ ᠦᠭᠡᠢ ᠠᠮᠢᠲᠠᠨ ᠳᠤ ᠬᠠᠯᠠ ᠪᠤᠯᠵᠠᠢ᠃ ᠨᠠᠮᠰᠠᠷᠠᠢ ᠭᠤᠸᠠᠢ ᠴᠦ ᠲᠤᠭ᠎ᠠ ᠲᠠᠢ ᠭᠡᠲᠦᠭᠡᠨ ᠪᠤᠲᠠ ᠪᠤᠭ ᠮᠠᠯ ᠢᠶᠠᠨ | ᠲᠡᠭᠡᠷᠡᠮ ᠲᠤᠨᠤᠭ᠎ᠠ ᠳᠤ ᠠᠯᠲᠠᠴᠢᠬᠠᠬᠤ ᠠᠴᠠ ᠠᠶᠤᠵᠤ᠂ ᠵᠢᠷᠦᠭᠡ ᠪᠠᠨ ᠭᠠᠷ ᠲᠤ ᠪᠠᠨ ᠪᠠᠷᠢᠭᠰᠠᠭᠠᠷ ᠡᠲᠦᠷ ᠬᠤᠨᠤᠭ ᠢ ᠦᠩᠭᠡᠷᠡᠭᠡᠨ᠎ᠡ᠃ | ᠬᠠᠪᠤᠷ ᠤᠨ ᠠᠭᠤᠷ ᠴᠦ ᠰᠠᠯᠬᠢ ᠦᠭᠡᠢ ᠴᠠᠰᠤ ᠬᠢᠷᠠᠮᠠᠭᠯᠠᠨ ᠰᠠᠶᠢᠬᠠᠨ ᠤᠷᠤᠯ᠎ᠠ᠃ ᠰᠦᠬᠦᠯᠡᠭᠰᠡᠨ ᠴᠠᠰᠤ ᠰᠦᠬᠦᠮ ᠰᠦᠬᠦᠮ ᠢᠶᠠᠷ ᠬᠠᠶᠢᠯᠠᠵᠤ᠂ ᠨᠡᠷ᠎ᠡ | ᠡᠭᠡᠪᠦᠷ ᠭᠤᠤ ᠵᠢᠯᠠᠭ᠎ᠠ ᠪᠠᠷ ᠨᠢᠯᠬ᠎ᠠ ᠨᠤᠭᠤᠭ᠎ᠠ ᠴᠤᠬᠤᠶᠢᠵᠤ ᠢᠲᠠᠭᠤ ᠴᠠᠳᠴᠤ ᠡᠬᠢᠯᠡᠪᠡ᠃ | —— ᠡᠨᠡ ᠬᠠᠪᠤᠷ ᠴᠦ ᠰᠠᠯᠬᠢ ᠦᠭᠡᠢ ᠰᠠᠶᠢᠬᠠᠨ ᠬᠠᠪᠤᠷ ᠪᠤᠯᠬᠤ ᠨᠢ ᠡ ︕ | —— ᠡᠨᠡ ᠵᠢᠯ ᠴᠦ ᠬᠤᠷ᠎ᠠ ᠪᠤᠷᠤᠭᠠᠨ ᠲᠡᠩᠴᠡᠭᠰᠡᠨ ᠰᠠᠶᠢᠬᠠᠨ ᠵᠢᠯ ᠪᠤᠯᠬᠤ ᠳ᠋ᠠ︕ ᠭᠡᠵᠤ ᠲᠡᠭᠷᠢ ᠪᠠᠨ ᠰᠢᠨᠵᠢᠵᠦ ᠰᠢᠨ᠎ᠡ ᠡᠲᠦᠷ ᠢᠶᠠᠨ ᠤᠭᠲᠤᠲᠠᠭ | ᠨᠢ ᠮᠠᠯᠴᠢᠨ ᠬᠦᠮᠦᠨ ᠵᠠᠭᠤ ᠮᠢᠩᠭᠠᠨ ᠢᠶᠠᠷ ᠤᠯᠠᠮᠵᠢᠯᠠᠭᠲᠠᠨ ᠢᠷᠡᠭᠰᠡᠨ ᠠᠮᠢᠲᠤᠷᠠᠬᠤᠢ ᠶᠢᠨ ᠲᠤᠷᠰᠢᠯᠭ᠎ᠠ ᠶᠢᠨ ᠨᠢᠭᠡ ᠪᠠᠶᠢᠵᠤ᠂ ᠨᠢᠭᠡ ᠶᠤᠰᠤᠨ ᠳᠤ ᠪᠠᠨ ᠰᠢᠨᠵᠢᠯᠡᠬᠦ | ᠤᠬᠠᠭᠠᠨ ᠤ ᠦᠨᠲᠦᠰᠦ ᠪᠠᠷᠢᠮᠲᠠ ᠪᠦᠷᠢᠨ ᠠᠭᠤᠯᠤᠭᠲᠠᠵᠤ ᠪᠠᠶᠢᠲᠠᠭ᠃ ᠪᠤᠶᠢᠲᠠ ᠪᠦᠭᠯᠡᠬᠦᠦ ᠤᠷᠠᠳ ᠨᠤᠲᠤᠭ ᠤᠨ ᠮᠠᠯᠴᠢᠳ ᠤᠨ ᠠᠮᠢᠲᠤᠷᠠᠯ ᠤᠤᠯ ᠶᠤᠰᠤᠭᠠᠷ | ᠦᠷᠬᠦᠯᠵᠢᠯᠡᠵᠦ᠂ ᠮᠠᠯᠴᠢᠳ ᠲᠦᠯ ᠲᠤᠰᠤᠨ᠎ᠠ᠂ ᠬᠠᠪᠤᠷᠵᠢᠶᠠᠨ ᠳᠤ ᠭᠠᠷᠤᠨ᠎ᠠ ᠭᠡᠳ ᠶᠠᠭᠠᠷᠠᠯᠲᠤᠵᠤ ᠪᠠᠶᠢᠬᠤ ᠳᠤ ᠬᠤᠶᠠᠷ ᠭᠤᠷᠪᠠ᠂ ᠲᠠᠪᠤ ᠠᠷᠪᠠ ᠪᠠᠷ ᠬᠠᠨᠢ | ᠲᠠᠲᠠᠭᠰᠠᠨ ᠮᠤᠷᠢᠲᠠᠢ ᠬᠦᠮᠦᠰ ᠭᠡᠲᠦ ᠬᠤᠨᠤᠯ ᠦᠭᠡᠢ ᠪᠠᠷᠠᠭᠤᠰᠢ ᠪᠤᠲᠠᠷᠠᠯᠲᠤᠨ ᠴᠤᠪᠤᠵᠤ᠂ ᠬᠠᠪᠤᠷ ᠤᠨ ᠭᠠᠴᠢᠭ ᠴᠠᠭ ᠪᠠᠶᠢᠭᠰᠠᠨ ᠴᠦ ᠵᠠᠮ ᠲᠤᠵᠢ ᠲᠠᠭᠠᠷᠠᠭᠰᠠᠨ | ᠠᠶᠢᠯ ᠪᠤᠯᠭᠠᠨ ᠢᠶᠠᠷ ᠲᠤᠨᠤᠨ ᠲᠡᠭᠡᠷᠡᠮᠲᠦᠵᠦ᠂ ᠨᠢᠬᠦᠯ ᠲᠠᠷᠢᠭᠰᠠᠨ ᠫᠤᠥ ᠶᠢᠨ ᠠᠮᠠᠨ ᠠᠴᠠ ᠰᠦᠷᠲᠡᠨ ᠡᠰᠡᠷᠬᠦᠴᠡᠵᠦ ᠴᠢᠲᠠᠯ ᠦᠭᠡᠢ ᠬᠠᠷᠠᠵᠤ ᠬᠤᠴᠤᠷᠠᠨ᠎ᠠ᠃ ︿︿ᠵᠠ | ᠶᠠᠭᠠᠬᠢᠪ ᠳ᠋ᠠ᠂ ︿ᠠᠮᠢᠲᠤ ᠶᠠᠪᠤᠪᠠᠯ ᠠᠯᠲᠠᠨ ᠠᠶᠠᠭᠠᠨ ᠠᠴᠠ ᠤᠰᠤ ᠤᠤᠭᠤᠨ᠎ᠠ﹀ ᠭᠡᠲᠡᠭ ᠶᠤᠮ᠂ ᠠᠮᠢ ᠲᠠᠢ ᠭᠤᠤᠯ ᠲᠠᠢ ᠦᠯᠡᠲᠡᠭᠰᠡᠨ ᠨᠢ ᠪᠤᠷᠬᠠᠨ ᠲᠡᠭᠷᠢ ᠵᠦᠪ | ᠬᠠᠷᠠᠵᠤ ᠳ᠋ᠠ﹀﹀ ᠭᠡᠵᠤ ᠰᠢᠷᠬᠠᠯᠠᠭᠰᠠᠨ ᠰᠡᠳᠬᠢᠯ ᠢᠶᠠᠨ ᠠᠷᠭᠠᠲᠠᠨ ᠪᠤᠷᠬᠠᠨ ᠳᠤ ᠪᠠᠨ ᠵᠠᠯᠪᠢᠷᠠᠨ᠎ᠠ᠃ | ᠬᠠᠪᠤᠷ ᠤᠨ ᠰᠡᠬᠦᠯᠴᠢ ᠵᠤᠨ ᠤ ᠡᠬᠢ ᠪᠤᠯᠬᠤ ᠳᠤ ᠨᠠᠮᠵᠢᠭᠤᠨ ᠲᠤᠭᠲᠠᠭᠤᠨ ᠪᠤᠯᠵᠤ᠂ ᠤᠷᠠᠳ ᠨᠤᠲᠤᠭ ᠠᠮᠤᠷ ᠲᠠᠶᠢᠪᠤᠩ ᠠᠭᠤᠷ ᠠᠮᠢᠰᠬᠤᠯ ᠢᠶᠠᠷ | ᠪᠢᠯᠬᠠᠯ᠎ᠠ᠃ ᠮᠠᠯᠴᠢᠳ ᠤᠨ ᠰᠡᠳᠬᠢᠯ ᠰᠠᠨᠠᠭ᠎ᠠ ᠨᠡᠯᠢᠶᠡᠳ ᠲᠤᠭᠲᠠᠭᠤᠨ ᠲᠠᠶᠢᠪᠤᠩ ᠪᠤᠯᠵᠤ ︿︿ᠵᠤᠯ ᠳᠤ ᠪᠠᠨ ᠲᠡᠭᠡᠷᠡᠮ ᠬᠤᠯᠠᠭᠠᠢ ᠡᠨᠡ ᠲᠡᠷᠡ ᠭᠡᠵᠤ ᠠᠶᠤᠬᠤ | ᠶᠠᠭᠤᠮ᠎ᠠ ᠦᠭᠡᠢ ᠰᠠᠶᠢᠬᠠᠨ ᠴᠠᠭ ᠪᠤᠯᠤᠨ᠎ᠠ﹀﹀ ᠭᠡᠵᠤ ᠠᠮᠢᠲᠤᠷᠠᠯ ᠶᠠᠲᠠᠭᠤᠬᠠᠨ ᠪᠤᠶᠤ ᠶᠡᠷᠦ ᠶᠢᠨ ᠮᠠᠯᠴᠢᠳ ᠢᠲᠡᠭᠡᠵᠦ ᠶᠠᠷᠢᠯᠴᠠᠬᠤ ᠳᠤ ᠪᠠᠶᠠᠳ ᠤᠳ ᠤᠨ ᠲᠤᠲᠤᠷ᠎ᠠ | ᠳ᠋ᠠᠩ ᠲᠤᠩ ᠲᠠᠢ ᠪᠠᠶᠢᠵᠤ ︿︿ᠡᠪ ᠬᠠᠮᠲᠤ ᠨᠠᠮ ᠶᠡᠷᠦᠨᠢ ᠪᠠᠶᠠᠳ ᠨᠤᠶᠠᠳ ᠢ ᠯᠠ ᠦᠵᠡᠵᠦ ᠴᠢᠲᠠᠲᠠᠭ ᠦᠭᠡᠢ ᠶᠤᠮ ᠪᠠᠶᠢᠨ᠎ᠠ᠂ ᠪᠢᠲᠡᠨ ᠤ ᠦᠪᠡᠷ ᠲᠡᠭᠡᠨ | ᠴᠤᠭᠯᠠᠭᠤᠯᠤᠭᠰᠠᠨ ᠬᠦᠷᠦᠩᠭᠡ ᠶᠢ ᠮᠢᠨᠢ ᠬᠤᠵᠢᠮ ᠡᠳ᠋ ᠤᠨ ᠵᠠᠰᠠᠭ ᠲᠤ ᠬᠤᠷᠢᠶᠠᠵᠤ ᠮᠡᠲᠡᠬᠦ ᠯᠠ ᠶᠤᠮ﹀﹀ ᠭᠡᠵᠤ ᠢᠯᠡ ᠪᠠᠷ ᠰᠠᠶᠢᠬᠠᠨ ᠵᠠᠩᠨᠠᠵᠤ ᠲᠠᠯᠲᠠᠭᠤᠷ | ᠬᠤᠭᠤᠷᠤᠨᠲᠤ ᠪᠠᠨ ᠰᠡᠵᠢᠭ ᠠᠵᠢᠭ ᠲᠠᠢ ᠦᠭᠡ ᠶᠢ ᠭᠡᠯᠡᠯᠴᠡᠲᠡᠭ ᠪᠠᠶᠢᠭᠰᠠᠨ ᠭᠡᠲᠡᠭ᠂ ᠲᠡᠷᠡ ᠦᠶ᠎ᠠ ᠳᠤ ᠦᠭᠡᠶᠢᠬᠦᠦ ᠠᠩᠬᠢ ᠪᠤᠯᠤᠨ ᠬᠦᠷᠦᠩᠭᠡᠲᠡᠨ ᠠᠩᠬᠢ᠂ | ᠪᠠᠶᠠᠨ ᠪᠤᠯᠤᠨ ᠶᠠᠲᠠᠭᠤ ᠶᠢᠨ ᠵᠦᠷᠢᠴᠡᠯ ᠨᠢᠭᠤᠴᠠ ᠲᠠᠯᠲᠠ᠂ ᠨᠡᠯᠢᠶᠠᠳ ᠪᠤᠲᠤᠯᠢᠶᠠᠨ ᠲᠠᠢ ᠪᠠᠶᠢᠭᠰᠠᠨ ᠢ ᠤᠯᠠᠨ ᠤ ᠶᠠᠷᠢᠶ᠎ᠠ ᠨᠡᠶᠢᠭᠡᠮ ᠤᠨ ᠬᠦᠭᠵᠢᠯᠲᠡ ᠶᠢᠨ ᠲᠤᠮᠲᠠ | ᠠᠴᠠ ᠰᠢᠷᠡᠬᠦᠦ ᠭᠤᠸᠠᠢ ᠪᠠᠭ᠎ᠠ ᠭᠠᠲᠠᠷᠯᠠᠬᠤ ᠪᠤᠯᠵᠠᠢ᠃ ᠤᠷᠢᠨ ᠲᠤᠯᠠᠭᠠᠨ ᠪᠤᠯᠵᠤ ᠡᠪᠡᠰᠤ ᠤᠷᠭᠤᠮᠠᠯ ᠢᠬᠴᠢ ᠰᠠᠬᠤᠯᠢᠭ ᠪᠤᠯᠬᠤ ᠶᠢ ᠲᠠᠭᠠᠯᠲᠤᠨ ᠤᠯᠤᠰ ᠠᠴᠠ | ᠲᠤᠮᠢᠯᠠᠭᠰᠠᠨ ᠲᠤᠮᠤ ᠲᠤᠮᠤ ᠬᠤᠪᠢᠰᠬᠠᠠᠯᠴᠢ ᠲᠠᠷᠤᠭ᠎ᠠ ᠤᠳ ᠤᠷᠠᠳ ᠨᠤᠲᠤᠭ ᠲᠤ ᠢᠷᠡᠵᠦ᠂ ᠨᠢᠭᠡ ᠪᠦᠯᠦᠭ ᠬᠤᠷᠢᠭᠠᠳ ᠨᠠᠰᠤᠨ ᠤ ᠪᠠᠭ᠎ᠠ ᠰᠠᠭ᠎ᠠ ᠮᠡᠲᠡᠯᠭᠡ ᠲᠠᠢ | ᠵᠠᠯᠠᠭᠤᠴᠤᠳ ᠢ ᠺᠠᠳ᠋ᠷ ᠤᠨ ᠪᠤᠯᠪᠠᠰᠤᠷᠠᠯ ᠳᠤ ᠶᠠᠪᠤᠭᠤᠯᠤᠨ᠂ ᠬᠤᠰᠢᠭᠤ ᠪᠠᠶᠢᠭᠤᠯᠬᠤ ᠳᠤ ᠪᠡᠯᠡᠳᠭᠡᠵᠦ ᠪᠠᠶᠢᠭ᠎ᠠ ᠶᠤᠮ ᠭᠡᠨ᠎ᠠ᠃ ᠡᠨᠡᠬᠦ ᠪᠤᠯᠪᠠᠰᠤᠷᠠᠯ ᠳᠤ ᠰᠢᠷᠠᠬᠦᠦ | ᠭᠤᠸᠠᠢ ᠶᠢᠨ ᠠᠬ᠎ᠠ ᠨᠢ ᠴᠦ ᠪᠠᠭᠲᠠᠯᠴᠠᠨ ᠤᠯᠤᠰ ᠤᠨ ᠠᠯᠪᠠᠲᠠᠨ ᠪᠤᠯᠤᠭᠰᠠᠨ ᠶᠤᠮ᠃ ᠡᠨᠡ ᠦᠶ᠎ᠡ ᠠᠴᠠ ᠡᠬᠢᠯᠡᠨ ᠲᠦᠮᠡᠨ ᠤ ᠰᠡᠳᠬᠢᠯ ᠳᠤ ᠤᠯᠠᠨ ᠵᠢᠯ | ᠵᠠᠩᠬᠢᠷᠠᠭᠰᠠᠨ ᠵᠠᠩᠬᠢᠲᠤᠭᠠᠰᠤ ᠲᠠᠶᠢᠯᠤᠭᠲᠠᠵᠤ᠂ ᠮᠠᠯᠴᠢᠳ ᠤᠨ ᠰᠠᠨᠠᠭ᠎ᠠ ᠰᠡᠳᠬᠢᠯ ᠲᠠᠶᠢᠪᠤᠰᠢᠷᠠᠨ᠂ ᠪᠠᠯᠤ ᠭᠡᠲᠡᠭ ᠴᠢᠨᠢ ᠦᠭᠡᠶᠢᠬᠦᠦ ᠠᠷᠠᠳ ᠤᠨ ᠡᠷᠭᠡ ᠴᠢᠯᠦᠭᠡᠨ ᠤ | ᠲᠦᠯᠦᠭᠡ ᠲᠠᠮᠡᠴᠡᠵᠦ ᠶᠠᠪᠤᠭᠰᠠᠨ ᠴᠡᠷᠢᠭ ᠭᠡᠲᠡᠭ ᠢ ᠤᠬᠠᠭᠠᠷᠠᠵᠠᠢ᠃ 1950 ᠤᠨ ᠤ 7 ᠰᠠᠷ᠎ᠠ ᠶᠢᠨ 18 ᠤ ᠡᠲᠦᠷ ᠤᠷᠠᠳ ᠤᠨ ᠲᠤᠮᠲᠠᠲᠤ ᠬᠤᠰᠢᠭᠤ | ᠨᠠᠶᠢᠷᠠᠮᠲᠠᠯ ᠢᠶᠠᠷ ᠴᠢᠯᠦᠭᠡᠯᠡᠭᠲᠡᠨ᠂ ᠠᠷᠠᠳ ᠤᠨ ᠵᠠᠰᠠᠭ ᠤᠨ ᠤᠷᠲᠤᠨ ᠢᠶᠠᠨ ᠪᠤᠮᠪᠠᠲᠠᠢ ︵ᠤᠲᠤ ᠶᠢᠨ ᠬᠤᠯᠤᠰᠤᠲᠠᠢ ᠰᠤᠮᠤᠨ ᠤ ᠦᠵᠦᠬᠦᠷ ᠭᠠᠴᠠᠭᠠᠨ ᠳᠤ ᠪᠤᠢ︶ | ᠳᠤ ᠪᠠᠶᠢᠭᠤᠯᠤᠭᠲᠠᠵᠤ᠂ ᠤᠷᠠᠳ ᠨᠤᠲᠤᠭ ᠤᠨ ᠮᠠᠯᠴᠢᠳ ᠲᠦᠮᠡᠨ ᠤ ᠲᠤᠮᠲᠠ ᠲᠤᠯᠤᠭᠠᠢ ᠦᠨᠲᠡᠶᠢᠵᠦ᠂ ᠲᠦᠷᠦ ᠶᠢᠨ ᠬᠦᠭᠵᠢᠯ ᠳᠤ ᠦᠭᠡ ᠭᠡᠯᠡᠬᠦ ᠡᠷᠭᠡ ᠲᠠᠢ | ᠪᠤᠯᠤᠭᠰᠠᠨ ᠶᠤᠮ᠃ | ᠨᠡᠶᠢᠭᠡᠮ ᠤᠨ ᠬᠤᠪᠢᠰᠤᠯ ᠰᠢᠨᠡᠲᠦᠯ ᠭᠡᠵᠤ ᠭᠡᠲᠦᠭᠡᠨ ᠵᠢᠯ ᠤᠨ ᠬᠤᠭᠤᠷᠤᠨᠲᠤ ᠪᠤᠯᠲᠠᠭ ᠨᠢ ᠬᠠᠴᠢᠨ᠃ ᠲᠡᠤᠭᠡ ᠶᠢᠨ ᠤᠯᠠᠷᠢᠯ ᠬᠤᠪᠢᠷᠠᠯ ᠭᠡᠵᠤ ᠡᠬᠦᠯᠡ | ᠠᠭᠤᠯᠠ ᠮᠠᠯᠠᠭᠠᠶᠢᠲᠠᠨ ᠴᠠᠰᠤ ᠪᠤᠷᠤᠭᠠᠨ ᠤᠷᠤᠬᠤ᠂ ᠡᠪᠡᠰᠤ ᠭᠠᠵᠠᠷ ᠡᠯᠢᠭᠡᠲᠡᠨ ᠨᠤᠭᠤᠭᠠᠷᠠᠵᠤ ᠰᠢᠷᠠᠯᠠᠬᠤ ᠲᠠᠢ ᠶᠠᠭᠠᠬᠢᠭᠰᠠᠨ ᠲᠦᠰᠦᠲᠡᠢ ᠶᠢ ᠪᠤᠤ ᠮᠡᠲᠡ᠃ | ᠦᠴᠦᠭᠡᠲᠦᠷᠭᠡᠨ ᠬᠦᠷᠲᠡᠯ᠎ᠡ ᠬᠠᠷᠠᠩᠭᠤᠢ ᠬᠠᠷ᠎ᠠ ᠰᠢᠭᠤᠷᠭᠠᠨ ᠲᠠᠢ ᠪᠠᠶᠢᠭᠰᠠᠨ ᠲᠡᠭᠷᠢ ᠦᠷᠯᠦᠭᠡ ᠪᠤᠯᠬᠤ ᠳᠤ ᠨᠠᠷᠠ ᠲᠤᠨᠤᠷᠠᠴᠢᠬᠠᠭᠰᠠᠨ ᠨᠠᠪᠴᠢ ᠰᠤᠨᠢᠶᠠᠴᠢᠬᠠᠭᠰᠠᠨ | ᠡᠲᠦᠷ ᠪᠤᠯᠲᠠᠭ ᠨᠢ ᠭᠠᠶᠢᠬᠠᠮᠰᠢᠭᠲᠠᠢ᠃ | ᠰᠢᠨ᠎ᠠ ᠨᠡᠶᠢᠭᠡᠮ ᠪᠤᠯᠵᠤ᠂ ᠰᠢᠨ᠎ᠡ ᠰᠢᠨ᠎ᠠ ᠵᠠᠷᠯᠢᠭ ᠵᠢᠭᠠᠪᠤᠷᠢ ᠠᠷᠤ ᠠᠷᠤ ᠤᠯᠠᠮᠵᠢᠯᠠᠭᠲᠠᠵᠤ ᠯᠠ ᠪᠠᠶᠢᠭᠰᠠᠨ᠃ ᠪᠠᠶᠠᠳ ᠨᠤᠶᠠᠳ ᠤᠨ ᠬᠠᠮᠤᠭ ᠠᠴᠠ ᠠᠶᠤᠵᠤ | ᠪᠠᠶᠢᠭᠰᠠᠨ ᠶᠠᠪᠤᠲᠠᠯ ᠬᠠᠰᠢᠯᠠ ᠡᠬᠦᠰᠦᠯᠡ᠃ ᠰᠢᠨ᠎ᠠ ᠦᠭᠡᠷᠡᠴᠢᠯᠡᠯᠲᠡ ᠰᠢᠨ᠎ᠠ ᠬᠤᠪᠢᠰᠤᠯᠲᠠ ᠶᠢᠨ ᠤᠷᠢᠬᠠᠨ ᠰᠠᠯᠬᠢ ᠤᠷᠠᠳ ᠨᠤᠲᠤᠭ ᠢ ᠨᠡᠶᠢᠲᠡᠮ ᠢᠯᠪᠢᠵᠦ᠂ ᠶᠡᠭᠡ | ᠬᠠᠮᠲᠤ ᠪᠠᠶᠢᠭᠤᠯᠤᠭᠲᠠᠨ ᠮᠠᠯ ᠰᠦᠷᠦᠭ ᠮᠢᠨᠤ ᠴᠢᠨᠤ ᠭᠡᠰᠡᠨ ᠢᠯᠠᠭᠠᠯ ᠦᠭᠡᠢ ᠪᠤᠯᠵᠤ᠂ ᠬᠤᠪᠢ ᠶᠢᠨ ᠦᠮᠴᠢ ᠪᠦᠷ ᠬᠠᠮᠲᠤ ᠶᠢᠨ ᠬᠢ ᠪᠤᠯᠤᠭᠰᠠᠨ ᠪᠠᠶᠢᠯ᠎ᠠ᠃ | ᠪᠠᠶᠠᠳ ᠨᠤᠶᠠᠳ ᠤᠨ ᠬᠤᠲᠠ ᠰᠦᠷᠦᠭ ᠬᠠᠰᠤᠭᠲᠠᠵᠤ᠂ ᠬᠠᠮᠲᠤ ᠶᠢᠨ ᠮᠠᠯ ᠮᠠᠯᠯᠠᠬᠤ ᠳᠤ ᠲᠤᠩ ᠲᠠᠭᠠᠯᠠᠮᠵᠢ ᠦᠭᠡᠢ ᠪᠠᠶᠢᠪᠠ᠃ ᠲᠦᠷᠦ ᠦᠭᠡᠷᠡᠲᠡᠵᠦ ᠨᠡᠶᠢᠭᠡᠮ | ᠬᠤᠪᠢᠷᠠᠭᠰᠠᠨ ᠴᠠᠭ᠂ ᠠᠮᠢᠲᠤᠷᠠᠬᠤᠢ ᠶᠢᠨ ᠡᠷᠭᠡ ᠪᠠᠷ ᠯᠠᠷᠵᠢᠶ᠎ᠠ ᠶᠠᠮᠪᠠ ᠪᠠᠨ ᠲᠠᠶᠠᠭᠲᠠᠬᠤ ᠯᠠ ᠭᠡᠷᠡᠭ᠃ ᠵᠠᠷᠢᠮ ᠨᠢ ︿︿ᠪᠤᠷᠬᠠᠨ ᠲᠡᠭᠷᠢ ᠲᠠᠩᠴᠢ | ᠭᠤᠤᠯᠴᠢ ᠦᠭᠡᠢ﹀﹀ ᠭᠡᠵᠤ ᠪᠤᠬᠢᠨᠢᠲᠤᠵᠦ ᠪᠠᠶᠢᠬᠤ ᠳᠤ᠂ ᠵᠠᠷᠢᠮ ᠨᠢ ︿︿ᠬᠤᠪᠢ ᠵᠠᠶᠠᠭ᠎ᠠ ᠮᠠᠭᠤ᠂ ᠲᠦᠷᠦᠭᠰᠡᠨ ᠴᠠᠭ ᠮᠢᠨᠢ ᠲᠠᠭᠠᠷᠠᠭᠰᠠᠨ ᠦᠭᠡᠢ﹀﹀ ᠭᠡᠵᠤ ᠪᠠᠶ᠎ᠡ ᠳᠤ | ᠪᠠᠨ ᠭᠤᠮᠤᠲᠠᠵᠤ ᠪᠠᠶᠢᠭᠰᠠᠨ ᠴᠦ ᠲᠤᠯᠭᠠᠷᠠᠵᠤ ᠢᠷᠡᠭᠰᠡᠨ ︿︿ᠵᠤᠪᠠᠯᠠᠩ﹀﹀ ᠢ ᠲᠤᠭᠤᠷᠢᠨ ᠭᠠᠷᠴᠦ ᠪᠤᠯᠲᠠᠭ ᠦᠭᠡᠢ ᠶᠢᠨ ᠤᠴᠢᠷ ᠲᠡᠷᠡ ᠪᠦᠬᠦᠲᠡ ᠶᠢ ᠠᠯᠪᠠ ᠪᠠᠷ | ᠵᠠᠯᠬᠢᠵᠦ᠂ ᠶᠤᠰᠤᠲᠠᠢ ᠯᠠ ︿︿ᠦᠵᠡᠲᠡᠭ ᠦᠭᠡᠢ ᠪᠠᠨ ᠦᠵᠡᠵᠦ ᠦᠭᠡᠷ ᠴᠠᠮ ᠬᠠᠷᠠᠶᠢᠭᠰᠠᠨ﹀﹀ ᠰᠢᠭ᠋ ᠪᠤᠯᠤᠭᠰᠠᠨ ᠪᠢᠯᠠ᠃ ᠲᠡᠭᠡᠬᠦ ᠳᠤ ᠦᠭᠡᠶᠢᠬᠦᠴᠤᠳ ᠬᠠᠷᠢᠨ | ᠬᠠᠮᠲᠤ ᠶᠢᠨ ᠰᠦᠷᠦᠭ ᠲᠠᠭᠠᠭᠠᠴᠢᠯᠠᠨ ᠠᠪᠴᠤ ᠬᠠᠷᠢᠭᠤᠯᠤᠭᠠᠳ ᠰᠠᠨᠠᠭ᠎ᠠ ᠲᠦᠬᠦᠷᠡᠩ ᠰᠡᠳᠬᠢᠯ ᠬᠠᠩᠬᠤᠯᠠᠭᠤᠨ ᠶᠡᠭᠡ ᠯᠠ ᠪᠠᠶᠠᠷ ᠲᠠᠢ ᠪᠠᠶᠢᠭᠰᠠᠨ᠃ ᠢᠩᠬᠢᠭᠡᠳ | ᠪᠠᠶᠠᠳ ᠨᠤᠶᠠᠳ ᠨᠢ ᠶᠠᠳᠠᠭᠤ ᠵᠦᠳᠡᠭᠦᠦ ᠠᠷᠠᠳ ᠢ ᠵᠠᠷᠤᠵᠤ ᠪᠤᠭᠤᠯᠴᠢᠯᠠᠬᠤ᠂ ᠲᠠᠷᠤᠯᠠᠵᠤ ᠮᠦᠯᠵᠢᠬᠦ ᠹᠸᠤᠳᠠᠯ ᠤᠨ ᠬᠠᠭᠤᠴᠢᠨ ᠶᠤᠰᠤ ᠵᠠᠳᠠᠷᠠᠨ ᠰᠦᠢᠷᠡᠵᠦ᠂ | ᠤᠷᠠᠳ ᠨᠤᠲᠤᠭ ᠲᠤ ᠵᠢᠷᠭᠠᠯ ᠤᠨ ᠨᠠᠷᠠ ᠮᠠᠨᠲᠤᠭᠰᠠᠨ ᠪᠢᠯᠡ᠃ | ᠲᠠᠪᠢᠭᠠᠳ ᠤᠨ ᠤ ᠰᠡᠬᠦᠯᠴᠢ ᠪᠤᠯᠲᠠᠯ᠎ᠠ᠂ ᠤᠷᠠᠳ ᠨᠤᠲᠤᠭ ᠶᠡᠷᠦᠩᠭᠡᠢ ᠳᠤ ᠪᠠᠨ ᠨᠠᠮᠵᠢᠭᠤᠨ ᠲᠤᠭᠳᠠᠭᠤᠨ ᠪᠠᠶᠢᠵᠤ᠂ ᠮᠠᠯᠴᠢᠨ ᠠᠷᠠᠳ ᠦᠷᠭᠡᠨ ᠤᠯᠠᠨ | ᠬᠠᠮᠲᠤ ᠶᠢᠨ ᠰᠦᠷᠦᠭ ᠢ ᠲᠠᠭᠠᠭᠠᠴᠢᠯᠠᠨ ᠬᠠᠷᠢᠭᠤᠯᠤᠭᠰᠠᠨ ᠠᠴᠠ ᠮᠠᠯ ᠰᠦᠷᠦᠭ ᠲᠤ ᠪᠠᠨ ᠨᠡᠩ ᠬᠦᠴᠦ ᠲᠠᠯᠪᠢᠵᠦ᠂ ᠦᠪᠡᠷ ᠤᠨ ᠢᠶᠠᠨ ᠰᠢᠭ ᠬᠠᠶᠢᠷᠠᠯᠠᠨ | ᠦᠰᠭᠡᠭᠰᠡᠨ ᠢᠶᠠᠷ ᠨᠠᠩ ᠰᠦᠷᠦᠭ ᠦᠨᠢᠷ ᠦᠰᠴᠦ᠂ ᠬᠤᠪᠢ ᠪᠠᠷ ᠢᠶᠠᠨ ᠴᠦ ᠱᠦᠯᠦᠨ ᠤ ᠮᠠᠯ᠂ ᠴᠢᠳᠤᠷ ᠤᠨ ᠮᠤᠷᠢ᠂ ᠤᠨᠤᠭᠠᠷᠢ ᠶᠢᠨ ᠮᠤᠷᠢ ᠪᠤᠶᠤ ᠲᠡᠮᠡᠭᠡ ᠲᠠᠢ | ᠪᠤᠯᠪᠠ᠃ ᠰᠢᠷᠡᠬᠦᠦ ᠭᠤᠸᠠᠢ ᠶᠢᠨ ᠬᠢᠨ ᠲᠡᠮᠡᠭᠡ ᠪᠠᠷ ᠭᠤᠤᠯᠲᠠᠵᠤ᠂ ᠲᠡᠮᠡᠭᠡᠴᠢᠨ ᠠᠶᠢᠯ ᠪᠤᠯᠤᠭᠰᠠᠨ ᠪᠠᠶᠢᠯ᠎ᠠ᠃ ᠭᠦᠮᠦᠨ ᠭᠦᠮᠦᠨ ᠢᠶᠠᠨ ᠲᠠᠷᠤᠯᠠᠬᠤ ᠬᠠᠤᠯᠢ ᠪᠤᠰᠤ | ᠠᠵᠢᠯ ᠢ ᠡᠷᠡᠰ ᠲᠠᠰᠤ ᠠᠷᠢᠯᠭᠠᠵᠤ᠂ ᠭᠡᠨ ᠭᠦᠮᠦᠨ ᠠᠷᠠᠳ ᠲᠤ ᠬᠠᠯᠳᠠᠪᠠᠯ ᠲᠠᠬᠦᠨ ᠢ ᠪᠠᠷᠢᠪᠴᠢᠯᠠᠨ ᠬᠠᠳᠠᠭᠤ ᠪᠠᠷ ᠰᠢᠳᠭᠡᠲᠡᠭ ᠠᠴᠠ ᠲᠦᠷᠦ ᠬᠦᠷᠦᠨ ᠨᠢ ᠠᠮᠤᠷ | ᠲᠤᠭᠲᠠᠭᠤᠨ᠂ ᠲᠦᠮᠡᠨ ᠠᠷᠠᠳ ᠨᠢ ᠲᠦᠪ ᠭᠤᠤᠯᠴᠢ ᠪᠠᠶᠢᠵᠤ᠂ ᠴᠠᠭ ᠤᠨ ᠪᠠᠶᠢᠲᠠᠯ ᠦᠷᠨᠢᠬᠦᠨ ᠬᠦᠭᠵᠢᠬᠦᠨ ᠪᠤᠯᠪᠠ᠃ | 1943 ᠤᠨ ᠤ ᠵᠤᠨ᠂ ᠷᠢᠨᠴᠢᠨᠰᠡᠩᠭᠡ ᠶᠢᠨ ᠲᠤᠷᠠᠳᠤᠯᠭ᠎ᠠ ᠪᠠᠷ 4 ᠰᠤᠮᠤᠨ ᠠᠴᠠ 50 ᠡᠮᠡᠭᠳᠠᠢ ᠰᠤᠷᠤᠭᠴᠢ ᠡᠯᠰᠡᠵᠤ᠂ ᠴᠤᠩᠵᠢ ᠶᠢᠨ ᠦᠪᠦᠷ | ᠰᠤᠨᠳᠤᠤᠯᠠ ᠳᠤ ᠴᠡᠴᠡᠭᠯᠡᠯᠳᠤ ᠬᠡᠮᠡᠬᠦ ᠡᠮᠡᠭᠳᠠᠶᠢᠴᠤᠳ ᠤᠨ ᠰᠤᠷᠭᠠᠭᠤᠯᠢ ᠶᠢ ᠠᠩᠬ᠎ᠠ ᠪᠠᠶᠢᠭᠤᠯᠤᠭᠲᠠᠵᠤ᠂ 1946 ᠤᠨ ᠤ 6 ᠰᠠᠷ᠎ᠠ ᠶᠢᠨ 24 ᠤ ᠡᠳᠦᠷ | ᠪᠤᠮᠪᠠᠳᠠᠢ ᠳᠤ ᠮᠤᠩᠭᠤᠯ ᠪᠠᠭ᠎ᠠ ᠰᠤᠷᠭᠠᠭᠤᠯᠢ ᠪᠠᠶᠢᠭᠤᠯᠤᠭᠲᠠᠨ᠂ 1948 ᠤᠨ ᠤ 2 ᠰᠠᠷ᠎ᠠ ᠳᠤ᠂ ᠤᠷᠠᠳ ᠤᠨ ᠳᠤᠮᠳᠠᠳᠤ ᠬᠤᠰᠢᠭᠤᠨ ᠤ ᠬᠢᠯᠢ ᠶᠢᠨ ᠲᠤᠷᠰᠢᠯᠳᠠ | ᠶᠢᠨ ᠪᠠᠭ᠎ᠠ ᠰᠤᠷᠭᠠᠭᠤᠯᠢ ᠪᠤᠷᠬᠠᠨᠳᠤ ᠳᠤ ᠪᠠᠶᠢᠭᠤᠯᠤᠭᠳᠠᠪᠠ᠃ | ᠪᠦᠬᠦ ᠬᠤᠰᠢᠭᠤᠨ ᠤ ᠡᠯ᠎ᠠ ᠭᠠᠵᠠᠷ ᠰᠤᠷᠠᠭᠠᠭᠤᠯᠢ ᠵᠠᠯᠭ᠎ᠠ ᠵᠠᠯᠭ᠎ᠠ ᠪᠠᠷ ᠪᠠᠶᠢᠭᠤᠯᠤᠭᠲᠠᠭᠰᠠᠨ ᠢᠶᠠᠷ ᠡᠭᠡᠯ ᠠᠷᠠᠳ ᠤᠨ ᠭᠡᠤᠭᠡᠳ ᠴᠦ ᠪᠢᠴᠢᠭ ᠰᠤᠷᠬᠤ | ᠵᠠᠪᠰᠢᠶᠠᠨ ᠲᠠᠢ ᠪᠤᠯᠵᠤ᠂ ᠨᠠᠰᠤᠨ ᠤ ᠲᠡᠩᠴᠡᠬᠦᠷᠢ ᠦᠭᠡᠢ ᠭᠡᠤᠭᠡᠳ ᠤᠳ ᠨᠢᠭᠡ ᠠᠩᠬᠢ ᠳᠤ ᠴᠤᠭᠯᠠᠷᠠᠨ ᠪᠢᠴᠢᠭ ᠦᠵᠡᠵᠦ᠂ ᠲᠡᠤᠭᠡᠨ ᠰᠢᠨ᠎ᠠ ᠬᠠᠭᠤᠲᠠᠰᠤ ᠶᠢ | ᠪᠢᠴᠢᠭᠯᠡᠭᠰᠡᠨ ᠶᠤᠮ᠃ ᠠᠷᠪᠠ ᠦᠩᠭᠡᠷᠡᠭᠰᠡᠨ ᠰᠢᠷᠡᠬᠦᠦ ᠭᠤᠸᠠᠢ ᠴᠦ ᠰᠤᠷᠭᠠᠭᠤᠯᠢ ᠶᠢᠨ ᠠᠯᠲᠠᠨ ᠪᠤᠱᠤᠭ᠎ᠠ ᠶᠢ ᠠᠯᠬᠤᠬᠤ ᠭᠡᠵᠤ ᠭᠡᠲᠦᠢ ᠬᠦᠰᠡᠲᠡᠭ ᠪᠤᠯᠪᠠᠴᠦ ᠠᠬ᠎ᠠ | ᠨᠢ ᠠᠯᠪᠠᠨ ᠠᠵᠢᠯ ᠭᠡᠳ ᠶᠠᠭᠠᠷᠠᠤ᠂ ᠮᠠᠯ ᠲᠡᠭᠡᠷ᠎ᠡ ᠪᠠᠨ ᠡᠵᠢ ᠲᠠᠢ ᠪᠠᠨ ᠬᠤᠶᠠᠭᠤᠯᠠ ᠪᠠᠶᠢᠲᠠᠭ ᠠᠴᠠ ᠠᠷᠭ᠎ᠠ ᠪᠤᠰᠤ ᠪᠢᠴᠢᠭ ᠦᠵᠡᠬᠦ ᠴᠠᠭ ᠢᠶᠠᠨ ᠬᠤᠶᠢᠰᠢᠭᠤᠯᠬᠤ | ᠯᠠ ᠭᠡᠷᠡᠭ ᠪᠤᠯᠵᠠᠢ᠃ 1956 ᠤᠨ ᠳᠤ᠂ ᠠᠷᠪᠠᠨ ᠲᠦᠷᠪᠡᠲᠡᠢ ᠰᠢᠷᠡᠬᠦᠦ ᠭᠤᠸᠠᠢ ᠠᠵᠠ ᠪᠠᠷ ᠰᠤᠮᠤᠨ ᠤ ᠰᠤᠷᠭᠠᠭᠤᠯᠢ ᠳᠤ ᠤᠷᠤᠵᠤ ᠡᠷᠲᠡᠮ ᠨᠤᠮ ᠤᠨ ᠮᠦᠷ ᠢ | ᠭᠦᠭᠡᠭᠡᠵᠦ ᠡᠬᠢᠯᠡᠯ᠎ᠡ᠃ ᠭᠡᠬᠦ ᠳᠤ ᠰᠤᠷᠬᠤ ᠭᠡᠵᠤ ᠪᠠᠶᠢᠭ᠎ᠠ ᠦᠰᠦᠭ ᠨᠢ ᠪᠤᠰᠤᠭ᠎ᠠ ᠪᠢᠰᠢ ᠬᠠᠷᠢᠨ ᠭᠡᠪᠲᠡᠭᠡ ᠪᠠᠶᠢᠭᠰᠠᠨ ᠳᠤ ᠲᠤᠩ ᠭᠠᠶᠢᠬᠠᠵᠤ᠂ ᠵᠢᠯ ᠰᠤᠷᠤᠭᠰᠠᠨ | ᠪᠢᠯᠡ᠃ ᠲᠠᠷᠠᠭ᠎ᠠ ᠨᠠᠮᠤᠷ ᠨᠢ ᠬᠤᠶᠠᠲᠤᠭᠠᠷ ᠤᠨ ᠳᠤ ᠤᠷᠤᠬᠤ ᠳᠤ ᠪᠠᠭ᠎ᠠ ᠠᠴᠠ ᠪᠠᠨ ᠬᠠᠷᠠᠵᠤ ᠪᠠᠶᠢᠭᠰᠠᠨ ᠲᠠᠨᠢᠯᠬᠠᠨ ᠦᠰᠦᠭ ᠢ ᠰᠤᠷᠤᠵᠤ ᠡᠬᠢᠯᠡᠭᠰᠡᠨ ᠨᠢ | ᠰᠠᠨᠠᠭᠠᠨ ᠳᠤ ᠦᠭᠡᠢ ᠰᠠᠶᠢᠬᠠᠨ ᠤᠴᠢᠷ ᠪᠤᠯᠵᠠᠢ᠃ ᠲᠡᠭᠡᠲᠦᠰ ᠠᠴᠠ ᠤᠯᠠᠮᠵᠢᠯᠠᠭᠰᠠᠨ ᠲᠡᠯᠭᠡᠷ ᠮᠤᠩᠭᠤᠯ ᠪᠤᠰᠤᠭ᠎ᠠ ᠦᠰᠦᠭ ᠢᠶᠠᠨ ᠰᠤᠷᠤᠨ᠎ᠠ ᠭᠡᠭᠴᠢ ᠨᠢᠭᠡ ᠶᠤᠰᠤᠨ | ᠤ ᠵᠢᠷᠭᠠᠯ ᠭᠡᠵᠤ ᠮᠡᠲᠡ᠃ ᠠᠷᠪᠠᠨ ᠲᠦᠷᠪᠡ ᠲᠠᠪᠤ ᠲᠠᠢ ᠪᠤᠯᠤᠭᠰᠠᠨ ᠰᠢᠷᠡᠬᠦᠦ ᠭᠤᠸᠠᠢ ︿︿ᠠ ᠡ ᠢ﹀﹀ ᠭᠡᠳ ᠰᠤᠷᠬᠤ ᠳᠤ ᠶᠡᠷᠦ ᠬᠦᠴᠢᠷ ᠰᠠᠨᠠᠭᠲᠠᠭᠠ ᠦᠭᠡᠢ᠂ | ᠡᠷᠲᠡᠮ ᠨᠤᠮ ᠳᠤ ᠪᠠᠨ ᠰᠢᠮᠲᠡᠵᠦ ᠡᠬᠢᠯᠡᠵᠡᠢ᠃ | ᠲᠠᠪᠢᠭᠠᠳ ᠤᠨ ᠤ ᠰᠡᠬᠦᠯᠴᠢ ᠠᠴᠠ ᠡᠬᠢᠯᠡᠨ ︿︿ᠶᠡᠭᠡ ᠦᠰᠦᠷᠦᠩᠭᠦᠢ ᠲᠠᠪᠰᠢᠯᠳᠡ﹀﹀᠂ ︿︿ᠠᠷᠠᠳ ᠤᠨ ᠨᠢᠭᠡᠳᠤᠯ﹀﹀ ᠢ ᠪᠠᠶᠢᠭᠤᠯᠬᠤ ᠮᠡᠲᠦ ᠶᠢᠨ ᠲᠦᠷᠦ | ᠶᠢᠨ ᠪᠤᠲᠤᠯᠭ᠎ᠠ᠂ ᠵᠠᠷᠯᠢᠭ ᠵᠢᠭᠠᠪᠤᠷᠢ ᠤᠷᠠᠳ ᠨᠤᠲᠤᠭ ᠲᠤ ᠰᠦᠷ ᠲᠠᠯᠠᠶᠢᠴᠢᠲᠠᠢ ᠶᠠᠪᠤᠭᠲᠠᠯ᠎ᠠ᠃1958 ᠤᠨ ᠤ 8 ᠰᠠᠷ᠎ᠠ ᠳᠤ᠂ ᠤᠷᠠᠳ ᠨᠤᠳᠤᠭ ᠨᠡᠶᠢᠳᠡᠮ ᠳᠤ | ᠪᠠᠨ ᠬᠤᠷᠰᠢᠶᠡᠵᠢᠯ ᠪᠠᠶᠢᠭᠤᠯᠵᠤ᠂ ᠮᠠᠯᠴᠢᠳ ᠪᠦᠬᠦ ᠮᠠᠯ ᠢᠶᠠᠨ ᠬᠠᠮᠳᠤ ᠨᠡᠶᠢᠳᠡ ᠳᠤ ᠲᠤᠰᠢᠶᠠᠨ ᠡᠬᠡ ᠤᠷᠤᠭᠤᠯᠵᠤ ᠭᠦᠦ ᠮᠦᠩᠭᠦ ᠪᠠᠨ ᠢᠳᠡᠭᠦ ᠲᠤᠭᠳᠠᠭᠠᠯ ᠲᠠᠢ | ᠪᠤᠯᠪᠠ᠃ ᠲᠠᠷᠠ ᠦᠶ᠎ᠡ ᠳᠤ ᠡᠬᠡ ᠤᠷᠤᠭᠤᠯᠤᠭᠰᠠᠨ ᠮᠠᠯ ᠤᠨ ᠲᠤᠭ᠎ᠠ ᠲᠤᠯᠤᠭᠠᠢ ᠪᠠᠷ ᠭᠦᠦ ᠮᠦᠩᠭᠦ ᠠᠳᠠᠯᠢ ᠪᠤᠰᠤ ᠬᠤᠪᠢᠶᠠᠵᠤ ᠦᠭᠳᠡᠭ᠃ ᠭᠡᠳᠤᠨ ᠵᠠᠭᠤ | ᠴᠢᠨᠠᠭᠰᠢᠯᠠᠭᠠᠳ ᠮᠢᠩᠭᠠᠨ ᠲᠦᠭᠦᠷᠢᠭ ᠤᠯᠲᠠᠭ ᠠᠶᠢᠯ ᠪᠠᠶᠢᠬᠤ ᠳᠤ ᠵᠠᠷᠢᠮ ᠨᠢ ᠲᠦᠩᠭᠡᠵᠢ ᠭᠡᠳᠤᠨ ᠠᠷᠪᠠᠨ ᠲᠦᠭᠦᠷᠢᠭ ᠯᠡ ᠲᠤᠰᠴᠤ ᠪᠠᠶᠢᠪᠠ᠂ ᠡᠨᠡ ᠨᠢ ᠡᠬᠡ | ᠤᠷᠤᠭᠰᠠᠨ ᠮᠡᠯ ᠤᠨ ᠤᠯᠠᠨ ᠴᠦᠭᠡᠨ ᠢᠶᠠᠷ ᠲᠤᠭᠳᠠᠭᠠᠭᠰᠠᠨ ᠪᠠᠶᠢᠵᠡᠢ᠃ ᠰᠢᠷᠡᠬᠦᠦ ᠭᠤᠸᠠᠢ ᠶᠢᠨ ᠬᠢᠨ ᠮᠠᠯ ᠴᠦᠭᠡᠨ ᠲᠠᠢ ᠤᠴᠢᠷ ᠵᠠᠭᠤᠨ ᠭᠠᠷᠤᠶᠢᠬᠠᠨ ᠲᠦᠬᠦᠷᠢᠭ | ᠤᠯᠲᠠᠭ ᠪᠠᠶᠢᠪᠠ᠃ 1959 ᠤᠨ ᠤ 1 ᠳ᠋ᠦ᠋ᠭᠡᠷ ᠰᠠᠷ᠎ᠠ ᠳᠤ ︿︿ᠠᠷᠠᠳ ᠤᠨ ᠨᠢᠭᠡᠳᠤᠯ﹀﹀ ᠢ ᠪᠠᠶᠢᠭᠤᠯᠵᠤ᠂ ᠬᠠᠮᠳᠤᠷᠠᠭᠰᠠᠨ ᠬᠤᠷᠰᠢᠶᠠᠵᠢᠯ ᠲᠠᠪᠤᠬᠠᠨ ᠰᠠᠷ᠎ᠠ | ᠪᠤᠯᠤᠭᠠᠳ ᠨᠢᠭᠡᠳᠤᠯ ᠪᠤᠯᠤᠭᠰᠠᠨ ᠨᠢ ᠡᠨᠡ ᠪᠠᠶᠢᠵᠡᠢ ᠃ | ︿︿ᠭᠠᠢ ᠭᠠᠵᠠᠷ ᠲᠤᠤᠷ᠎ᠠ ᠠᠴᠠ﹀﹀ ᠭᠡᠲᠡᠭᠴᠢᠯᠡᠨ ᠲᠤᠰ ᠡᠪᠤᠯ ᠠᠴᠠ ᠡᠬᠢᠯᠡᠨ ᠰᠠᠭᠤᠷᠢ ᠨᠢᠮᠭᠡᠨ ᠲᠠᠢ᠂ ᠠᠵᠤ ᠠᠬᠤᠢ ᠬᠠᠷᠠᠬᠠᠨ ᠬᠦᠭᠵᠢᠬᠡ ᠦᠭᠡᠢ ᠮᠠᠨ ᠤ | ᠤᠯᠤᠰ ᠲᠤ ᠪᠠᠶᠢᠭᠠᠯᠢ ᠶᠢᠨ ᠭᠠᠮᠰᠢᠭ ᠪᠠ ᠵᠦᠪᠯᠡᠯᠳᠤ ᠶᠢᠨ ᠦᠷᠢ ᠰᠢᠷᠢ ᠶᠢ ᠲᠦᠯᠦᠭᠦ ᠬᠤᠶᠠᠷ ᠶᠡᠭᠡ ᠭᠠᠮᠰᠢᠭ ᠵᠡᠷᠭᠡ ᠲᠤᠬᠢᠶᠠᠯᠲᠤᠭᠰᠠᠨ ᠪᠡᠷᠭᠡ ᠭᠠᠴᠢᠭᠲᠠᠯᠲᠤ ᠴᠠᠭ | ᠪᠤᠯᠤᠭᠰᠠᠨ ᠪᠠᠶᠢᠨ᠎ᠠ᠃ ᠡᠨᠡᠬᠦ ᠨᠦᠯᠦᠭᠡ ᠨᠢ ᠤᠲᠠᠵᠤ ᠲᠦᠲᠡᠯ ᠦᠭᠡᠢ ᠤᠷᠠᠳ ᠨᠤᠲᠤᠭ ᠢ ᠬᠠᠮᠤᠷᠤᠨ᠂ ᠭᠤᠷᠪᠠᠨ ᠵᠢᠯ ᠢᠴᠡᠭᠡᠭᠡᠨ ᠬᠠᠩᠭᠠᠯᠳᠠ ᠲᠠᠢ ᠬᠤᠭᠤᠯᠠᠨ | ᠭᠦᠨᠡᠰᠦ ᠦᠭᠡᠢ ᠪᠤᠯᠵᠤ᠂ ᠰᠠᠷ᠎ᠠ ᠪᠦᠷᠢ ᠬᠦᠮᠦᠨ ᠳᠤ ᠭᠡᠳᠤᠨ ᠵᠢᠩ ᠬᠠᠭᠤᠷᠠᠭᠰᠠᠨ ᠠᠮᠤ᠂ ᠡᠷᠳᠡᠨᠢ ᠰᠢᠰᠢ ᠶᠢᠨ ᠲᠠᠯᠬ᠎ᠠ᠂ ᠪᠤᠳᠠᠭᠠᠨ ᠤ ᠬᠠᠷ᠎ᠠ ᠠᠭᠠᠭ ᠵᠡᠷᠭᠡ ᠪᠠᠷ | ᠭᠤᠤᠯ ᠬᠤᠭᠤᠯᠨ ᠢᠶᠠᠨ ᠪᠤᠯᠭᠠᠨ᠂ ᠭᠡᠳᠤᠨ ᠰᠠᠷ᠎ᠠ ᠳᠤ ᠨᠢᠭᠡ ᠬᠦᠮᠦᠨ ᠳᠤ ᠭᠡᠳᠤᠭᠡᠨ ᠵᠢᠩ ᠬᠠᠷ᠎ᠠ ᠦᠩᠭᠡᠳᠡᠢ ᠴᠠᠭᠠᠨ ᠭᠤᠯᠢᠷ ᠦᠭᠳᠡᠭ ᠪᠠᠶᠢᠯ᠎ᠠ᠃ ᠪᠦᠰᠡ ᠪᠠᠨ | ᠴᠢᠩᠭᠠᠯᠠᠭᠰᠠᠨ ᠭᠠᠴᠢᠭᠲᠠᠯᠲᠤ ᠴᠠᠭ ᠲᠤ ᠡᠲᠡᠭᠡᠷ ᠨᠢ ᠪᠦᠷ ᠬᠤᠭᠤᠯᠢ ᠪᠠᠷ ᠲᠤᠷᠠᠬᠤ ᠦᠭᠡᠢ᠂ ᠪᠠᠯ ᠡᠮᠬᠦᠭᠰᠡᠨ ᠰᠢᠭ ᠠᠮᠳᠠᠳᠠᠢ ᠰᠠᠶᠢᠬᠠᠨ ᠬᠤᠭᠤᠯᠨ ᠪᠠᠶᠢᠪᠠ᠃ | ᠰᠢᠷᠡᠬᠦᠦ ᠭᠤᠸᠠᠢ ᠴᠦ ᠠᠮᠢᠲᠤᠷᠠᠯ ᠤᠨ ᠬᠦᠴᠢᠷᠲᠡᠯ ᠠᠴᠠ ᠪᠤᠯᠵᠤ ᠠᠷᠠᠶᠢᠬᠠᠨ ᠭᠡᠵᠤ ᠪᠠᠭ᠎ᠠ ᠰᠤᠷᠭᠠᠭᠤᠯᠢ ᠪᠠᠨ ᠲᠡᠬᠦᠰᠭᠡᠭᠡᠳ ᠭᠡᠷ ᠲᠤ ᠪᠠᠨ ᠬᠠᠷᠢᠯ᠎ᠠ ᠁ | 1964 ᠤᠨ ᠪᠤᠯᠬᠤ ᠳᠤ ᠬᠤᠭᠤᠯᠨ ᠬᠦᠨᠡᠰᠤ᠂ ᠬᠤᠪᠴᠠᠰᠤ ᠬᠤᠨᠠᠷ᠂ ᠪᠠᠷᠠᠭ᠎ᠠ ᠶᠢᠨ ᠬᠠᠩᠭᠠᠯᠳᠠ ᠠᠯᠬᠤᠮ ᠠᠯᠬᠤᠮ ᠢᠶᠠᠷ ᠭᠡᠪ ᠤᠨ ᠪᠠᠶᠢᠲᠠᠯ ᠳᠤ | ᠤᠷᠤᠵᠤ᠂ ᠠᠩᠬ᠎ᠠ ᠡᠬᠢᠨ ᠳᠤ ᠪᠠᠨ ᠭᠡᠳᠤᠬᠡᠨ ᠲᠤᠬᠤᠢ ᠪᠦᠰᠡ ᠶᠢᠨ ᠫᠢᠶᠤᠤ᠂ ᠬᠡᠳᠤᠬᠡᠨ ᠵᠢᠩ ᠪᠤᠳᠠᠭᠠᠨ ᠪᠢᠯᠧᠲ ᠦᠭᠳᠡᠭ ᠪᠠᠶᠢᠭᠰᠠᠨ ᠨᠢ ᠨᠡᠮᠡᠭᠲᠡᠵᠦ ᠡᠬᠢᠯᠡᠯ᠎ᠡ᠃ | —— ᠮᠠᠨ ᠤ ᠳᠤ ᠠᠷᠪᠠᠨ ᠲᠤᠬᠤᠢ ᠪᠦᠰ ᠤᠨ ᠫᠢᠶᠤᠤ ᠢᠯᠡᠬᠦᠦ ᠦᠭᠬᠦᠭᠰᠡᠨ᠂ ᠵᠢᠯ ᠴᠠᠭᠠᠨ ᠰᠠᠷ᠎ᠠ ᠪᠤᠯᠬᠤ ᠳᠤ ᠪᠦᠰᠡᠬᠦᠢ ᠭᠡᠤᠭᠡᠳ ᠲᠤ ᠪᠠᠨ ᠰᠢᠨ᠎ᠠ | ᠬᠤᠪᠴᠠᠰᠤ ᠤᠶᠤᠵᠤ ᠦᠭᠬᠦ ᠪᠦᠰ ᠪᠠᠷᠠᠭ᠎ᠠ ᠲᠠᠢ ᠪᠤᠯᠤᠭᠰᠠᠨ ᠰᠢᠤ︕ | —— ᠮᠠᠨ ᠤ ᠳᠤ ᠬᠦᠮᠦᠨ ᠤᠯᠠᠨ ᠲᠠᠢ ᠤᠴᠢᠷ ᠬᠠᠷᠠᠭᠠᠯᠵᠠᠭᠠᠳ ᠢᠯᠡᠬᠦᠦ ᠭᠡᠲᠦᠨ ᠵᠢᠩ ᠪᠤᠳᠠᠭᠠᠨ ᠪᠢᠯᠧᠲ ᠦᠭᠬᠦᠯ᠎ᠡ᠂ ᠶᠠᠭᠤ ᠴᠦ ᠭᠡᠰᠡᠨ ᠡᠲᠦᠷ | ᠪᠦᠷᠢ ᠭᠡᠲᠡᠰᠤ ᠲᠠᠢ ᠪᠠᠨ ᠭᠡᠷᠡᠬᠦᠯ ᠬᠢᠬᠦ ᠨᠢ ᠪᠠᠭᠠᠰᠬᠤ ᠶᠤᠮ ᠪᠠᠶᠢᠨ᠎ᠠ᠃ | —— ᠭᠤᠷᠪᠠᠨ ᠵᠢᠯ ᠤᠨ ᠦᠯᠦᠰᠴᠦ ᠵᠦᠲᠡᠷᠡᠭᠰᠡᠨ ᠭᠠᠴᠢᠭᠲᠠᠯᠲᠤ ᠴᠠᠭ ᠦᠩᠭᠡᠷᠡᠬᠦ ᠰᠢᠨᠵᠢᠲᠡᠢ ᠪᠤᠯᠴᠢᠬᠠᠯ᠎ᠠ᠃ | —— ᠤᠯᠤᠰ ᠴᠦ ᠦᠷᠢ ᠰᠢᠷᠢ ᠪᠠᠨ ᠲᠦᠯᠦᠵᠦ ᠪᠠᠷᠠᠭᠰᠠᠨ ᠭᠡᠨ᠎ᠡ᠃ | —— ᠲᠡᠭᠡᠪᠡᠯ ᠪᠤᠯᠵᠤ ᠳ᠋ᠠ᠂ ᠦᠷᠢ ᠦᠭᠡᠢ ᠪᠤᠯ ᠪᠠᠶᠠᠨ᠂ ᠡᠪᠡᠳᠴᠢᠨ ᠦᠭᠡᠢ ᠪᠤᠯ ᠵᠢᠷᠭᠠᠯ ᠭᠡᠲᠡᠭ ᠶᠤᠮ ᠡ᠃ | ᠴᠠᠭ ᠰᠠᠶᠢᠬᠠᠨ ᠪᠤᠯᠵᠤ᠂ ᠠᠮᠢᠲᠤᠷᠠᠯ ᠦᠭᠡᠲᠡ ᠲᠠᠢ ᠪᠤᠯᠵᠤ ᠢᠷᠡᠭᠰᠡᠨ ᠴᠦ ᠬᠤᠷᠢ ᠬᠦᠷᠦᠭᠰᠡᠨ ᠰᠢᠷᠠᠭᠦᠦ ᠭᠤᠸᠠᠢ ᠠᠩᠬ᠎ᠠ ᠲᠤᠮᠲᠠᠲᠤ ᠳᠤ ᠰᠤᠷᠤᠯᠴᠠᠬᠤ | ᠰᠠᠶᠢᠬᠠᠨ ᠵᠠᠪᠰᠢᠶᠠᠨ ᠢᠶᠠᠨ ᠠᠯᠲᠠᠪᠠ᠃ ᠬᠦᠲᠡᠯᠮᠦᠷᠢ ᠬᠦᠴᠦ ᠬᠦᠷᠦᠯᠴᠡᠬᠦ ᠦᠭᠡᠢ᠂ ᠦᠯᠦᠰᠬᠦᠯᠡᠩ ᠭᠠᠴᠢᠭ ᠴᠠᠭ ᠲᠠᠭᠠᠷᠠᠭᠰᠠᠨ ᠤ ᠬᠠᠷᠠᠭ᠎ᠠ ᠪᠠᠷ ᠰᠢᠷᠡᠬᠦᠦ ᠭᠤᠸᠠᠢ | ᠶᠢᠨ ᠡᠷᠦᠭᠡ ᠠᠮᠠ ᠶᠢᠨ ᠲᠡᠪᠲᠡᠷ ᠲᠤ ᠰᠤᠶᠤᠯ ᠤᠨ ᠭᠡᠮᠵᠢᠶ᠎ᠠ ︿︿ᠪᠠᠭ᠎ᠠ ᠰᠤᠷᠭᠠᠭᠤᠯᠢ﹀﹀ ᠭᠡᠵᠤ ᠲᠡᠮᠲᠡᠭᠯᠡᠭᠲᠡᠨ ᠤᠲᠤ ᠪᠤᠯᠵᠠᠢ᠃ ᠭᠡᠬᠦ ᠳᠤ ᠰᠠᠶᠢᠬᠠᠨ ᠴᠠᠭ ᠲᠠᠮᠡᠢ | ᠤᠲᠠᠵᠤ ᠴᠢᠲᠠᠭ᠎ᠠ ᠦᠭᠡᠢ᠂ ᠬᠤᠯᠠ ᠶᠢᠨ ᠬᠤᠯᠠ ᠳᠤ ᠡᠬᠦᠯᠡ ᠬᠤᠶᠢᠯᠠᠷᠠᠵᠤ᠂ ᠠᠶᠤᠩᠭ᠎ᠠ ᠴᠠᠬᠢᠯᠠᠨ᠂ ᠨᠢᠲᠤ ᠨᠡᠭᠡᠭᠡᠭᠲᠡᠮᠡ ᠦᠭᠡᠢ ᠤᠯᠠᠭᠠᠨ ᠰᠢᠭᠤᠷᠭ᠎ᠠ ᠤᠲᠠᠬᠤ | ᠦᠭᠡᠢ ᠤᠷᠠᠳ ᠨᠤᠲᠤᠭ ᠢ ᠦᠪᠴᠢ ᠲᠠᠭᠠᠷᠢᠬᠤ ᠶᠢ ᠭᠡᠨ ᠴᠦ ᠪᠤᠲᠤᠵᠤ ᠤᠯᠤᠭ᠎ᠠ ᠦᠭᠡᠢ᠃ | ᠠᠷᠪᠠ ᠰᠢᠬᠠᠮ ᠦᠷᠬᠦᠯᠵᠢᠯᠡᠭᠰᠡᠨ ᠡᠨᠡᠬᠦ ᠰᠢᠭᠤᠷᠭᠠᠨ ᠪᠦᠬᠦ ᠤᠯᠤᠰ ᠲᠤ ᠲᠡᠭᠲᠡᠵᠦ᠂ ᠤᠷᠠᠳ ᠨᠤᠲᠤᠭ ᠤᠨ ᠨᠢᠭᠡᠳᠤᠯ᠂ ᠪᠠᠷᠢᠭᠠᠲᠠ ᠭᠦᠷᠳᠡᠯ᠎ᠡ | ᠬᠦᠷᠦᠩᠭᠡᠲᠡᠨ ᠠᠩᠭᠢ ᠶᠢᠨ ᠢᠯᠵᠢᠷᠡᠮᠡᠯ ᠦᠵᠡᠯᠳᠡ ᠶᠢ ᠴᠤᠬᠢᠬᠤ᠂ ᠠᠩᠭᠢ ᠶᠢᠨ ᠵᠠᠭᠠᠭ ᠱᠤᠭᠤᠮ ᠢ ᠢᠯᠭᠠᠬᠤ᠂ ᠬᠤᠪᠢᠰᠬᠠᠯ ᠤᠨ ᠡᠰᠡᠷᠭᠦᠴᠤᠳ ᠢ | ᠲᠠᠷᠤᠩᠭᠤᠶᠢᠯᠠᠬᠤ᠂ ᠤᠷᠪᠠᠭᠴᠢ ᠲᠠᠩᠨᠠᠭᠤᠯ ᠢ ᠮᠦᠷᠲᠡᠨ ᠪᠠᠶᠢᠴᠠᠭᠠᠬᠤ᠂ ᠪᠠᠶᠠᠨ ᠮᠠᠯ ᠤᠨ ᠡᠵᠡᠨ ᠢ ᠢᠯᠡᠴᠢᠯᠡᠨ ᠭᠠᠷᠭᠠᠬᠤ ᠵᠡᠷᠭᠡ ᠤᠯᠤᠰ ᠲᠦᠷᠦ ᠶᠢᠨ ᠭᠦᠳᠡᠯᠭᠡᠭᠡᠨ | ᠭᠡᠢ ᠦᠶᠡᠷ ᠰᠢᠭ ᠲᠠᠭᠡᠷ᠎ᠡ ᠲᠡᠭᠡᠷ᠎ᠡ ᠠᠴᠠ ᠨᠢ ᠵᠢᠭᠠᠪᠤᠷᠢᠯᠠᠨ ᠪᠠᠭᠤᠯᠭᠠᠵᠤ᠂ ᠲᠦᠷᠪᠠᠨ ᠬᠠᠭᠤᠴᠢᠨ ᠢ ᠡᠪᠲᠡᠵᠦ᠂ ᠲᠦᠷᠪᠠᠨ ᠰᠢᠨ᠎ᠡ ᠶᠢ ᠪᠠᠶᠢᠭᠤᠯᠬᠤ ᠵᠠᠷᠯᠢᠭ ᠢᠶᠠᠷ | ᠬᠠᠭᠤᠴᠢᠨ ᠤ ᠦᠵᠡᠯ ᠰᠠᠨᠠᠭ᠎ᠠ ᠠᠴᠠ ᠠᠪᠤᠭᠠᠳ ᠬᠠᠭᠤᠴᠢᠨ ᠤ ᠡᠳ᠋ ᠪᠤᠳᠠᠰ ᠲᠠᠤᠭᠡ ᠶᠢᠨ ᠲᠤᠷᠠᠰᠬᠠᠯᠳᠤ ᠵᠤᠶᠢᠯ ᠪᠦᠬᠦᠨ ᠢ ᠪᠠᠯᠪᠠᠵᠤ ᠬᠠᠭᠠᠯᠠᠬᠤᠪᠤᠯᠪᠠ᠃ ᠭᠡᠪᠡᠴᠤ | ᠶᠠᠲᠠᠭᠤ ᠬᠦᠮᠦᠰ ᠢᠲᠡᠪᠬᠢᠲᠡᠨ ᠪᠠᠶᠢᠭᠠᠳ ᠰᠡᠬᠦᠯ ᠳᠤ ᠨᠢ ᠪᠡᠰᠡ ᠯᠠ ᠬᠢᠯᠢᠰ ᠭᠡᠷᠡᠭ ᠲᠤ ᠬᠤᠯᠪᠤᠭᠲᠠᠨ ᠰᠡᠵᠢᠭᠯᠡᠭᠲᠡᠵᠦ ᠲᠡᠮᠡᠴᠡᠬᠦᠯᠦᠭᠰᠡᠨ ᠨᠢ ᠪᠠᠭ᠎ᠠ ᠦᠭᠡᠢ | ᠪᠠᠶᠢᠭᠰᠠᠨ᠃ ᠠᠩᠬᠢ ᠶᠢᠨ ᠵᠢᠰᠤ ᠪᠤᠷᠤᠭᠤ ᠡᠲᠡᠭᠡᠳ ᠤᠨ ᠮᠠᠯᠠᠭᠠᠢ ᠡᠮᠦᠰᠦᠬᠦᠯᠲᠡᠭ ᠲᠡᠷᠡ ᠴᠠᠭ ᠦᠶ᠎ᠠ ᠦᠪᠡᠷ ᠢ ᠪᠠᠨ ᠦᠨᠢᠲᠡ ᠤᠯᠠᠭᠠᠨ ᠬᠤᠪᠢᠰᠬᠠᠯᠴᠢ ᠭᠡᠵᠤ | ᠤᠩᠰᠢᠵᠤ ᠶᠠᠪᠤᠲᠠᠭ ᠨᠢ ᠲᠤᠩ ᠬᠤᠪᠤᠷᠬᠠᠨ᠃ ᠲᠤᠬᠠᠢ ᠶᠢᠨ ᠦᠶ᠎ᠠ ᠳᠤ ᠤᠯᠠᠭᠠᠨ ᠰᠢᠷ᠎ᠠ ᠪᠦᠰ ᠪᠦᠷ ᠲᠤᠭ ᠲᠠᠯᠪᠠᠭ᠎ᠠ ᠪᠤᠯᠵᠤ᠂ ᠤᠯᠠᠭᠠᠨ ᠰᠢᠷ᠎ᠠ ᠪᠦᠰ ᠭᠡᠷᠡᠮ | ᠬᠠᠰᠢᠶ᠎ᠠ ᠪᠠᠷ ᠲᠦᠬᠦᠷᠡᠨ᠂ ᠬᠦᠮᠦᠰ ᠠᠭᠤᠯᠵᠠᠬᠤ ᠳᠤ ᠪᠠᠨ ᠴᠦ ᠶᠠᠭᠤᠨ ᠤ ᠡᠮᠦᠨ᠎ᠠ ᠭᠡᠲᠦᠨ ᠪᠠᠲᠠᠭ ᠰᠤᠷᠭᠠᠯ ᠦᠭᠡ ᠤᠩᠰᠢᠵᠤ᠂ ᠭᠡᠲᠦᠨ ᠪᠠᠲᠠᠭ ᠦᠭᠡ ᠶᠢᠨ | ᠲᠡᠬᠦᠪᠦᠷᠢ ᠶᠢᠨ ᠲᠠᠭᠤᠤ ᠲᠠᠭᠤᠯᠠᠭᠠᠳ ᠰᠠᠶ᠋ᠢ ᠠᠮᠤᠷ ᠰᠠᠶᠢᠨ ᠢᠶᠠᠨ ᠠᠰᠠᠭᠤᠲᠠᠭ ᠪᠠᠶᠢᠭᠰᠠᠨ ᠁ | ᠴᠠᠭ ᠴᠠᠭ ᠢᠶᠠᠷ ᠢᠶᠠᠨ ᠪᠠᠶᠢᠲᠠᠭ ᠦᠭᠡᠢ᠂ ᠴᠠᠬᠢᠯᠲᠠᠭ ᠬᠦᠭᠡ ᠪᠠᠷ ᠢᠶᠠᠨ ᠪᠠᠶᠢᠲᠠᠭ ᠦᠭᠡᠢ ᠭᠡᠲᠡᠭᠴᠢᠯᠡᠨ᠂ ᠲᠠᠯᠠᠨ ᠤᠨ ᠤ ᠡᠬᠢ ᠪᠤᠯᠬᠤ ᠳᠤ ᠤᠯᠠᠭᠠᠨ | ᠰᠢᠭᠤᠷᠭ᠎ᠠ ᠰᠢᠪᠲᠤᠷᠠᠭᠠᠨ ᠳᠤ ᠪᠠᠨ ᠤᠷᠤᠯ᠎ᠠ᠃ ᠴᠠᠭ ᠲᠦᠷᠦ ᠲᠦᠪᠰᠢᠨ ᠪᠤᠯᠬᠤ ᠪᠠᠶᠢᠲᠠᠯ ᠳᠤ ᠪᠠᠨ ᠬᠠᠨᠲᠤᠵᠤ᠂ ᠨᠡᠶᠢᠭᠡᠮ ᠤᠨ ᠡᠯ᠎ᠠ ᠲᠠᠯ᠎ᠠ ᠶᠢᠨ ᠠᠵᠢᠯ | ᠠᠯᠭᠤᠷᠬᠠᠨ ᠭᠡᠪ ᠲᠤ ᠪᠠᠨ ᠤᠷᠤᠵᠤ ᠡᠬᠢᠯᠡᠭᠰᠡᠨ ᠢᠶᠠᠷ ᠤᠷᠠᠳ ᠨᠤᠲᠤᠭ ᠲᠤ ᠤᠷᠢᠬᠠᠨ ᠬᠠᠪᠤᠷ ᠲᠡᠬᠢᠨᠲᠡ ᠰᠠᠭᠠᠲᠠᠯ᠎ᠠ᠃ ᠨᠡᠶᠢᠭᠡᠮ ᠤᠨ ᠰᠠᠮᠠᠭᠤᠨ ᠪᠠᠶᠢᠲᠠᠯ | ᠨᠡᠯᠢᠶᠡᠳ ᠵᠢᠯ ᠦᠷᠬᠦᠯᠵᠢᠯᠡᠭᠰᠡᠨ ᠴᠦ ᠪᠢᠴᠢᠵᠦ ᠵᠢᠷᠤᠬᠤ ᠲᠤᠷ᠎ᠠ ᠲᠠᠢ ᠰᠢᠷᠡᠬᠦᠦ ᠭᠤᠸᠠᠢ ᠵᠠᠪᠰᠢᠶᠠᠨ ᠭᠠᠷᠲᠠᠭ ᠯᠠ ᠶᠤᠮ ᠪᠤᠯ ᠭᠠᠷ ᠲᠤ ᠦᠭᠲᠡᠭᠰᠡᠨ ᠰᠤᠨᠢᠨ | ᠰᠡᠳᠬᠦᠯ ᠨᠤᠮ ᠪᠦᠬᠦᠨ ᠢ ᠠᠯᠲᠠᠯ ᠦᠭᠡᠢ ᠤᠩᠰᠢᠬᠤ ᠶᠢᠨ ᠲᠠᠭᠠᠤ ᠪᠢᠷ ᠨᠢᠰᠭᠡᠨ ᠪᠢᠴᠢᠵᠦ ᠡᠬᠢᠯᠡᠭᠰᠡᠨ ᠪᠠᠶᠢᠨ᠎ᠠ᠃ | ᠴᠢᠷᠮᠠᠶᠢᠯᠭ᠎ᠠ ᠬᠦᠮᠦᠨ ᠢ ᠭᠤᠮᠤᠲᠠᠭᠠᠲᠠᠭ ᠦᠭᠡᠢ ᠭᠡᠲᠡᠭ ᠦᠨᠡᠨ ᠪᠠᠶᠢᠵᠠᠢ᠃ ᠭᠡᠲᠦᠶᠢᠪᠡᠷ ᠪᠠᠭ᠎ᠠ ᠰᠤᠷᠭᠠᠭᠤᠯᠢ ᠶᠢᠨ ᠰᠤᠶᠤᠯ ᠤᠨ ᠭᠡᠮᠵᠢᠶ᠎ᠡ ᠲᠠᠢ ᠴᠦ | ᠴᠢᠷᠮᠡᠶᠢᠨ ᠪᠢᠴᠢᠵᠦ ᠤᠷᠤᠯᠲᠤᠭᠰᠠᠨ ᠤ ᠬᠠᠷᠢᠭᠤ ᠳᠤ ︿︿ᠦᠪᠦᠷ ᠮᠤᠩᠭᠤᠯ ᠤᠨ ᠡᠲᠦᠷ ᠤᠨ ᠰᠤᠨᠢᠨ﹀﹀᠂ ︿︿ ᠦᠪᠦᠷ ᠮᠤᠩᠭᠤᠯ ᠤᠨ ᠠᠷᠠᠳ ᠤᠨ ᠷᠠᠳᠢᠤ᠋ | ᠨᠡᠪᠲᠡᠷᠡᠬᠦᠯᠭᠡ ᠶᠢᠨ ᠬᠤᠷᠢᠶ᠎ᠠ﹀﹀᠂ ︿︿ᠪᠠᠶᠠᠠᠨᠠᠭᠤᠷ ᠤᠨ ᠰᠤᠨᠢᠨ﹀﹀ ᠤ ᠴᠢᠮᠡᠭᠡᠯᠡᠭᠴᠢ ᠪᠠᠷ ᠤᠷᠢᠭᠲᠠᠨ᠂ ᠰᠤᠨᠢᠨ ᠰᠡᠳᠬᠦᠯ᠂ ᠷᠠᠳᠢᠤ᠋ ᠳᠤ ᠦᠪᠡᠷ ᠤᠨ ᠪᠢᠴᠢᠭᠰᠡᠨ | ᠮᠡᠲᠡᠭᠡ ᠴᠢᠮᠡᠭᠡᠯᠡᠯ᠂ ᠬᠤᠯᠪᠤᠭ᠎ᠠ᠂ ᠲᠠᠭᠤᠤ ᠰᠢᠯᠦᠭ᠂ ᠦᠬᠦᠯᠡᠯᠭᠡ᠂ ᠱᠤᠭ ᠶᠠᠷᠢᠶ᠎ᠠ ᠪᠠᠨ ᠨᠡᠶᠢᠲᠡᠯᠡᠬᠦᠯᠵᠦ᠂ ᠡᠯ᠎ᠠ ᠱᠠᠲᠤᠨ ᠤ ᠰᠢᠯᠢᠲᠡᠭ ᠴᠢᠮᠡᠭᠡᠯᠡᠭᠴᠢ ᠶᠢᠨ ᠢᠷᠠᠭᠤ | ᠠᠯᠲᠠᠷ ᠢ ᠤᠯᠠᠨᠲᠠ ᠬᠦᠷᠲᠡᠭᠰᠡᠨ ᠶᠤᠮ᠃ | ᠦᠭᠡᠷᠡᠴᠢᠯᠡᠯᠲᠡ ᠨᠠᠭᠡᠭᠡᠯᠲᠡ ᠶᠢᠨ ᠲᠦᠷᠦ ᠶᠢᠨ ᠪᠤᠲᠤᠯᠭ᠎ᠠ ᠡᠭᠡ ᠤᠯᠤᠰ ᠤᠨ ᠡᠯ᠎ᠠ ᠭᠠᠵᠠᠷ ᠢ ᠤᠮᠲᠠᠯᠠᠨ᠂ ᠬᠠᠶᠠ ᠦᠭᠡᠢ ᠬᠦᠭᠵᠢᠯ ᠴᠡᠴᠡᠭᠯᠡᠯ ᠤᠨ ᠬᠦᠭ | ᠴᠤᠤᠷᠢᠶᠠᠲᠤᠵᠤ᠂ ᠠᠵᠤ ᠠᠬᠤᠢ᠂ ᠰᠤᠶᠤᠯ᠂ ᠰᠤᠷᠭᠠᠨ ᠬᠦᠮᠦᠵᠢᠯ ᠵᠡᠷᠭᠡ ᠠᠯᠢ ᠤᠯᠠᠨ ᠦᠢᠯᠡᠰ ᠦᠳᠲᠡᠷ ᠲᠦᠷᠭᠡᠨ ᠬᠦᠭᠵᠢᠨ᠂ ᠲᠦᠮᠡᠨ ᠤ ᠠᠮᠢᠲᠤᠷᠠᠯ | ᠰᠠᠶᠢᠵᠢᠷᠡᠵᠦ᠂ ᠮᠠᠯᠴᠢᠳ ᠤᠨ ᠮᠠᠩᠨᠠᠢ ᠲᠡᠨᠡᠶᠢᠯᠠ᠃ ᠬᠠᠷ᠎ᠠ ᠪᠠᠭ᠎ᠠ ᠠᠴᠠ ᠪᠠᠨ ᠨᠡᠶᠢᠭᠡᠮ ᠤᠨ ᠤᠷᠪᠠᠭᠠᠨ ᠬᠦᠷᠪᠡᠭᠡᠨ᠂ ᠠᠮᠢᠲᠤᠷᠠᠯ ᠤᠨ ᠬᠠᠲᠠᠭᠤ ᠪᠡᠷᠭᠡ ᠶᠢ | ᠲᠤᠭᠤᠯᠵᠤ ᠢᠷᠡᠭᠰᠡᠨ ᠰᠢᠷᠠᠬᠦᠦ ᠭᠤᠸᠠᠢ 1979 ᠤᠨ ᠳᠤ ︿︿ᠦᠨᠦᠴᠢᠨ ᠭᠡᠤᠭᠡᠨ ᠤ ᠭᠤᠨᠢᠭ﹀﹀ ᠭᠡᠬᠦ ᠭᠠᠷᠴᠠᠭ ᠢᠶᠠᠷ ᠦᠬᠦᠯᠡᠯᠭᠡ ᠪᠢᠴᠢᠵᠦ ᠡᠬᠢᠯᠡᠭᠰᠡᠨ ᠢᠶᠠᠨ ︿︿ | ᠰᠠᠯᠬᠢᠨ ᠳᠤ ᠴᠤᠬᠢᠭᠲᠠᠭᠰᠠᠨ ᠨᠠᠪᠴᠢᠰ﹀﹀᠂ ︿︿ᠦᠨᠦᠴᠢᠨ ᠮᠦᠴᠢᠷ﹀﹀᠂ ︿︿ᠦᠷᠦᠰᠢᠶᠡᠯ ᠦᠭᠡᠢ ᠬᠤᠷᠸ᠎ᠠ﹀﹀᠂ ︿︿ᠪᠤᠭᠤᠷᠤᠯ ᠭᠤᠪᠢ﹀﹀ ᠭᠡᠵᠤ ᠭᠠᠷᠴᠠᠭ ᠨᠢ | ᠰᠤᠯᠢᠭᠲᠠᠬᠤ ᠶᠢ ᠲᠠᠭᠠᠯᠲᠤᠨ ᠦᠬᠦᠯᠡᠯᠭᠡ ᠠᠴᠠ ᠲᠤᠭᠤᠵᠢ᠂ ᠲᠤᠭᠤᠵᠢ ᠠᠴᠠ ᠷᠤᠮᠠᠨ ᠪᠤᠯᠵᠤ ᠪᠢᠴᠢᠭᠲᠡᠭᠰᠡᠨ ᠪᠠᠶᠢᠨ᠎ᠠ᠃ 35 ᠵᠢᠯ ᠤᠨ ᠰᠢᠷᠭᠠᠭᠤ ᠬᠦᠲᠡᠯᠮᠦᠷᠢ ᠪᠠᠷ | ᠲᠠᠮᠵᠢᠨ 2014 ᠤᠨ ᠤ ᠡᠴᠦᠰ ᠲᠤ ᠭᠡᠪᠯᠡᠭᠲᠡᠨ ᠲᠠᠷᠬᠠᠭᠠᠭᠲᠠᠵᠤ᠂ 51.2 ᠲᠦᠮᠡᠨ ᠦᠰᠦᠭ ᠲᠠᠢ ᠲᠤᠰ ᠷᠤᠮᠡᠨ ᠨᠢ ᠠᠷᠪᠠᠨ ᠨᠢᠭᠡᠲᠦᠭᠡᠷ ᠬᠤᠭᠤᠴᠠᠭᠠᠨ ᠤ | ᠦᠪᠦᠷ ᠮᠤᠩᠭᠤᠯ ᠦᠪᠡᠷᠲᠡᠭᠡᠨ ᠵᠠᠰᠠᠬᠤ ᠤᠷᠤᠨ ᠤ ᠤᠳᠬ᠎ᠠ ᠵᠤᠬᠢᠶᠠᠯ ᠤᠨ ᠵᠤᠬᠢᠶᠠᠨ ᠪᠦᠲᠦᠭᠡᠯᠭᠡ ᠶᠢᠨ ︿︿ᠰᠤᠯᠤᠩᠭ᠎ᠠ﹀﹀ ᠱᠠᠩᠨᠠᠯ ᠢ ᠲᠤᠰᠤᠭᠰᠠᠨ ᠰᠠᠶᠢᠠᠬᠨ | ᠴᠢᠮᠡᠭᠡ ︿︿ᠮᠤᠩᠭᠤᠯ ᠷᠤᠮᠠᠨ ᠤ ᠦᠯᠦᠭᠡᠢ﹀﹀ ᠪᠤᠯᠤᠭᠰᠠᠨ ᠤᠷᠠᠳ ᠤᠨ ᠲᠤᠮᠲᠠᠲᠤ ᠬᠤᠰᠢᠭᠤᠨ ᠳᠤ ᠵᠢᠬᠦᠷ ᠲᠠᠢ ᠶᠤᠮ ᠰᠢᠭ᠋ ᠲᠦᠲᠡᠭᠡᠨ ᠲᠠᠷᠬᠠᠵᠤ᠂ ᠢᠲᠡᠷ ᠵᠠᠯᠠᠭᠤ | ᠵᠤᠬᠢᠶᠠᠯᠴᠢᠳ ᠲᠤ ᠪᠠᠨ ᠢᠲᠡ ᠬᠦᠴᠦ ᠨᠡᠮᠡᠭᠰᠡᠨ ᠶᠤᠮ᠃ | ᠪᠤᠮᠠᠨ ᠰᠦᠷᠦᠭ ᠢᠶᠠᠨ ᠪᠦᠪᠡᠶᠢᠯᠡᠭᠰᠡᠨ ᠪᠤᠭᠤᠷᠤᠯ ᠭᠤᠪᠢ ᠤᠷᠠᠳ ᠨᠤᠲᠤᠭ ᠤᠨ ᠬᠠᠯᠭᠠᠤᠨ ᠡᠯᠢᠭᠡᠨ ᠳᠤ ᠡᠷᠬᠢᠯᠲᠦᠬᠦ ᠨᠠᠷᠠᠨ ᠰᠠᠷᠠᠨ ᠡᠭᠡᠯᠵᠢᠯᠡᠬᠦ ᠲᠦᠷᠪᠡᠨ | ᠤᠯᠠᠷᠢᠯ ᠢ ᠪᠤᠲᠤᠭᠤᠨ ᠪᠤᠶᠢᠯᠡᠭᠠᠨ ᠢᠶᠠᠷ ᠮᠢᠯᠢᠶᠠᠵᠦ᠂ ᠠᠷᠭᠠᠯ ᠤᠨ ᠴᠡᠩᠭᠡᠷ ᠤᠲᠤᠭ᠎ᠠ ᠡᠩᠭᠡᠲᠡ ᠰᠤᠭᠤᠨᠠᠭᠯᠠᠨ᠂ ᠬᠤᠭᠤᠷᠠᠰᠢ ᠦᠭᠡᠢ ᠪᠠᠲᠤ᠂ ᠮᠦᠬᠦᠰᠢ ᠦᠭᠡᠢ | ᠮᠦᠩᠭᠡ ᠠᠮᠢᠵᠢᠷᠠᠯ ᠤᠨ ᠬᠦᠴᠦᠨ ᠢᠶᠠᠷ ᠵᠠᠭᠤᠨ ᠵᠠᠭᠤᠨ ᠢ ᠵᠤᠭᠰᠤᠭ᠎ᠠ ᠪᠠᠷ ᠢᠶᠠᠨ ᠤᠭᠲᠤᠭᠰᠠᠨ ᠰᠠᠨ᠃ ᠰᠠᠷᠠᠨ ᠤ ᠮᠦᠩᠬᠦᠨ ᠭᠡᠷᠡᠯ ᠵᠡᠬᠦᠨ ᠲᠠᠲᠠᠪᠤᠷᠢ ᠭᠡᠮᠡᠬᠦ | ᠨᠤᠲᠤᠭ ᠲᠤ ᠰᠠᠴᠤᠭᠲᠠᠨᠠ᠂ ᠬᠤᠲᠠᠨ ᠳᠤ ᠬᠤᠨᠢ ᠢᠮᠠᠭ᠎ᠠ ᠴᠠᠶᠢᠯᠵᠠᠨ ᠬᠠᠶᠠ ᠬᠤᠷᠠᠭ᠎ᠠ ᠢᠰᠢᠭᠡᠨ ᠤ ᠮᠠᠶᠢᠯᠠᠬᠤ ᠲᠠᠭᠤᠨ ᠰᠤᠨᠤᠰᠲᠠᠬᠤ ᠳᠤ᠂ ᠲᠡᠬᠦᠨ ᠤ | ᠬᠠᠵᠠᠭᠤᠲᠠᠬᠠᠨ ᠲᠡᠮᠡᠭᠡᠳ ᠤᠨ ᠪᠦᠬᠦ ᠬᠤᠯᠠ ᠶᠢᠨ ᠠᠭᠤᠯᠠᠰ ᠰᠢᠭ᠋ ᠬᠦᠪᠪᠦᠯᠵᠨᠡ᠂ ᠤᠯᠠᠭᠠᠨ ᠲᠤᠭᠤᠰᠬᠠᠨ ᠪᠠᠶᠢᠰᠢᠩ ᠳᠤ ᠴᠠᠬᠢᠯᠭᠠᠨ ᠳ᠋ᠧᠩ ᠤᠨ ᠭᠡᠷᠡᠯ ᠳᠤ | ᠨᠢᠲᠤᠨ ᠳᠤ ᠪᠠᠨ ᠰᠢᠯ ᠲᠠᠢ ᠡᠪᠦᠭᠡᠨ ᠭᠤᠸᠠᠢ ᠵᠤᠬᠢᠶᠠᠯ ᠪᠢᠴᠢᠵᠦ ᠰᠠᠭᠤᠨ᠎ᠠ᠂ ᠡᠨᠡ ᠬᠦᠮᠦᠨ ᠪᠤᠯ ᠲᠠᠷᠤᠢ ᠤᠷᠠᠳ ᠤᠨ ᠲᠤᠮᠲᠠᠲᠤ ᠬᠤᠰᠢᠭᠤᠨ ᠤ ᠭᠠᠭᠴᠠᠮᠤᠲᠤ | ᠪᠠᠯᠭᠠᠰᠤᠨ ᠤ ᠲᠠᠷᠡᠰᠤ ᠭᠠᠴᠠᠭᠠᠨ ᠤ ᠮᠠᠯᠴᠢᠨ ᠨᠠ᠊ ᠰᠢᠷᠡᠬᠦᠦ ᠭᠤᠸᠠᠢ᠃ | | ᠰᠤᠷᠪᠤᠯᠵᠢᠯᠠᠭᠴᠢ᠂ ᠵᠤᠬᠢᠶᠠᠯᠴᠢ ᠪᠠ᠊ ᠪᠦᠭᠡ | | | |