ᠭᠡᠷ ᠪᠠᠶᠢᠰᠢᠩ ᠢ ᠲᠦᠷᠢᠶᠡᠰᠦᠯᠡᠬᠦ ᠪᠣᠯ ᠭᠡᠷ ᠪᠠᠶᠢᠰᠢᠩ ᠤᠨ ᠬᠡᠷᠡᠭᠯᠡᠭᠡᠨ ᠤ ᠦᠷᠳᠡᠭ ᠢ ᠬᠡᠰᠡᠭ ᠪᠤᠰᠠᠭ ᠢᠶᠠᠷ ᠬᠤᠳᠠᠯᠳᠤᠬᠤ ᠨᠢᠭᠡ ᠵᠦᠢᠯ ᠤᠨ ᠲᠠᠸᠠᠷ ᠤᠨ | ᠭᠦᠢᠯᠭᠡᠭᠡᠨ ᠤ ᠠᠷᠭ᠎ᠠ ᠮᠠᠶ᠋ᠢᠭ ᠮᠥᠨ᠃ ᠡᠭᠦᠨ ᠳᠤ᠂ ᠭᠡᠷ ᠪᠠᠶᠢᠰᠢᠩ ᠲᠦᠷᠢᠶᠡᠰᠦᠯᠡᠭᠦᠯᠦᠭᠴᠢ ᠨᠢ ᠪᠣᠯᠵᠣᠨ ᠲᠣᠭᠲᠠᠭᠰᠠᠨ ᠶᠣᠰᠣᠭᠠᠷ ᠲᠦᠷᠢᠶᠡᠰᠦᠨ ᠡᠳ᠋ ᠢᠶᠠᠨ ᠭᠡᠷ | ᠪᠠᠶᠢᠰᠢᠩ ᠲᠦᠷᠢᠶᠡᠰᠦᠯᠡᠭᠴᠢ ᠳᠤ ᠲᠤᠰᠢᠶᠠᠨ ᠥᠭᠬᠦ ᠶᠢᠨ ᠬᠠᠮᠲᠤ ᠲᠦᠷᠢᠶᠡᠰᠦᠯᠡᠬᠦ ᠬᠤᠭᠤᠴᠠᠭᠠᠨ ᠳᠤ ᠲᠦᠷᠢᠶᠡᠰᠦᠨ ᠡᠳ᠋ ᠢ ᠪᠣᠯᠵᠣᠨ ᠲᠣᠭᠲᠠᠭᠰᠠᠨ ᠬᠡᠷᠡᠭᠴᠡᠭᠡ ᠳᠤ | ᠨᠡᠶᠢᠴᠡᠭᠦᠯᠬᠦ ᠶᠢ ᠪᠠᠲᠤᠯᠠᠬᠤ ᠬᠡᠷᠡᠭᠲᠡᠶ᠃ ᠲᠡᠭᠡᠪᠡᠯ ᠶᠠᠮᠠᠷ ᠪᠠᠶᠢᠳᠠᠯ ᠲᠤᠤᠷ᠎ᠠ ᠭᠡᠷ ᠪᠠᠶᠢᠰᠢᠩ ᠢ ᠭᠠᠳᠠᠭᠰᠢ ᠲᠦᠷᠢᠶᠡᠰᠦᠯᠡᠵᠦ ᠪᠣᠯᠬᠤ ᠦᠭᠡᠢ ᠪᠤᠢ︖ | ᠨᠢᠭᠡ᠂ ᠭᠡᠷ ᠪᠠᠶᠢᠰᠢᠩ ᠢ ᠭᠠᠳᠠᠭᠰᠢ ᠲᠦᠷᠢᠶᠡᠰᠦᠯᠡᠵᠦ ᠪᠣᠯᠬᠤ ᠦᠭᠡᠢ ᠪᠠᠶᠢᠳᠠᠯ᠄ | ︽ᠬᠤᠲᠠ ᠶᠢᠨ ᠭᠡᠷ ᠪᠠᠶᠢᠰᠢᠩ ᠲᠦᠷᠢᠶᠡᠰᠦᠯᠡᠬᠦ ᠬᠠᠮᠢᠶᠠᠷᠤᠯᠲᠠ ᠶᠢᠨ ᠠᠷᠭ᠎ᠠ︾ ᠶᠢ ᠦᠨᠳᠦᠰᠦᠯᠡᠪᠡᠯ᠂ ᠲᠤᠤᠷᠠᠬᠢ ᠬᠡᠳᠦᠨ ᠵᠦᠢᠯ ᠤᠨ ᠪᠠᠶᠢᠳᠠᠯ ᠳᠤ ᠭᠡᠷ | ᠪᠠᠶᠢᠰᠢᠩ ᠢ ᠭᠠᠳᠠᠭᠰᠢ ᠲᠦᠷᠢᠶᠡᠰᠦᠯᠡᠵᠦ ᠪᠣᠯᠬᠤ ᠦᠭᠡᠢ᠄ | 1. ᠭᠡᠷ ᠪᠠᠶᠢᠰᠢᠩ ᠤᠨ ᠥᠮᠴᠢᠯᠡᠬᠦ ᠡᠷᠬᠡ ᠶᠢᠨ ᠦᠨᠡᠮᠯᠡᠯ ᠢ ᠬᠠᠤᠯᠢ ᠶᠣᠰᠣᠭᠠᠷ ᠣᠯᠤᠭᠰᠠᠨ ᠦᠭᠡᠢ︔ | 2. ᠬᠠᠤᠯᠢ ᠴᠠᠭᠠᠵᠠ ᠶᠢᠨ ᠪᠠᠶᠢᠭᠤᠯᠭ᠎ᠠ ᠪᠠ ᠵᠠᠰᠠᠭ ᠵᠠᠬᠢᠷᠭᠠᠨ ᠤ ᠪᠠᠶᠢᠭᠤᠯᠭ᠎ᠠ ᠠᠴᠠ ᠬᠠᠤᠯᠢ ᠶᠣᠰᠣᠭᠠᠷ ᠭᠡᠷ ᠪᠠᠶᠢᠰᠢᠩ ᠭᠠᠵᠠᠷ ᠰᠢᠷᠣᠶ ᠶᠢᠨ ᠬᠦᠷᠦᠩᠭᠡ ᠶᠢᠨ | ᠡᠷᠬᠡ ᠶᠢ ᠪᠠᠶᠢᠴᠠᠭᠠᠨ ᠪᠢᠲᠡᠭᠦᠮᠵᠢᠯᠡᠬᠦ ᠪᠠᠷ ᠲᠣᠭᠲᠠᠭᠠᠭᠰᠠᠨ ᠪᠤᠶᠤ ᠪᠤᠰᠤᠳ ᠬᠡᠯᠪᠡᠷᠢ ᠪᠠᠷ ᠬᠢᠵᠠᠭᠠᠷᠯᠠᠭᠰᠠᠨ︔ | 3. ᠬᠠᠮᠲᠤ ᠪᠠᠷ ᠥᠮᠴᠢᠯᠡᠬᠦ ᠭᠡᠷ ᠪᠠᠶᠢᠰᠢᠩ ᠨᠢ ᠬᠠᠮᠲᠤ ᠪᠠᠷ ᠥᠮᠴᠢᠯᠡᠭᠴᠢ ᠶᠢᠨ ᠵᠥᠪᠰᠢᠶᠡᠷᠡᠯ ᠢ ᠣᠯᠤᠭᠰᠠᠨ ᠦᠭᠡᠢ︔ | 4. ᠡᠷᠬᠡ ᠶᠢᠨ ᠬᠠᠷᠢᠶᠠᠯᠠᠯ ᠨᠢ ᠮᠠᠷᠭᠤᠭᠠᠨ ᠲᠠᠢ ᠪᠠᠶᠢᠬᠤ︔ | 5. ᠬᠠᠤᠯᠢ ᠶᠢ ᠵᠥᠷᠢᠴᠡᠭᠰᠡᠨ ᠪᠠᠷᠢᠯᠭ᠎ᠠ ᠳᠤ ᠲᠣᠭᠠᠴᠠᠭᠳᠠᠬᠤ︔ | 6. ᠠᠶᠤᠯᠭᠦᠶ ᠶᠢᠨ ᠪᠠᠷᠢᠮᠵᠢᠶ᠎ᠠ ᠳᠤ ᠦᠯᠦ ᠨᠡᠶᠢᠴᠡᠭᠰᠡᠨ︔ | 7. ᠨᠢᠭᠡᠨᠲᠡ ᠪᠠᠷᠢᠴᠠᠭᠠᠯᠠᠭᠠᠳ᠂ ᠪᠠᠷᠢᠴᠠᠭᠠᠨ ᠤ ᠡᠷᠬᠡᠲᠦ ᠬᠥᠮᠦᠨ ᠤ ᠵᠥᠪᠰᠢᠶᠡᠷᠡᠯ ᠢ ᠣᠯᠤᠭᠰᠠᠨ ᠦᠭᠡᠢ︔ | 8. ᠳᠣᠲᠣᠭᠠᠳᠤ ᠶᠢ ᠬᠠᠮᠠᠭᠠᠯᠠᠬᠤ᠂ ᠣᠷᠴᠢᠨ ᠲᠣᠭᠤᠷᠢᠨ ᠤ ᠬᠠᠮᠠᠭᠠᠯᠠᠯᠲᠠ᠂ ᠡᠷᠡᠭᠦᠯ ᠬᠠᠮᠠᠭᠠᠯᠠᠯ ᠵᠡᠷᠭᠡ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ ᠤᠨ | ᠬᠤᠯᠪᠣᠭᠳᠠᠯ ᠪᠥᠬᠦᠶ ᠲᠣᠭᠲᠠᠭᠠᠯ ᠳᠤ ᠨᠡᠶᠢᠴᠡᠬᠦ ᠥᠬᠡᠶ︔ | 9. ᠬᠤᠯᠪᠣᠭᠳᠠᠯ ᠪᠦᠬᠦᠢ ᠬᠠᠤᠯᠢ ᠴᠠᠭᠠᠵᠠ᠂ ᠬᠠᠤᠯᠢ ᠲᠣᠭᠲᠠᠭᠠᠯ ᠳᠤ ᠲᠦᠷᠢᠶᠡᠰᠦᠯᠡᠭᠦᠯᠬᠦ ᠶᠢ ᠴᠠᠭᠠᠵᠠᠯᠠᠬᠤ ᠪᠠᠷ ᠲᠣᠭᠲᠠᠭᠠᠭᠰᠠᠨ ᠪᠤᠰᠤᠳ ᠪᠠᠶᠢᠳᠠᠯ᠃ | ᠬᠤᠶᠠᠷ᠂ ᠬᠡᠷ ᠪᠠᠶᠢᠰᠢᠩ ᠲᠦᠷᠢᠶᠡᠰᠦᠯᠡᠭᠦᠯᠬᠦ ᠪᠣᠯᠵᠤᠭ᠎ᠠ ᠵᠥᠷᠢᠴᠡᠭᠰᠡᠨ ᠬᠠᠷᠢᠭᠤᠴᠠᠯᠭ᠎ᠠ ᠳᠤ ᠶᠠᠭᠤ ᠶᠠᠭᠤ ᠪᠠᠶᠢᠬᠤ ᠪᠤᠢ ︖ | 1. ᠲᠦᠷᠢᠶᠡᠰᠦᠯᠡᠭᠦᠯᠦᠭᠴᠢ ᠶᠢᠨ ᠭᠡᠷ᠎ᠡ ᠶᠢ ᠵᠥᠷᠢᠴᠡᠭᠰᠡᠨ ᠬᠠᠷᠢᠭᠤᠴᠠᠯᠭ᠎ᠠ | ︵1︶ ᠪᠣᠯᠵᠣᠨ ᠲᠣᠭᠲᠠᠭᠰᠠᠨ ᠶᠣᠰᠣᠭᠠᠷ ᠭᠡᠷ ᠪᠠᠶᠢᠰᠢᠩ ᠵᠢᠴᠢ ᠲᠡᠭᠦᠨ ᠤ ᠲᠠᠭᠠᠯᠳᠠ ᠲᠥᠬᠦᠭᠡᠷᠦᠮᠵᠢ ᠶᠢ ᠲᠦᠷᠢᠶᠡᠰᠦᠯᠡᠭᠴᠢ ᠳᠤ ᠲᠤᠰᠢᠶᠠᠨ ᠥᠭᠴᠦ | ᠬᠡᠷᠡᠭᠯᠡᠭᠦᠯᠦᠭᠰᠡᠨ ᠦᠭᠡᠢ ᠪᠤᠯ ᠭᠡᠷ᠎ᠡ ᠶᠢ ᠵᠥᠷᠢᠴᠡᠭᠰᠡᠨ ᠮᠥᠩᠭᠦ ᠲᠦᠯᠦᠬᠦ ᠬᠡᠷᠡᠭᠲᠡᠶ︔ ᠲᠦᠷᠢᠶᠡᠰᠦᠯᠡᠭᠴᠢ ᠳᠤ ᠬᠤᠬᠢᠷᠠᠯ ᠤᠴᠠᠷᠠᠭᠤᠯᠤᠭᠰᠠᠨ ᠪᠠᠶᠢᠪᠠᠯ ᠪᠠᠰᠠ | ᠲᠦᠯᠦᠬᠦ ᠬᠡᠷᠡᠭᠲᠡᠶ᠃ | ︵2︶ ᠲᠤᠰᠢᠶᠠᠨ ᠥᠭᠭᠦᠭᠰᠡᠨ ᠭᠡᠷ ᠪᠠᠶᠢᠰᠢᠩ ᠵᠢᠴᠢ ᠲᠡᠭᠦᠨ ᠤ ᠲᠠᠭᠠᠯᠳᠠ ᠲᠥᠬᠦᠭᠡᠷᠦᠮᠵᠢ ᠨᠢ ᠭᠡᠷ᠎ᠡ ᠶᠢᠨ ᠱᠠᠭᠠᠷᠳᠠᠯᠭ᠎ᠠ ᠳᠤ ᠨᠡᠶᠢᠴᠡᠬᠦ ᠦᠭᠡᠢ ᠪᠤᠶᠤ | ᠭᠡᠷ᠎ᠡ ᠶᠢᠨ ᠲᠣᠭᠲᠠᠭᠠᠯ ᠶᠣᠰᠣᠭᠠᠷ ᠭᠡᠷ ᠪᠠᠶᠢᠰᠢᠩ ᠢ ᠰᠡᠯᠪᠢᠨ ᠵᠠᠰᠠᠵᠤ ᠠᠷᠠᠴᠢᠯᠠᠨ ᠬᠠᠮᠠᠭᠠᠯᠠᠭᠰᠠᠨ ᠦᠭᠡᠢ ᠠᠴᠠ ᠪᠤᠯᠵᠤ ᠲᠦᠷᠢᠶᠡᠰᠦᠯᠡᠭᠴᠢ ᠶᠢᠨ ᠬᠡᠪ ᠤᠨ ᠪᠠᠶᠢᠳᠠᠯ | ᠢᠶᠠᠷ ᠠᠮᠤᠷ ᠲᠦᠪᠰᠢᠨ ᠢᠶᠠᠷ ᠬᠡᠷᠡᠭᠯᠡᠬᠦ ᠳᠤ ᠠᠶᠤᠯ ᠬᠥᠨᠥᠭᠡᠯ ᠤᠴᠠᠷᠠᠭᠤᠯᠤᠭᠰᠠᠨ ᠪᠠᠶᠢᠪᠠᠯ᠂ ᠬᠠᠷᠢᠭᠤᠴᠠᠵᠤ ᠪᠠᠶᠢᠭᠠᠳ ᠰᠡᠯᠪᠢᠨ ᠵᠠᠰᠠᠬᠤ ᠬᠡᠷᠡᠭᠲᠡᠶ︔ | ᠲᠦᠷᠢᠶᠡᠰᠦᠯᠡᠭᠴᠢ ᠨᠢ ᠪᠣᠯᠵᠤᠭ᠎ᠠ ᠵᠥᠷᠢᠴᠡᠭᠰᠡᠨ ᠮᠥᠩᠭᠦ ᠲᠦᠯᠦᠬᠦᠯᠬᠦ ᠪᠠᠷ ᠱᠠᠭᠠᠷᠳᠠᠬᠤ ᠡᠷᠬᠡ ᠲᠠᠢ︔ ᠲᠦᠷᠢᠶᠡᠰᠦᠯᠡᠭᠴᠢ ᠳᠤ ᠬᠤᠬᠢᠷᠠᠯ ᠤᠴᠠᠷᠠᠭᠤᠯᠤᠭᠰᠠᠨ | ᠪᠠᠶᠢᠪᠠᠯ ᠪᠠᠰᠠ ᠲᠦᠯᠦᠬᠦ ᠬᠡᠷᠡᠭᠲᠡᠶ᠃ | ︵3︶ ᠭᠡᠷ ᠪᠠᠶᠢᠰᠢᠩ ᠢ ᠬᠤᠳᠠᠯᠳᠤᠬᠤ᠂ ᠰᠢᠯᠵᠢᠭᠦᠯᠦᠨ ᠲᠦᠷᠢᠶᠡᠰᠦᠯᠡᠬᠦ ᠦᠶ᠎ᠡ ᠳᠤ ᠲᠦᠷᠢᠶᠡᠰᠦᠯᠡᠭᠴᠢ ᠶᠢᠨ ᠤᠷᠢᠳᠠᠪᠠᠷ ᠬᠤᠳᠠᠯᠳᠤᠨ ᠠᠪᠬᠤ ᠡᠷᠬᠡ ᠪᠤᠶᠤ | ᠤᠷᠢᠳᠠᠪᠠᠷ ᠲᠦᠷᠢᠶᠡᠰᠦᠯᠡᠬᠦ ᠡᠷᠬᠡ ᠶᠢ ᠬᠠᠤᠯᠢ ᠴᠠᠭᠠᠵᠠ ᠶᠢᠨ ᠲᠣᠭᠲᠠᠭᠠᠯ ᠶᠣᠰᠣᠭᠠᠷ ᠪᠠᠲᠤᠯᠠᠭᠰᠠᠨ ᠦᠭᠡᠢ ᠪᠣᠯ ᠬᠤᠬᠢᠷᠠᠯ ᠢ ᠬᠠᠷᠢᠭᠤᠴᠠᠨ ᠲᠥᠯᠥᠬᠦ ᠬᠡᠷᠡᠭᠲᠡᠶ᠃ | 2. ᠲᠦᠷᠢᠶᠡᠰᠦᠯᠡᠭᠴᠢ ᠶᠢᠨ ᠭᠡᠷ᠎ᠡ ᠶᠢ ᠵᠥᠷᠢᠴᠡᠭᠰᠡᠨ ᠬᠠᠷᠢᠭᠤᠴᠠᠯᠭ᠎ᠠ | ︵1︶ ᠪᠣᠯᠵᠣᠨ ᠲᠣᠭᠲᠠᠭᠰᠠᠨ ᠶᠣᠰᠣᠭᠠᠷ ᠲᠦᠷᠢᠶᠡᠰᠦᠨ ᠮᠥᠩᠭᠦ ᠥᠭᠭᠦᠭᠰᠡᠨ ᠦᠭᠡᠢ ᠪᠤᠯ ᠲᠦᠷᠢᠶᠡᠰᠦᠨ ᠮᠥᠩᠭᠦ ᠶᠢ ᠨᠥᠬᠦᠵᠦ ᠲᠤᠰᠢᠶᠠᠬᠤ ᠠᠴᠠ ᠭᠠᠳᠠᠨ᠎ᠠ | ᠪᠠᠰᠠ ᠭᠡᠷ᠎ᠡ ᠶᠢ ᠵᠥᠷᠢᠴᠡᠭᠰᠡᠨ ᠮᠥᠩᠭᠦ ᠲᠦᠯᠦᠬᠦ ᠬᠡᠷᠡᠭᠲᠡᠶ᠃ ᠲᠦᠷᠢᠶᠡᠰᠦᠨ ᠮᠥᠩᠭᠦ ᠥᠷᠢᠲᠦᠬᠦ ᠨᠢ ᠵᠣᠬᠢᠬᠤ ᠬᠤᠭᠤᠴᠠᠭᠠᠨ ᠳᠤ ᠬᠦᠷᠦᠭᠰᠡᠨ ︵ᠬᠤᠪᠢ ᠶᠢᠨ ᠭᠡᠷ | ᠪᠠᠶᠢᠰᠢᠩ ᠤᠨ ᠲᠦᠷᠢᠶᠡᠰᠦᠯᠡᠯ ᠤᠨ ᠬᠤᠭᠤᠴᠠᠭ᠎ᠠ ᠨᠢ 6 ᠰᠠᠷ᠎ᠠ ᠪᠣᠯᠤᠨ᠎ᠠ︶ ᠪᠠᠶᠢᠪᠠᠯ᠂ ᠲᠦᠷᠢᠶᠡᠰᠦᠯᠡᠭᠦᠯᠦᠭᠴᠢ ᠭᠡᠷ᠎ᠡ ᠶᠢ ᠬᠦᠴᠦᠨ ᠦᠭᠡᠢ ᠪᠣᠯᠭᠠᠬᠤ ᠡᠷᠭᠡ ᠲᠠᠢ᠃ | ︵2︶ ᠲᠦᠷᠢᠶᠡᠰᠦᠯᠡᠭᠰᠡᠨ ᠭᠡᠷ ᠪᠠᠶᠢᠰᠢᠩ ᠢ ᠵᠣᠬᠢᠰ ᠦᠭᠡᠢ ᠬᠡᠷᠡᠭᠯᠡᠵᠤ᠂ ᠭᠡᠷ ᠪᠠᠶᠢᠰᠢᠩ ᠵᠢᠴᠢ ᠲᠡᠭᠦᠨ ᠤ ᠲᠠᠭᠠᠯᠳᠠ ᠲᠥᠬᠦᠭᠡᠷᠦᠮᠵᠢ ᠶᠢ ᠵᠦᠶ ᠵᠤᠬᠢᠰ | ᠦᠭᠡᠢ ᠬᠤᠬᠢᠷᠠᠭᠤᠯᠤᠭᠰᠠᠨ ᠪᠠᠶᠢᠪᠠᠯ᠂ ᠤᠤᠯ ᠤᠨ ᠪᠠᠶᠢᠳᠠᠯ ᠢ ᠨᠢ ᠰᠡᠷᠭᠦᠭᠡᠬᠦ ᠪᠤᠶᠤ ᠬᠤᠬᠢᠷᠠᠯ ᠢ ᠨᠢ ᠳᠦᠯᠦᠬᠦ ᠠᠵᠢᠯ ᠢ ᠬᠠᠷᠢᠭᠤᠴᠠᠬᠤ ᠬᠡᠷᠡᠭᠲᠡᠶ᠃ | ︵3︶ ᠭᠡᠷ ᠪᠠᠶᠢᠰᠢᠩ ᠢ ᠳᠤᠷ᠎ᠠ ᠪᠠᠷ ᠢᠶᠠᠨ ᠰᠢᠯᠵᠢᠭᠦᠯᠦᠨ ᠲᠦᠷᠢᠶᠡᠰᠦᠯᠡᠭᠰᠡᠨ᠂ ᠰᠢᠯᠵᠢᠭᠦᠯᠦᠨ ᠵᠢᠭᠡᠯᠡᠭᠦᠯᠦᠭᠰᠡᠨ᠂ ᠰᠣᠯᠢᠵᠤ ᠲᠦᠷᠢᠶᠡᠰᠦᠯᠡᠭᠦᠯᠦᠭᠰᠡᠨ ᠪᠤᠶᠤ | ᠭᠡᠷ ᠪᠠᠶᠢᠰᠢᠩ ᠢ ᠠᠰᠢᠭᠯᠠᠨ ᠬᠠᠤᠯᠢ ᠪᠤᠰᠤ ᠠᠵᠢᠯᠯᠠᠭ᠎ᠠ ᠬᠢᠭᠰᠡᠨ ᠪᠤᠯ ᠲᠦᠷᠢᠶᠡᠰᠦᠯᠡᠭᠦᠯᠦᠭᠴᠢ ᠨᠢ ᠭᠡᠷ᠎ᠡ ᠶᠢ ᠬᠦᠴᠦᠨ ᠤᠢᠭᠡᠢ ᠪᠣᠯᠭᠠᠬᠤ ᠡᠷᠬᠡ ᠲᠠᠢ ᠪᠥᠭᠡᠳ | ᠭᠡᠷ᠎ᠡ ᠶᠢ ᠵᠥᠷᠢᠴᠡᠭᠰᠡᠨ ᠮᠥᠩᠭᠦ ᠲᠦᠯᠦᠬᠦᠯᠬᠦ ᠪᠠᠷ ᠭᠤᠶᠤᠴᠢᠯᠠᠬᠤ ᠡᠷᠬᠡ ᠲᠠᠢ᠃ | ᠬᠠᠤᠯᠢ ᠶᠢᠨ ᠦᠨᠳᠦᠰᠦᠯᠡᠯ᠄ | ︽ᠲᠠᠸᠠᠷ ᠤᠨ ᠭᠡᠷ ᠪᠠᠶᠢᠰᠢᠩ ᠲᠦᠷᠢᠶᠡᠰᠦᠯᠡᠬᠦ ᠬᠠᠮᠢᠶᠠᠷᠤᠯᠲᠠ ᠶᠢᠨ ᠠᠷᠭ᠎ᠠ︾ ᠶᠢᠨ ᠵᠢᠷᠭᠤᠳᠤᠭᠠᠷ ᠵᠦᠢᠯ ᠳᠤ ᠲᠤᠤᠷᠠᠬᠢ ᠬᠡᠳᠦᠨ ᠵᠦᠢᠯ ᠤᠨ ᠪᠠᠶᠢᠳᠠᠯ ᠳᠤ ᠭᠡᠷ | ᠪᠠᠶᠢᠰᠢᠩ ᠢ ᠭᠠᠳᠠᠭᠰᠢ ᠲᠦᠷᠢᠶᠡᠰᠦᠯᠡᠵᠦ ᠪᠣᠯᠬᠤ ᠦᠭᠡᠢ ᠬᠡᠵᠤ ᠲᠤᠭᠳᠠᠭᠠᠪᠠ᠄ | ︵ᠨᠢᠭᠡ︶ ᠬᠠᠤᠯᠢ ᠶᠢ ᠵᠥᠷᠢᠴᠡᠭᠰᠡᠨ ᠪᠠᠷᠢᠯᠭ᠎ᠠ ᠳᠤ ᠲᠣᠭᠠᠴᠠᠭᠳᠠᠬᠤ︔ | ︵ᠬᠤᠶᠠᠷ︶ ᠠᠮᠤᠷ ᠲᠦᠪᠰᠢᠨ᠂ ᠭᠠᠮᠰᠢᠭ ᠢ ᠰᠡᠷᠭᠡᠶᠢᠯᠡᠬᠦ ᠵᠡᠷᠭᠡ ᠪᠠᠷᠢᠯᠭ᠎ᠠ ᠶᠢᠨ ᠪᠦᠲᠦᠭᠡᠨ ᠪᠠᠶᠢᠭᠤᠯᠤᠯᠲᠠ ᠶᠢᠨ ᠠᠯᠪᠠᠳᠠᠯᠭ᠎ᠠ ᠶᠢᠨ ᠴᠢᠨᠠᠷᠲᠠᠶ ᠪᠠᠷᠢᠮᠵᠢᠶ᠎ᠠ ᠳᠤ | ᠦᠯᠦ ᠨᠡᠶᠢᠴᠡᠭᠰᠡᠨ︔ | ︵ᠭᠤᠷᠪᠠ︶ ᠲᠣᠭᠲᠠᠭᠠᠯ ᠢ ᠵᠥᠷᠢᠴᠡᠨ ᠭᠡᠷ ᠪᠠᠶᠢᠰᠢᠩ ᠤᠨ ᠬᠡᠷᠡᠭᠯᠡᠯᠲᠡ ᠶᠢᠨ ᠰᠢᠨᠵᠢ ᠴᠢᠨᠠᠷ ᠢ ᠬᠤᠪᠢᠷᠠᠭᠤᠯᠤᠭᠰᠠᠨ︔ | ︵ᠲᠦᠷᠪᠡ︶ ᠬᠠᠤᠯᠢ ᠴᠠᠭᠠᠵᠠ᠂ ᠬᠠᠤᠯᠢ ᠲᠣᠭᠲᠠᠭᠠᠯ ᠳᠤ ᠲᠦᠷᠢᠶᠡᠰᠦᠯᠡᠭᠦᠯᠬᠦ ᠶᠢ ᠴᠠᠭᠠᠵᠠᠯᠠᠬᠤ ᠪᠠᠷ ᠲᠣᠭᠲᠠᠭᠠᠭᠰᠠᠨ ᠪᠤᠰᠤᠳ ᠪᠠᠶᠢᠳᠠᠯ᠃ | | ᠤᠷᠠᠳ ᠤᠨ ᠲᠤᠮᠳᠠᠳᠤ ᠬᠤᠰᠢᠭᠤᠨ ᠤ ᠬᠠᠤᠯᠢ ᠴᠠᠭᠠᠵᠠ ᠶᠢᠨ ᠲᠤᠪᠴᠢᠶ᠎ᠠ ᠠᠴᠠ ᠬᠠᠩᠭᠠᠪᠠ |