ᠲᠠᠷᠠᠭ ᠠᠶᠢᠷᠠᠭ ᠤᠨ ᠱᠠᠩᠳᠠᠭᠤᠨ ᠦᠨᠦᠷ ᠬᠠᠩᠬᠤᠯᠵᠤ ᠲᠠᠯ᠎ᠠ ᠨᠤᠲᠤᠭ ᠲᠤ ᠲᠠᠩᠰᠤᠭ ᠨᠠᠮᠤᠷ ᠰᠠᠭᠠᠲᠠᠯ᠎ᠠ᠃ ᠬᠦᠩᠭᠡᠨ ᠨᠤᠶᠢᠷ ᠲᠠᠢ ᠰᠤᠷᠭᠠᠭᠤᠯᠢ ᠶᠢᠨ | ᠬᠦᠷᠢᠶ᠎ᠡ ᠬᠦᠯ ᠤᠨ ᠦᠢᠮᠡᠭᠡᠨ ᠳᠤ ᠰᠡᠷᠢᠴᠢᠭᠡᠯᠡ᠃ ᠴᠡᠴᠡᠭ ᠬᠤᠸᠠᠷ ᠵᠤᠯᠭᠠᠷᠠᠬᠤ ᠨᠢ ᠵᠤᠯᠭᠠᠷᠠᠵᠤ ᠬᠤᠷᠪᠤᠶᠢᠬᠤ ᠨᠢ ᠬᠤᠷᠪᠤᠶᠢᠭᠰᠠᠨ ᠴᠦ ᠵᠢᠭᠠᠨ ᠰᠤᠷᠭᠠᠬᠤ ᠠᠰᠠᠷ | ᠤᠨ ᠡᠮᠦᠨᠡᠬᠢ ᠲᠤᠷᠠᠰᠬᠠᠯ ᠤᠨ ᠬᠦᠰᠢᠶᠡᠨ ᠤ ᠬᠤᠶᠠᠷ ᠲᠠᠯ᠎ᠠ ᠳᠤ ᠤᠷᠭᠤᠭᠰᠠᠨ ᠪᠤᠯᠪᠠᠷᠠᠢ ᠦᠷ᠎ᠡ ᠠᠮᠢᠵᠢᠷᠠᠯ ᠤᠨ ᠤᠶᠠᠩᠭ᠎ᠠ ᠲᠠᠢ ᠮᠠᠷᠭᠠᠰᠢ ᠪᠠᠨ ᠵᠡᠬᠦᠲᠦᠯᠡᠵᠦ᠂ | ᠰᠢᠷᠭᠠᠯ ᠨᠠᠮᠤᠷ ᠤᠨ ᠰᠢᠵᠢᠷ ᠲᠤᠶᠠᠭᠠᠨ ᠳᠤ ᠪᠦᠪᠡᠶᠢᠯᠡᠭᠲᠡᠨ ᠠᠲᠡ ᠲᠡᠨᠲᠡ ᠦᠭᠡᠢ ᠵᠤᠮᠠᠯᠵᠠᠨ ᠮᠦᠰᠢᠶᠡᠨ᠎ᠡ᠃ ᠴᠢᠨᠠᠭᠰᠢᠯᠠᠭᠠᠳ ᠵᠢᠭᠲᠡ ᠲᠠᠷᠢᠭᠰᠠᠨ ᠤᠨᠵᠢᠭᠠᠷ | ᠤᠲᠠᠨ ᠤ ᠲᠤᠤᠭᠤᠷ ᠠᠯᠬᠤᠯᠠᠬᠤ ᠳᠤ ᠨᠠᠪᠴᠢ ᠨᠠᠮᠠᠭ᠎ᠠ ᠨᠢ ᠬᠠᠴᠠᠷ ᠱᠦᠷᠬᠦᠭᠡᠨ ᠦᠩᠭᠡᠷᠡᠬᠦ ᠳᠤ ᠡᠵᠢ ᠶᠢᠨ ᠮᠢᠨᠢ ᠡᠨᠡᠷᠢᠩᠬᠦᠢ ᠢᠯᠪᠢᠯᠲᠡ ᠰᠢᠭ ᠰᠠᠨᠠᠭᠲᠠᠨ᠎ᠠ ᠃ | ᠦᠨᠲᠦᠷ ᠲᠡᠭᠷᠢ ᠠᠴᠠ ᠦᠩ ᠲᠡᠯᠡᠭᠡᠢ ᠳᠤ ᠬᠦᠷᠲᠡᠯ᠎ᠠ ᠠᠮᠢᠰᠬᠤᠯ ᠤᠨ ᠵᠠᠢ᠂ ᠦᠴᠦᠭᠡᠲᠦᠷ ᠠᠴᠠ ᠦᠨᠦᠲᠦᠷ ᠪᠤᠯᠲᠠᠯ᠎ᠠ ᠲᠤᠭ ᠭᠡᠬᠦ ᠶᠢᠨ ᠵᠠᠢ᠃ ᠭᠡᠤᠭᠡᠳ | ᠠᠴᠠ ᠭᠡᠤᠭᠡᠳ ᠤᠨ ᠠᠪᠤ ᠪᠤᠯᠬᠤ ᠭᠡᠭᠴᠢ ᠠᠮᠢ ᠨᠠᠰᠤᠨ ᠤ ᠦᠷᠬᠦᠯᠵᠢᠯᠡᠯ᠂ ᠬᠦᠭᠵᠢᠨ᠎ᠡ᠂ ᠬᠤᠪᠢᠷᠠᠨ᠎ᠠ᠂ ᠮᠠᠨᠲᠤᠨ᠎ᠠ᠂ ᠮᠦᠬᠦᠨᠡ ᠭᠡᠭᠴᠢ ᠬᠤᠷᠸ᠎ᠠ ᠶᠢᠨ ᠵᠢᠮ᠎ᠠ᠃ | ᠵᠤᠨ ᠤ ᠬᠠᠯᠠᠭᠤᠨ ᠳᠤ ᠲᠤᠷ᠎ᠠ ᠲᠠᠢ ᠲᠤᠷ᠎ᠠ ᠦᠭᠡᠢ ᠪᠤᠴᠠᠵᠤ᠂ ᠵᠤᠰᠠᠯᠠᠩ ᠤᠨ ᠪᠦᠷᠦᠢ ᠨᠠᠮᠤᠷᠵᠢᠶᠠᠨ ᠳᠤ ᠰᠢᠩᠭᠡᠬᠦ ᠳᠤ᠂ ᠲᠠᠷᠭᠤ ᠰᠠᠶᠢᠲᠠᠢ ᠮᠠᠯ | ᠰᠦᠷᠦᠭ ᠲᠤᠭᠳᠠᠭᠤᠬᠠᠨᠢᠲᠡᠰᠢᠯᠡᠨᠡ᠃ ᠠᠶᠢᠯ ᠤᠨ ᠡᠬᠦᠲᠡᠨ ᠳᠤ ᠬᠠᠲᠠᠭᠠᠭᠰᠠᠨ ᠠᠭᠠᠷᠤᠤᠯ ᠬᠤᠷᠤᠳ ᠪᠠᠭᠰᠢᠷᠠᠨ ᠲᠡᠯᠭᠡᠷᠡᠭᠰᠡᠨ ᠲᠠᠭᠠᠨ᠎ᠠ ᠶᠢᠨ ᠴᠡᠴᠡᠭ ᠰᠢᠭ | ᠰᠢᠩᠭᠡᠬᠦ ᠨᠠᠷᠠᠨ ᠤ ᠤᠯᠠᠪᠢᠷ ᠲᠤᠶᠠᠭᠠᠨ ᠳᠤ ᠰᠢᠵᠢᠷᠳᠡᠨ᠂ ᠠᠩᠬᠢᠯᠤᠮ᠎ᠠ ᠰᠠᠶᠢᠬᠠᠨ ᠦᠨᠦᠷ ᠨᠢ ᠬᠤᠯᠠ ᠶᠢᠨ ᠬᠤᠯᠠ ᠠᠴᠠ ᠬᠠᠩᠬᠤᠯᠵᠤ᠂ ᠬᠠᠶᠢᠴᠢᠨ ᠵᠢᠬᠦᠷ ᠲᠠᠢ | ᠬᠠᠷᠢᠶᠠᠴᠠᠢ ᠲᠦᠷᠦᠭᠰᠡᠨ ᠨᠤᠲᠤᠭ ᠠᠴᠠ ᠪᠠᠨ ᠰᠠᠯᠵᠤ ᠲᠦᠪᠲᠡᠯ ᠦᠭᠡᠢ ᠲᠡᠭᠡᠬᠦᠷ ᠲᠤᠭᠤᠤᠷ ᠬᠠᠯᠢᠨ ᠨᠢᠰᠬᠦ ᠳᠤ᠂ ᠰᠤᠶᠤᠯ ᠨᠤᠮ ᠤᠨ ᠰᠤᠯᠤᠩᠭᠠᠨ ᠡᠭᠡᠰᠢᠭ | ᠴᠤᠤᠷᠢᠶᠠᠲᠤᠨ᠂ ᠪᠠᠶᠠᠨ ᠲᠠᠩᠰᠤᠭ᠂ ᠬᠦᠰᠡᠯ ᠰᠢᠩᠭᠡᠭᠰᠡᠨ ᠰᠠᠶᠢᠬᠠᠨ ᠤᠯᠠᠷᠢᠯ ᠪᠤᠯᠵᠤ ᠪᠠᠶᠢᠭ᠎ᠠ ᠠᠵᠠᠢ᠃ ᠠᠮᠢᠲᠤᠷᠠᠯ ᠠᠵᠢᠯ ᠳᠤ ᠡᠷᠲᠡ ᠤᠬᠠᠭᠠᠷᠠᠭᠰᠠᠨ ᠬᠦᠲᠡᠭᠡ | ᠶᠢᠨ ᠭᠡᠤᠭᠡᠳ ᠭᠡᠵᠤ ᠨᠢᠰᠤᠩᠬᠠᠢ ᠬᠠᠮᠠᠷ ᠲᠠᠢ᠂ ᠴᠤᠭᠤᠷᠬᠠᠢ ᠦᠮᠦᠲᠦ ᠲᠠᠢ᠂ ᠰᠢᠯᠪᠤᠷᠬᠠᠢ ᠡᠪᠦᠲᠦᠭ ᠲᠠᠢ᠂ ᠪᠤᠷᠭᠠᠰᠤᠨ ᠮᠤᠷᠢ ᠲᠠᠢ ᠴᠦ ᠠᠪᠤ ᠡᠵᠢ ᠪᠠᠨ | ᠬᠠᠪᠰᠤᠷᠤᠨ ᠢᠰᠢᠭᠡ ᠬᠤᠷᠠᠭᠠᠨ ᠳᠤ ᠶᠠᠪᠤᠬᠤ᠂ ᠬᠤᠨᠢ ᠢᠮᠠᠭ᠎ᠠ ᠪᠠᠨ ᠡᠷᠬᠢᠬᠦᠯᠬᠦ᠂ ᠠᠷᠭᠠᠯ ᠲᠦᠯᠡᠰᠢ ᠲᠡᠬᠦᠬᠦ᠂ ᠠᠶᠠᠭ᠎ᠠ ᠱᠠᠭᠠᠵᠠᠩ ᠤᠬᠢᠶᠠᠬᠤ᠂ ᠠᠬ᠎ᠠ ᠡᠭᠡᠴᠢ ᠨᠢ | ᠲᠡᠬᠦᠦ ᠨᠠᠷ ᠢᠶᠠᠨ ᠬᠠᠷᠠᠬᠤ ᠵᠡᠷᠭᠡ ᠠᠵᠢᠯ ᠳᠤ ᠴᠢᠲᠠᠬᠤ ᠶᠢᠨ ᠴᠢᠨᠡᠭᠡ ᠪᠠᠷ ᠲᠠᠮ ᠲᠤᠰᠠ ᠪᠤᠯᠵᠤ ᠵᠠᠩᠨᠠᠭᠤᠯᠴᠢᠬᠠᠭᠰᠠᠨ᠂ ᠢᠨᠢᠶᠡᠴᠢᠭᠡᠭᠰᠡᠨ᠂ | ᠦᠨᠦᠰᠦᠭᠦᠯᠴᠢᠬᠡᠭᠰᠡᠨᠬᠦ᠋ᠶᠦᠵᠦ ᠯᠠ ᠪᠠᠶᠢᠲᠠᠭ᠃ ᠬᠦᠯ ᠳᠤ ᠤᠷᠤᠬᠤ ᠠᠴᠠ ᠠᠪᠤᠭᠠᠳ ᠡᠵᠢ ᠶᠢᠨ ᠢᠶᠠᠨ ᠨᠤᠶᠢᠲᠠᠨ ᠬᠤᠷᠮᠤᠢ ᠳᠤ ᠡᠯᠬᠦᠭᠲᠡᠨ ᠬᠤᠷᠠᠭ᠎ᠠ ᠢᠰᠢᠭᠡ | ᠲᠠᠢ ᠨᠠᠶᠢᠵᠠᠷᠬᠠᠵᠤ᠂ ᠤᠬᠠᠭ᠎ᠠ ᠤᠷᠤᠬᠤ ᠠᠴᠠ ᠡᠬᠢᠯᠡᠨ ᠠᠪᠤ ᠶᠢᠨ ᠬᠠᠯᠠ ᠲᠠᠢ ᠬᠠᠶᠢᠷ᠎ᠠ ᠳᠤ ᠨᠤᠮᠯᠠᠭᠲᠠᠨ ᠬᠠᠲᠠ ᠴᠢᠯᠠᠭᠤ ᠲᠠᠢ ᠦᠶᠡᠷᠭᠡᠵᠦ ᠶᠠᠪᠤᠭᠰᠠᠨ ᠪᠠᠯᠴᠢᠷ | ᠪᠠᠭ᠎ᠠ ᠨᠠᠰᠤ ᠮᠢᠨᠢ ᠬᠤᠷ᠎ᠠ ᠶᠢᠨ ᠲᠠᠷᠠᠭᠠᠬᠢ ᠰᠤᠯᠤᠩᠭ᠎ᠠ ᠰᠢᠭ᠋ ᠨᠢᠭᠡ ᠮᠡᠲᠡᠬᠦ ᠳᠤ ᠯᠠ ᠠᠯᠠᠭ᠎ᠠ ᠪᠤᠯᠴᠢᠬᠠᠵᠠᠢ᠃ | — ᠮᠢᠨᠤ ᠬᠦᠦ ᠤᠲᠠᠬᠤ ᠦᠭᠡᠢ ᠰᠤᠷᠭᠠᠭᠤᠯᠢ ᠳᠤ ᠰᠠᠭᠤᠵᠤ ᠪᠢᠴᠢᠭ ᠦᠵᠡᠨ᠎ᠡ ᠰᠢᠤ᠂ ᠲᠡᠭᠡᠭᠡᠳ ᠶᠡᠭᠡ ᠡᠷᠲᠡᠮ ᠨᠤᠮ ᠰᠤᠷᠤᠨ᠎ᠠ ᠳ᠋ᠠ ᠭᠡᠵᠤ | ︿︿ᠠ﹀﹀ ᠦᠰᠦᠭ ᠲᠠᠨᠢᠬᠤ ᠦᠭᠡᠢ ᠡᠵᠢ ᠮᠢᠨᠢ ᠰᠦ ᠬᠦᠭᠡᠷᠡᠬᠦᠯᠬᠦ ᠶᠢᠨ ᠲᠠᠭᠠᠤ ᠡᠨᠡᠷᠢᠩᠬᠦᠢ ᠬᠠᠷᠠᠴᠠ ᠬᠠᠶᠢᠷᠠᠯᠠᠨ ᠢᠨᠢᠶᠡᠮᠰᠦᠭᠯᠡᠬᠦ ᠳᠤ | — ᠬᠠᠲᠠᠭᠠᠭᠰᠠᠨ ᠦᠷᠦᠮ᠎ᠡ ᠠᠴᠠ ᠠᠮᠲᠠᠲᠠᠢ ᠤᠤ︖ ᠭᠡᠵᠤ ᠲᠤᠯᠤᠭᠠᠢ ᠪᠠᠨ ᠮᠠᠭᠠᠵᠢᠨ ᠰᠢᠯᠦᠰᠤ ᠪᠠᠨ ᠵᠠᠯᠬᠢᠯᠠᠨ ᠠᠰᠠᠭᠤᠪᠠᠯ | — ᠠᠮᠲᠠᠲᠠᠢ ᠠᠮᠲᠠᠲᠠᠢ᠂ ᠰᠢᠬᠢᠷ ᠪᠤᠷᠠᠮ ᠠᠴᠠ ᠴᠦ ᠠᠮᠲᠠᠲᠠᠢ᠂ ᠬᠦᠦ ᠮᠢᠨᠢ ᠰᠤᠷᠭᠠᠭᠤᠯᠢ ᠳᠤ ᠰᠠᠭᠤᠭᠰᠠᠭᠠᠷ ᠮᠡᠲᠡᠴᠢᠭᠡᠨᠡ ᠁ | ᠰᠤᠷᠭᠠᠭᠤᠯᠢ ᠳᠤ ᠰᠠᠭᠤᠨ ᠡᠷᠲᠡᠮ ᠨᠤᠮ ᠰᠤᠷᠴᠤ ᠤᠯᠠᠨ ᠰᠠᠶᠢᠬᠠᠨ ᠦᠶ᠎ᠠ ᠶᠢᠨ ᠨᠠᠶᠢᠵᠠ ᠲᠠᠢ ᠪᠤᠯᠤᠨ᠎ᠠ ᠭᠡᠬᠦ ᠠᠴᠠ ᠪᠠᠶᠠᠷᠯᠠᠵᠤ ᠬᠦᠭᠰᠡᠲᠡᠭ ᠴᠦ ᠭᠠᠷᠠᠭ | ᠠᠪᠤ ᠡᠵᠢ ᠲᠠᠢ ᠪᠠᠨ ᠠᠭᠤᠯᠵᠠᠵᠤ ᠲᠡᠶᠢᠯᠬᠦ ᠦᠭᠡᠢ ᠪᠤᠯᠬᠤ ᠶᠤᠮ ᠪᠠᠶᠢᠨ᠎ᠠ ᠭᠡᠰᠡᠨ ᠢ ᠪᠤᠲᠤᠬᠤ ᠪᠦᠷᠢ ᠬᠤᠷᠠᠭ᠎ᠠ ᠢᠰᠢᠭᠡ ᠲᠠᠢ ᠪᠠᠨ᠂ ᠬᠠᠯᠲᠠᠷ ᠨᠤᠬᠠᠢ ᠲᠠᠢ ᠪᠠᠨ | ᠨᠤᠤᠷᠠᠯᠲᠤᠨ ᠡᠲᠦᠷ ᠬᠤᠨᠤᠭ ᠢ ᠦᠩᠭᠡᠷᠡᠬᠡᠬᠦ ᠨᠢ ᠨᠡᠩ ᠴᠦ ᠰᠠᠶᠢᠬᠠᠨ ᠰᠠᠨᠠᠭᠲᠠᠨ᠎ᠠ᠃ | ᠭᠠᠯᠠᠭᠤ ᠭᠠᠩᠭᠠᠨᠠᠭᠰᠠᠨ ᠲᠡᠷᠡ ᠨᠠᠮᠤᠷ ᠡᠵᠢ ᠮᠠᠩᠨᠠᠢ ᠶᠢ ᠮᠢᠨᠢ ᠦᠨᠦᠰᠤᠨ | — ᠮᠢᠨᠤ ᠬᠦᠦ ᠰᠠᠶᠢᠨ ᠰᠤᠷᠲᠠᠭ ᠶᠤᠮ ᠰᠢᠤ᠂ ᠪᠠᠭᠰᠢ ᠶᠢᠨ ᠢᠶᠠᠨ ᠦᠭᠡ ᠶᠢ ᠰᠤᠨᠤᠰ᠂ ᠬᠠᠮᠲᠤ ᠨᠦᠬᠦᠳ ᠲᠠᠢ ᠪᠠᠨ ᠭᠡᠷᠡᠬᠦᠯ ᠵᠤᠲᠤᠭᠠᠨ ᠬᠢᠵᠦ | ᠪᠤᠯᠬᠤ ᠦᠭᠡᠢ ᠰᠢᠤ᠂ ᠤᠬᠠᠭᠠᠨ ᠲᠠᠢ ᠪᠠᠶᠢᠭᠠᠷᠠᠢ᠂ ᠡᠵᠢ ᠨᠢ ᠭᠠᠷᠠᠭ ᠤᠨ ᠵᠢᠷᠭᠤᠭᠠᠨ ᠳᠤ ᠪᠤᠯᠤᠭᠰᠠᠭᠠᠷ ᠤᠴᠢᠵᠤ ᠲᠤᠰᠤᠨ᠎ᠠ ᠰᠢᠤ ᠭᠡᠬᠦ ᠳᠤ | — ᠵᠠ ᠤᠲᠤ ᠬᠦᠲᠡᠯᠦᠶᠡ᠂ ᠤᠷᠤᠶᠢᠲᠠᠬᠤ ᠨᠢ ᠭᠡᠳ ᠠᠪᠤ ᠮᠢᠨᠢ ᠬᠠᠱᠠᠩ ᠭᠡᠭᠡᠷ ᠢᠶᠠᠷ ᠨᠠᠲᠠ ᠶᠢ ᠪᠠᠷᠢᠭᠠᠲᠠ ᠶᠢᠨ ᠰᠤᠷᠭᠠᠭᠤᠯᠢ ᠳᠤ ᠬᠦᠷᠭᠡᠪᠡ᠃ | ᠬᠤᠷᠠᠭ᠎ᠠ ᠢᠰᠢᠭᠡᠨ ᠤ ᠪᠠᠯᠴᠢᠭᠡᠷ ᠠᠴᠠ ᠬᠤᠯᠠᠲᠠᠭᠠ ᠦᠭᠡᠢ ᠨᠠᠲᠠ ᠶᠠᠭᠤ ᠪᠦᠬᠦᠨ ᠲᠤᠩ ᠬᠠᠴᠢᠨ ᠰᠤᠨᠢᠨ ᠬᠠᠷᠠᠭᠲᠠᠭᠰᠠᠨ᠃ ᠲᠡᠷᠲᠡᠭᠡ ᠳᠤ ᠬᠠᠷᠠᠭᠲᠠᠬᠤ ᠦᠨᠲᠦᠷ | ᠠᠭᠤᠯᠠ ᠶᠢ ᠲᠡᠭᠷᠢ ᠶᠢᠨ ᠬᠠᠶᠠᠭ᠎ᠠ ᠭᠡᠵᠤ ᠪᠤᠲᠤᠭᠰᠠᠨ ᠮᠠᠨᠢ ᠪᠤᠷᠤᠭᠤᠲᠠᠯᠠ ᠭᠡᠰᠡᠨ ᠢ ᠰᠤᠷᠭᠠᠭᠤᠯᠢ ᠳᠤ ᠶᠠᠪᠤᠬᠤ ᠵᠠᠮ ᠵᠠᠭᠤᠷ᠎ᠠ ᠪᠠᠨ ᠠᠩᠬᠠᠯᠠᠨ ᠤᠬᠠᠭᠠᠷᠠᠯ᠎ᠠ᠃ | ᠬᠤᠶᠠᠷ ᠴᠠᠭ ᠰᠢᠬᠠᠮ ᠶᠠᠪᠤᠭᠠᠳ ᠪᠠᠷᠢᠭᠠᠲᠠ ᠶᠢᠨ ᠰᠤᠷᠭᠠᠭᠤᠯᠢ ᠳᠤ ᠬᠦᠷᠴᠦ ᠪᠢᠯᠡ᠃ | ᠪᠠᠷᠢᠭᠠᠲᠠ ᠶᠢᠨ ᠰᠤᠷᠭᠠᠭᠤᠯᠢ ᠭᠡᠵᠤ ᠵᠢᠵᠢᠭᠭᠡᠨ ᠬᠦᠷᠢᠶ᠎ᠡ ᠲᠦᠷᠪᠡᠨ ᠮᠦᠷ ᠪᠠᠶᠢᠰᠢᠩ ᠲᠠᠢ᠂ ᠡᠮᠦᠨ᠎ᠡ ᠪᠠᠶᠢᠭ᠎ᠠ ᠬᠤᠶᠠᠷ ᠮᠦᠷ ᠪᠠᠶᠢᠰᠢᠩ ᠨᠢ ᠠᠩᠬᠢ ᠶᠢᠨ | ᠭᠡᠷ᠂ ᠠᠷᠤ ᠲᠠᠯ᠎ᠠ ᠳᠤᠨᠢ ᠪᠠᠶᠢᠭ᠎ᠠ ᠨᠢᠭᠡ ᠮᠦᠷ ᠤᠷᠲᠤ ᠪᠠᠶᠢᠰᠢᠩ ᠤᠨ ᠬᠠᠮᠤᠭ ᠪᠠᠷᠠᠭᠤᠨ ᠦᠵᠦᠬᠦᠷ ᠤᠨ ᠭᠡᠷ ᠨᠢ ᠨᠤᠮ ᠤᠨ ᠰᠠᠩ ᠭᠡᠯᠡᠲᠡᠢ᠂ ᠨᠤᠮ ᠤᠨ ᠰᠠᠩ | ᠭᠡᠬᠦ ᠤᠬᠠᠭᠲᠠᠬᠤᠨ ᠮᠢᠨᠤ ᠤᠭᠤᠷᠠᠭ ᠲᠠᠷᠢᠬᠢᠨ ᠳᠤ ᠦᠨᠲᠦᠰᠦᠯᠡᠭᠰᠡᠨ ᠲᠡᠷᠡ ᠴᠠᠭ ᠠᠴᠠ ᠪᠠᠷᠢᠭᠠᠲᠠ ᠶᠢᠨ ᠰᠤᠷᠭᠠᠭᠤᠯᠢ ᠶᠢᠨ ᠪᠢᠴᠢᠬᠠᠨ ᠨᠤᠮ ᠤᠨ ᠦᠷᠦᠭᠡ ᠨᠢ | ᠮᠢᠨᠤ ᠤᠷᠤᠭᠰᠠᠨ ᠬᠠᠮᠤᠭ ᠠᠩᠬᠠᠨ ᠤ ᠨᠤᠮ ᠤᠨ ᠰᠠᠩ ᠯᠠ ᠭᠡᠵᠤ ᠦᠵᠡᠲᠡᠭ᠃ ᠪᠠᠷᠢᠭᠠᠲᠠ ᠶᠢᠨ ᠰᠤᠷᠭᠠᠭᠤᠯᠢ ᠶᠢᠨ ᠨᠤᠮ ᠤᠨ ᠰᠠᠩ ᠳᠤ ᠲᠡᠮᠡᠢ ᠤᠯᠠᠨ ᠨᠤᠮ | ᠭᠡᠵᠤ ᠪᠠᠶᠢᠲᠠᠭ ᠦᠭᠡᠢ᠂ ᠲᠤᠭ᠎ᠠ ᠲᠠᠢ ᠭᠡᠲᠦᠨ ᠨᠤᠮ ᠨᠢ ᠴᠦ ᠡᠭᠡ ᠰᠤᠶᠤᠯ ᠳᠤ ᠪᠠᠨ ᠬᠠᠶᠢᠷᠠᠲᠠᠢ ᠬᠦᠮᠦᠰ ᠬᠤᠶᠢᠴᠢ ᠦᠶ᠎ᠠ ᠳᠤ ᠪᠠᠨ ᠦᠯᠡᠲᠡᠭᠡᠭᠰᠡᠨ ᠦᠪ | ᠪᠠᠶᠢᠬ᠎ᠠ ᠭᠡᠵᠤ ᠤᠲᠤ ᠳᠤ ᠬᠦᠷᠲᠡᠯ᠎ᠡ ᠪᠢ ᠲᠡᠭᠡᠵᠦ ᠪᠤᠲᠤᠲᠠᠭ ᠰᠠᠨ᠃ ᠦᠰᠦᠭ ᠨᠢᠲᠦᠯᠡᠬᠦ ᠴᠢᠲᠡᠪᠤᠷᠢ ᠲᠠᠢ ᠪᠤᠯᠤᠭᠰᠠᠨ ᠦᠶ᠎ᠡ ᠠᠴᠠ ᠡᠨᠡ ᠵᠢᠵᠢᠭᠭᠡᠨ ᠨᠤᠮ ᠤᠨ | ᠰᠠᠩ ᠳᠤ ᠪᠠᠶᠢᠭᠰᠠᠨ ︿︿ᠲᠠᠯ᠎ᠠ ᠨᠤᠲᠤᠭ ᠤᠨ ᠲᠦᠲᠡᠭ ᠤᠨ ᠭᠠᠯ﹀﹀᠂ ︿︿ᠪᠠᠯᠭᠠᠨᠰᠠᠩ ᠤᠨ ᠦᠯᠢᠭᠡᠷ﹀﹀᠂ ︿︿ᠭᠤᠷᠪᠠᠨ ᠤᠯᠤᠰ ᠤᠨ ᠦᠯᠢᠭᠡᠷ﹀﹀᠂ | ︿︿ᠪᠢᠴᠢᠬᠠᠨ ᠪᠠᠭᠠᠲᠤᠷ ᠢᠥᠢ ᠯᠠᠢ﹀﹀ ᠮᠠᠲᠤ ᠶᠢᠨ ᠨᠤᠮ ᠢᠶᠠᠷ ᠤᠶᠤᠨ ᠢᠶᠠᠨ ᠤᠮᠲᠠᠯᠠᠵᠤ ᠶᠠᠪᠤᠭᠰᠠᠨ ᠪᠠᠭ᠎ᠠ ᠶᠢᠨ ᠨᠠᠰᠤ ᠮᠢᠨᠢ ᠲᠠᠨᠲᠠ ᠪᠠᠶᠢᠭ᠎ᠠ ᠶᠤᠮ᠃ | ᠲᠡᠷᠡᠭᠠᠯᠠᠭᠠᠳ ᠲᠤᠭᠤᠭᠠᠨ ᠭᠡᠷ ᠪᠤᠢ᠂ ᠠᠲᠡ ᠪᠢ ᠲᠠᠨᠢᠵᠤ ᠮᠡᠲᠡᠬᠦ ᠦᠭᠡᠢ ᠤᠯᠠᠨ ᠭᠡᠤᠭᠡᠳ ᠲᠠᠢ ᠨᠢᠭᠡ ᠲᠤᠭᠤᠭᠠᠨ ᠠᠴᠠ ᠬᠤᠭᠤᠯᠠ ᠢᠲᠡᠵᠦ᠂ ᠦᠨᠲᠡᠭᠡᠨ ᠠᠴᠠ | ᠪᠠᠨ ᠰᠠᠶ᠋ᠢᠬᠠᠨ ᠨᠡᠪᠴᠢᠨ ᠭᠠᠷᠤᠭᠰᠠᠨ ᠬᠠᠷᠢᠶᠠᠴᠠᠢ ᠶᠢᠨ ᠵᠤᠯᠵᠠᠭ᠎ᠠ ᠰᠢᠭ᠋ ᠲᠠᠭᠤ ᠪᠤᠯᠢᠶᠠᠯᠲᠤᠨ ᠵᠢᠷᠬᠢᠵᠦ ᠶᠠᠪᠤᠭᠰᠠᠨ ᠶᠤᠮ᠃ ᠲᠡᠬᠦᠨ ᠤ ᠲᠠᠷᠠᠭᠠᠬᠠᠨ ᠨᠠᠭᠠᠯᠲᠤᠭᠠᠳ | ᠡᠷᠡᠭᠲᠡᠢ ᠡᠮᠡᠭᠲᠡᠢ ᠬᠤᠶᠠᠷ ᠲᠤᠮᠤ ᠪᠠᠶᠢᠷᠢ ᠶᠢᠨ ᠭᠡᠷ ᠲᠠᠢ᠂ ᠪᠡᠶᠢᠷᠢ ᠶᠢᠨ ᠭᠡᠷ ᠤᠨ ᠵᠠᠬᠦᠨ ᠪᠠᠷᠠᠭᠤᠨ ᠬᠤᠶᠠᠷ ᠲᠠᠯ᠎ᠠ ᠳᠤᠨᠢ ᠦᠷᠬᠦᠢ ᠮᠤᠲᠤᠨ ᠬᠠᠨᠵᠤ ᠲᠠᠢ᠂ ᠬᠤᠶᠠᠷ | ᠮᠤᠲᠤᠨ ᠬᠠᠨᠵᠤᠨ ᠤ ᠲᠤᠮᠲᠠᠬᠢ ᠵᠠᠢ ᠳᠤ ᠲᠤᠯᠠᠭᠠᠯᠭ᠎ᠠ ᠳᠤ ᠵᠤᠷᠢᠭᠤᠯᠤᠯᠲᠠ ᠲᠠᠢ ᠲᠤᠮᠤ ᠲᠠᠮᠤᠷ ᠲᠤᠯᠭ᠎ᠠ ᠲᠠᠯᠪᠢᠵᠠᠢ᠂ ᠭᠡᠷ ᠠᠴᠠ ᠪᠠᠨ ᠡᠬᠦᠷᠴᠦ ᠢᠷᠡᠭᠰᠡᠨ ᠢᠰᠡᠭᠡᠢ | ᠪᠠᠨ ᠲᠠᠪᠢᠰᠪᠡᠯ ᠤᠷᠤ ᠪᠤᠯᠴᠢᠬᠠᠲᠠᠭ ᠪᠠᠶᠢᠭᠰᠠᠨ᠃ ᠠᠷᠪᠠᠨ ᠵᠢᠯ ᠪᠠᠶᠢᠷᠢ ᠳᠤ ᠰᠠᠭᠤᠭᠰᠠᠨ ᠰᠤᠷᠤᠭᠴᠢ ᠶᠢᠨ ᠠᠮᠢᠲᠤᠷᠠᠯ ᠢᠶᠠᠨ ᠢᠩᠬᠢᠵᠦ ᠯᠠ ᠮᠡᠲᠡᠬᠦ ᠮᠡᠲᠡᠬᠦ ᠦᠭᠡᠢ | ᠶᠢᠨ ᠬᠤᠭᠤᠷᠤᠨᠲᠤ ᠡᠬᠢᠯᠡᠭᠰᠡᠨ ᠰᠠᠨ᠃ ᠨᠠᠶᠠᠭᠠᠳ ᠤᠨ ᠤ ᠡᠬᠢ ᠪᠤᠯᠬᠤ ᠳᠤ ᠦᠭᠡᠷᠡᠴᠢᠯᠠᠯᠲᠡ ᠨᠡᠭᠡᠭᠡᠯᠲᠡ ᠭᠡᠵᠤ ᠷᠠᠳᠢᠤ᠋ ᠳᠤ ᠦᠷᠬᠦᠯᠵᠢ ᠶᠠᠷᠢᠭᠲᠠᠵᠤ᠂ ᠨᠡᠶᠢᠭᠡᠮ | ᠬᠦᠭᠵᠢᠨ ᠠᠷᠠᠳ ᠤᠨ ᠠᠮᠢᠲᠤᠷᠠᠯ ᠰᠠᠶᠢᠵᠢᠷᠠᠵᠤ ᠡᠬᠢᠯᠡᠭᠰᠡᠨ ᠪᠠᠶᠢᠨ᠎ᠠ᠃ ᠲᠧᠯᠸᠢᠰ ᠭᠡᠲᠡᠭ ᠶᠠᠭᠤᠮ᠎ᠠ ᠶᠡᠭᠡ ᠶᠡᠭᠡ ᠬᠤᠲᠠ ᠪᠠᠷ ᠲᠦᠭᠡᠮᠡᠯᠵᠢᠵᠦ ᠡᠬᠢᠯᠡᠭᠰᠡᠨ ᠴᠦ | ᠪᠤᠶᠢᠲᠠ ᠪᠦᠭᠯᠡᠬᠦᠦ ᠬᠦᠲᠡᠭᠡ ᠨᠤᠲᠤᠭ ᠲᠤ ᠬᠠᠷᠢᠨ ᠡᠲᠦᠷ ᠤᠨ ᠤᠲᠤ ᠰᠢᠭ᠋ ᠪᠠᠶᠢᠭᠰᠠᠨ᠃ ᠨᠠᠲᠠ ᠶᠢ ᠪᠢᠴᠢᠭ ᠦᠵᠡᠬᠦ ᠳᠤ ᠮᠠᠨ ᠤ ᠪᠠᠷᠢᠭᠠᠲᠠ ᠳᠤ ᠲᠧᠯᠸᠢᠰ ᠲᠠᠢ | ᠠᠶᠢᠯ ᠭᠡᠵᠤ ᠪᠠᠶᠢᠭ᠎ᠠ ᠦᠭᠡᠢ᠃ ᠪᠠᠶᠢᠷᠢ ᠳᠤ ᠰᠠᠭᠤᠭ᠎ᠠ ᠰᠤᠷᠤᠭᠴᠢᠳ ᠤᠨ ᠲᠤᠲᠤᠷ᠎ᠠ ᠦᠯᠢᠭᠡᠷ ᠮᠡᠲᠡᠲᠡᠭ ᠭᠡᠤᠭᠡᠳ ᠭᠡᠲᠦ ᠪᠠᠶᠢᠲᠠᠭ᠃ ᠤᠷᠤᠢ ᠤᠷᠤᠨ ᠳᠤ ᠪᠠᠨ | ᠤᠷᠤᠭᠰᠠᠭᠠᠷ ᠯᠠ | — ᠡᠷᠲᠡ ᠤᠷᠢᠲᠤ ᠶᠢᠨ ᠴᠠᠭ ᠲᠤ ᠭᠡᠨ᠎ᠡ᠂ ᠡᠯᠵᠢᠭᠡᠨ ᠬᠠᠭᠠᠨ ᠤ ᠦᠶ᠎ᠡ ᠳᠤ ᠭᠡᠨ᠎ᠡ᠂ ᠰᠦᠨ ᠲᠠᠯᠠᠢ ᠶᠢ ᠱᠠᠯᠪᠠᠭ ᠲᠡᠲᠦᠢ ᠪᠠᠶᠢᠬᠤ ᠳᠤ᠂ ᠰᠦᠮᠪᠦᠷ | ᠠᠭᠤᠯᠠ ᠶᠢ ᠲᠤᠪᠤ ᠲᠡᠲᠦᠢ ᠪᠠᠶᠢᠬᠤ ᠳᠤ᠂ ᠡᠪᠦᠭᠡ ᠠᠪᠤ ᠲᠦᠷᠦᠭᠡ ᠦᠭᠡᠢ ᠪᠠᠶᠢᠬᠤ ᠳᠤ᠂ ᠦᠪᠡᠷ ᠤᠨ ᠠᠪᠤ ᠶᠢ ᠦᠯᠦᠭᠡᠢ ᠲᠠᠢ ᠪᠠᠶᠢᠬᠤ ᠳᠤ ᠁ ᠭᠡᠳ ᠭᠡᠨ | ᠨᠢᠭᠡᠨ ᠨᠢ ᠠᠪᠤ ᠡᠵᠢ ᠪᠠ ᠨᠠᠰᠤᠲᠠᠶᠢᠴᠤᠳ ᠠᠴᠠ ᠰᠤᠨᠤᠰᠤᠭᠰᠠᠨ ᠦᠯᠢᠭᠡᠷ ᠢᠶᠠᠨ ᠶᠠᠷᠢᠵᠦ᠂ ᠤᠶᠢᠳᠬᠠᠷᠲᠠᠢ ᠴᠠᠭ ᠢ ᠨᠦᠭᠴᠢᠭᠡᠵᠦ ᠪᠠᠶᠢᠭᠰᠠᠨ ᠠᠴᠠ ᠪᠠᠨ | ᠪᠦᠬᠦᠲᠡᠭᠡᠷ ᠢᠶᠠᠨ ᠪᠦᠷ ᠠᠮᠲᠠᠨ ᠳᠤᠨᠢ ᠤᠷᠤᠵᠤ᠂ ᠭᠠᠷᠠᠭ ᠤᠨ ᠵᠢᠷᠭᠤᠭᠠᠨ ᠳᠤ ᠬᠠᠷᠢᠬᠤ ᠪᠦᠷᠢ ᠠᠪᠤ ᠡᠵᠢ ᠨᠠᠰᠤᠲᠠᠶᠢᠴᠤᠳ ᠢᠶᠠᠷ ᠦᠯᠢᠭᠡᠷ ᠶᠠᠷᠢᠭᠤᠯᠤᠨ | ᠴᠡᠭᠡᠵᠢᠯᠡᠴᠢᠭᠡᠭᠡᠳ ᠪᠠᠶᠢᠷᠢ ᠶᠢᠨ ᠨᠦᠬᠦᠳ ᠲᠤ ᠪᠠᠨ ᠶᠠᠷᠢᠵᠦ ᠦᠭᠲᠡᠭ ᠪᠠᠶᠢᠯ᠎ᠠ᠃ ᠠᠷᠪᠠᠨ ᠨᠢᠭᠡ ᠬᠤᠶᠠᠷ ᠲᠠᠢ ᠭᠡᠤᠭᠡᠳ ᠶᠤᠮ ᠳ᠋ᠠ᠂ ᠰᠤᠷᠭᠠᠭᠤᠯᠢ ᠳᠤ ᠪᠠᠨ | ᠤᠴᠢᠬᠤ ᠳᠤ ᠴᠡᠭᠡᠵᠢᠯᠡᠭᠰᠡᠨ ᠦᠯᠢᠭᠡᠷ ᠢᠶᠠᠨ ᠨᠢᠭᠡ ᠭᠡᠰᠡᠭ ᠢ ᠨᠢ ᠮᠡᠷᠲᠠᠴᠢᠬᠠᠭᠰᠠᠨ ᠢ ᠪᠤᠷᠤᠭᠤᠰᠢᠶᠠᠬᠤ ᠶᠢᠨ ᠠᠷᠭ᠎ᠠ ᠦᠭᠡᠢ᠂ ᠶᠠᠷᠢᠵᠦ ᠪᠠᠶᠢᠭᠰᠠᠭᠠᠷ ᠪᠤᠲᠤᠵᠤ | ᠤᠯᠬᠤ ᠪᠠᠨ ᠪᠤᠯᠴᠢᠬᠠᠨ᠎ᠠ᠂ ︿︿ᠲᠡᠭᠡᠭᠡᠳ︖ ᠲᠡᠭᠡᠭᠡᠳ ᠶᠠᠭᠤ | ᠪᠤᠯᠪᠠᠤ︖﹀﹀ ᠭᠡᠵᠤ ᠠᠮᠲᠠᠷᠬᠠᠨ ᠰᠤᠨᠤᠰᠤᠭᠰᠠᠨ ᠪᠠᠶᠢᠷᠢ ᠶᠢᠨ ᠨᠦᠬᠦᠳ ᠤᠬᠤᠴᠢᠯᠠᠨ ᠠᠰᠠᠭᠤᠭᠠᠳ ᠵᠤᠭᠰᠤᠬᠤ ᠦᠭᠡᠢ ᠪᠤᠯᠬᠤ ᠪᠠᠷ ᠨᠢ ᠠᠷᠭ᠎ᠠ ᠶᠠᠲᠠᠬᠤ ᠳᠤ | ᠪᠠᠨ ᠵᠤᠬᠢᠶᠠᠵᠤ ᠶᠠᠷᠢᠨ᠎ᠠ᠃ ᠠᠯᠢᠶ᠎ᠠ ᠲᠦᠢᠳᠭᠡᠷ ᠨᠢᠭᠡ ᠨᠢ ᠴᠢᠳᠬᠦᠷ ᠰᠢᠮᠨᠤ ᠶᠢᠨ ᠦᠯᠢᠭᠡᠷ ᠶᠠᠷᠢᠵᠦ ᠪᠠᠶᠢᠬᠤ ᠬᠤᠭᠤᠷᠤᠨᠲᠤ᠂ ᠬᠤᠯᠠᠭᠠᠶᠢᠴᠢ ᠪᠠᠷ ᠴᠤᠩᠬᠤ ᠶᠢ | ᠲᠤᠭᠰᠢᠴᠢᠬᠠᠭᠠᠳ | — ᠭᠠᠲᠠᠨ᠎ᠠ ᠠᠷᠪᠠᠨ ᠬᠤᠶᠠᠷ ᠲᠤᠯᠤᠭᠠᠢ ᠲᠠᠢ ᠠᠲᠠᠭᠠᠷ ᠬᠠᠷ᠎ᠠ ᠮᠠᠩᠭᠤᠰ ᠢᠷᠡᠭᠰᠡᠨ ᠲᠦᠯᠦᠪ ᠲᠠᠢ᠂ ᠴᠤᠩᠬᠤ ᠲᠤᠭᠰᠢᠵᠤ ᠪᠠᠶᠢᠨ᠎ᠠ᠂ ᠤᠲᠤ ᠪᠢᠲᠡᠨ | ᠢ ᠢᠲᠡᠬᠦ ᠶᠤᠮ ᠪᠠᠶᠢᠨ᠎ᠠ ᠭᠡᠵᠤ ᠠᠵᠢᠭ ᠴᠦ ᠦᠭᠡᠢ ᠠᠪᠤᠷᠢᠯᠠᠬᠤ ᠳᠤ ᠂ ᠵᠢᠷᠦᠭᠡ ᠪᠠᠭ᠎ᠠ ᠲᠠᠢ ᠨᠢᠭᠡ ᠨᠢ ᠬᠦᠨᠵᠢᠯᠠ ᠪᠠᠷ ᠢᠶᠠᠨ ᠲᠤᠯᠤᠭᠠᠢ ᠪᠠᠨ ᠪᠦᠲᠡᠭᠡᠨ᠂ | ᠲᠡᠭᠡᠷ᠎ᠡ ᠠᠮᠢᠰᠬᠤᠬᠤ ᠠᠴᠠ ᠪᠠᠨ ᠴᠦ ᠠᠶᠤᠵᠤ ᠲᠠᠭᠤ ᠴᠢᠮᠡᠭᠡ ᠭᠠᠷᠭᠠᠯ ᠦᠭᠡᠢ ᠠᠲᠤᠷᠢᠨ ᠭᠡᠪᠲᠡᠨᠠ᠂ ᠡᠨᠡ ᠪᠦᠬᠦᠨ ᠤᠲᠤ ᠴᠦ ᠭᠡᠰᠡᠨ ᠪᠤᠲᠤᠯ ᠳᠤ ᠲᠤᠲᠤᠬᠠᠨ᠃ | ᠦᠯᠢᠭᠡᠷ ᠲᠤᠮᠤᠭ ᠢᠶᠠᠷ ᠰᠦᠯᠡᠭᠲᠡᠭᠰᠡᠨ ᠪᠠᠶᠢᠷᠢ ᠶᠢᠨ ᠮᠢᠨᠢ ᠤᠨᠢ ᠨᠢᠷᠤᠭᠤ ᠨᠢ ᠬᠦᠷᠲᠡᠯ᠎ᠠ ᠦᠯᠢᠭᠡᠷ ᠶᠠᠷᠢᠵᠤ ᠪᠠᠶᠢᠭ᠎ᠠ ᠶᠤᠮ ᠰᠢᠭ᠋ ᠰᠠᠨᠠᠭᠲᠠᠨ᠎ᠠ᠃ ᠲᠡᠶᠢᠮᠦ ᠳᠤ ᠪᠠᠨ | ᠮᠢᠨᠤ ᠵᠤᠬᠢᠶᠠᠨ ᠪᠢᠴᠢᠯᠭᠡ ᠶᠢᠨ ᠲᠤᠷ᠎ᠠ ᠰᠤᠨᠢᠷᠬᠠᠯ ᠤᠨ ᠵᠢᠵᠢᠭ ᠭᠤᠷᠤᠬ᠎ᠠ ᠡᠨᠡ ᠪᠠᠶᠢᠷᠢ ᠠᠴᠠ ᠪᠤᠷᠬᠢᠯᠤᠭᠰᠠᠨ ᠦᠯᠢᠭᠡᠷ ᠤᠨ ᠪᠤᠯᠠᠭ ᠠᠴᠠ ᠡᠬᠢ ᠡᠬᠦᠰᠪᠦᠷᠢ | ᠠᠪᠤᠭᠰᠠᠨ ᠭᠡᠵᠤ ᠭᠡᠯᠡᠬᠦ ᠳᠤ ᠠᠬᠠᠲᠠᠮᠠᠷ ᠦᠭᠡᠢ᠃ | ᠡᠷᠡᠭᠲᠡᠢ ᠡᠮᠡᠭᠲᠡᠢ ᠰᠤᠷᠤᠭᠴᠢ ᠶᠢᠨ ᠪᠠᠶᠢᠷᠢ ᠶᠢᠨ ᠵᠡᠬᠦᠨ ᠲᠠᠯ᠎ᠠ ᠶᠢᠨ ᠭᠤᠷᠪᠠᠨ ᠲᠠᠰᠤᠯᠭ᠎ᠠ ᠭᠡᠷ ᠨᠢ ᠪᠠᠭᠰᠢ ᠶᠢᠨ ᠪᠠᠶᠢᠷᠢ ᠪᠠ ᠠᠯᠪᠠᠨ ᠭᠡᠷ᠂ ᠪᠠᠷᠠᠭᠤᠨ | ᠲᠠᠯ᠎ᠠ ᠶᠢᠨ ᠨᠢᠭᠡ ᠮᠦᠷ ᠪᠠᠶᠢᠰᠢᠩ ᠨᠢ ᠰᠠᠩ ᠬᠦᠮᠦᠷᠭᠡ ᠲᠦᠯᠦᠪ ᠲᠠᠢ᠃ ᠠᠩᠬᠢ ᠶᠢᠨ ᠭᠡᠷ ᠤᠨ ᠡᠮᠦᠨ᠎ᠡ ᠲᠠᠯ᠎ᠠ ᠳᠤ ᠪᠤᠯᠠᠭᠰᠠᠨ ᠱᠤᠩ ᠲᠡᠭᠡᠷ᠎ᠡ ᠲᠤᠭᠤᠭ᠎ᠠ ᠭᠡᠯᠪᠡᠷᠢ | ᠲᠠᠢ ᠲᠠᠮᠦᠷ ᠡᠯᠬᠦᠵᠦ᠂ ᠬᠠᠵᠠᠭᠤ ᠳᠤᠨᠢ ᠤᠬᠤᠷᠬᠠᠨ ᠲᠠᠮᠤᠷ ᠮᠠᠨᠴᠤᠷᠭ᠎ᠠ ᠭᠤᠬᠠᠲᠠᠨ ᠲᠠᠯᠪᠢᠵᠠᠢ᠂ ᠡᠨᠡ ᠨᠢ ᠰᠤᠷᠤᠭᠴᠢ ᠪᠢᠲᠠᠨ ᠤ ᠵᠠᠬᠢᠷᠲᠠᠭ ᠬᠤᠩᠬᠤ᠂ | ᠪᠠᠷᠢᠭᠠᠲᠠ ᠶᠢᠨ ᠰᠤᠷᠭᠠᠭᠤᠯᠢ ᠶᠢᠨ ᠬᠤᠩᠬᠤᠨ ᠲᠠᠭᠤᠨ ᠤᠲᠤ ᠴᠦ ᠭᠡᠰᠡᠨ ᠴᠢᠬᠢᠨ ᠳᠤ ᠬᠠᠩᠬᠢᠨᠠᠬᠤ ᠰᠢᠭ᠋ ᠰᠠᠨᠠᠭᠲᠠᠨ᠎ᠠ᠃ ᠬᠤᠩᠬᠤᠨ ᠤ ᠵᠡᠬᠦᠨ ᠲᠠᠯ᠎ᠠ ᠳᠤ | ᠦᠨᠲᠦᠷ ᠨᠠᠷᠢᠬᠠᠨ ᠨᠠᠷᠠᠰᠤᠨ ᠮᠤᠲᠤ ᠪᠤᠰᠬᠠᠨ ᠲᠡᠭᠡᠷ᠎ᠡ ᠲᠠᠯ᠎ᠠ ᠳᠤ ᠭᠤᠯᠭᠤᠭᠤᠷ ᠬᠦᠷᠲᠦ ᠲᠠᠭᠠᠷᠠᠭᠤᠯᠵᠠᠢ᠂ ᠡᠨᠡ ᠨᠢ ᠲᠤᠭ ᠤᠨ ᠡᠰᠢ᠂ ᠭᠠᠷᠠᠭ ᠤᠨ ᠨᠢᠭᠡᠨ | ᠪᠤᠯᠭᠠᠨ ᠳᠤ ᠤᠯᠤᠰ ᠤᠨ ᠲᠤᠭ ᠮᠠᠨᠲᠤᠭᠤᠯᠲᠠᠭ᠃ ᠰᠦᠯᠲᠡ ᠲᠠᠭᠤᠨ ᠤ ᠬᠠᠪᠰᠤᠷᠭᠠᠯ ᠬᠦᠭᠵᠢᠮ ᠪᠠᠶᠢᠲᠠᠭ ᠦᠭᠡᠢ ᠶᠢᠨ ᠬᠠᠷᠠᠭ᠎ᠠ ᠪᠠᠷ ᠪᠠᠭᠰᠢ ᠰᠤᠷᠤᠭᠴᠢᠳ | ᠰᠢᠭᠤᠳ ᠤᠯᠤᠰ ᠤᠨ ᠰᠦᠯᠲᠠ ᠲᠠᠭᠤᠤ ᠪᠠᠨ ᠲᠠᠭᠤᠯᠠᠵᠤ ᠤᠯᠤᠰ ᠤᠨ ᠲᠤᠭ ᠢᠶᠠᠨ ᠮᠠᠨᠲᠤᠭᠤᠯᠲᠠᠭ ᠪᠠᠶᠢᠭᠰᠠᠨ᠂ ᠤᠯᠤᠰ ᠤᠨ ᠰᠦᠯᠲᠡ ᠲᠠᠭᠤᠤ ᠨᠢ ᠮᠢᠨᠤ | ᠪᠦᠷᠢᠨ ᠪᠦᠲᠦᠨ ᠲᠠᠭᠤᠯᠠᠵᠤ ᠴᠢᠲᠠᠭᠰᠠᠨ ᠬᠠᠮᠤᠭ ᠠᠩᠬᠠᠨ ᠤ ᠲᠠᠭᠤᠤ ᠪᠤᠯᠤᠭᠰᠠᠨ ᠪᠢᠯᠡ᠃ ᠲᠡᠬᠦᠨ ᠤ ᠡᠮᠦᠨ᠎ᠡ ᠲᠠᠯ᠎ᠠ ᠳᠤ ᠰᠠᠭᠰᠤᠨ ᠪᠦᠮᠪᠦᠭᠡ ᠶᠢᠨ ᠦᠷᠦᠭᠡᠰᠤᠨ | ᠵᠢᠶᠠᠰᠠ ᠲᠠᠢ᠂ ᠲᠡᠮᠢᠷ ᠤᠨ ᠲᠠᠯᠠᠪᠤᠷ ᠭᠡᠵᠤ ᠪᠠᠶᠢᠲᠠᠭ ᠦᠭᠡᠢ᠃ ᠨᠠᠭᠠᠳᠴᠤ ᠲᠤᠭᠯᠠᠬᠤ ᠠᠴᠠ ᠡᠯᠡᠭᠲᠡᠭᠡᠳ ᠦᠩᠭᠡ ᠨᠢ ᠮᠡᠲᠡᠭᠲᠡᠬᠦ ᠦᠭᠡᠢ ᠪᠤᠯᠤᠭᠰᠠᠨ ᠭᠠᠭᠴᠠ | ᠰᠠᠭᠰᠤᠨ ᠪᠦᠮᠪᠦᠭᠡ ᠲᠠᠢ᠂ ᠦᠭᠡᠷ᠎ᠡ ᠨᠠᠭᠠᠳᠴᠤ ᠲᠤᠭᠯᠠᠴᠢᠮᠠᠷ ᠲᠠᠮᠢᠷ ᠤᠨ ᠬᠦᠲᠡᠯᠭᠡᠭᠡᠨ ᠤ ᠪᠠᠭᠠᠵᠢ ᠭᠡᠷᠡᠭᠰᠡᠯ ᠭᠡᠵᠤ ᠠᠯᠠᠭ᠎ᠠ᠃ ᠪᠠᠷᠢᠭᠠᠲᠠ ᠶᠢᠨ ᠰᠤᠷᠭᠠᠭᠤᠯᠢ ᠨᠢ | ᠵᠦᠪᠭᠡᠨ ᠨᠢᠭᠡ ᠠᠴᠠ ᠲᠦᠷᠪᠡᠲᠦᠭᠡᠷ ᠤᠨ ᠪᠤᠯᠲᠠᠯ᠎ᠠ ᠰᠤᠷᠤᠭᠴᠢ ᠡᠯᠰᠡᠵᠦ᠂ ᠤᠨ ᠪᠦᠷᠢ ᠨᠢᠭᠡᠭᠡᠨ ᠠᠩᠬᠢ ᠲᠠᠢ᠂ ᠨᠡᠶᠢᠲᠡ ᠵᠢᠷᠠ ᠰᠢᠬᠠᠮ ᠰᠤᠷᠤᠭᠴᠢ ᠲᠠᠢ᠂ ᠡᠬᠦᠨ | ᠳᠤ ᠠᠷᠪᠡ ᠰᠢᠬᠠᠮ ᠪᠤᠰᠤᠳ ᠦᠨᠲᠦᠰᠦᠲᠡᠨ ᠤ ᠭᠡᠤᠭᠡᠳ ᠪᠠᠶᠢᠵᠤ ᠂ ᠲᠠᠪᠤᠲᠤᠭᠠᠷ ᠤᠨ ᠪᠤᠯᠬᠤ ᠳᠤ ᠰᠤᠮᠤᠨ ᠤ ᠰᠤᠷᠭᠠᠭᠤᠯᠢ ᠳᠤ ᠬᠦᠷᠴᠦ ᠪᠢᠴᠢᠭ ᠦᠵᠡᠲᠡᠭ | ᠪᠠᠶᠢᠪᠠ᠃ | ᠠᠭᠤᠯᠠᠨ ᠮᠤᠬᠤᠷ ᠲᠤ ᠭᠠᠭᠴᠠ ᠲᠠᠰᠤᠯᠭ᠎ᠠ ᠴᠢᠯᠠᠭᠤ ᠪᠠᠷ ᠪᠠᠷᠢᠭᠰᠠᠨ ᠪᠠᠶᠢᠰᠢᠩ ᠳᠤ ᠦᠰᠦᠭᠰᠡᠨ ᠨᠠᠲᠠ ᠳᠤ ᠠᠪᠴᠦ ᠭᠡᠯᠡᠪᠡᠯ ᠪᠠᠷᠢᠭᠠᠲᠠ ᠶᠢᠨ | ᠰᠤᠷᠭᠠᠭᠤᠯᠢ ᠭᠡᠵᠤ ᠲᠤᠮᠤ ᠪᠠᠷᠢᠯᠭ᠎ᠠ ᠲᠠᠢ ᠰᠠᠶᠢᠬᠠᠨ ᠭᠠᠵᠠᠷ ᠪᠠᠶᠢᠯ᠎ᠠ᠃ ᠠᠩᠬᠢ ᠶᠢᠨ ᠠᠷᠪᠠᠨ ᠭᠡᠲᠦᠨ ᠨᠦᠬᠦᠳ ᠲᠠᠢ ᠪᠠᠨ ︿︿ᠠ ᠡ ᠢ﹀﹀ ᠭᠡᠳ ᠠᠶᠠᠯᠭᠤ | ᠲᠠᠲᠠᠨ ᠤᠩᠰᠢᠵᠦ᠂ ᠠᠴᠤᠭ ᠰᠢᠯᠪᠢ ᠨᠢᠷᠤᠭᠤ ᠭᠡᠵᠤ ᠪᠢᠴᠢᠬᠦ ᠳᠤ ᠰᠠᠨᠠᠭ᠎ᠠ ᠪᠠᠷ ᠵᠠᠷᠤᠭᠲᠠᠬᠤ ᠦᠭᠡᠢ ᠬᠠᠷᠠᠨᠲᠠ ᠳᠤ ᠤᠴᠠᠭᠠᠷᠲᠠᠨ᠂ ᠮᠠᠭᠤᠬᠠᠢ ᠪᠢᠴᠢᠭᠰᠡᠨ ᠦᠰᠦᠭ | ᠢᠶᠠᠨ ᠵᠠᠰᠠᠬᠤ ᠭᠡᠵᠤ ᠱᠤᠭᠤᠮᠲᠤ ᠴᠠᠭᠠᠰᠤ ᠪᠠᠨ ᠤᠷᠠᠭᠲᠠᠲᠠᠯᠠ ᠪᠠᠯᠠᠯᠵᠤ ᠶᠠᠪᠤᠭᠰᠠᠨ ᠡᠲᠦᠷ ᠬᠤᠨᠤᠭ ᠰᠡᠳᠬᠢᠯ ᠳᠤ ᠮᠦᠩᠭᠡ ᠬᠤᠨᠤᠭᠰᠢᠵᠠᠢ᠃ ᠦᠲᠡ ᠶᠢᠨ | ᠬᠤᠶᠢᠨ᠎ᠠ ᠶᠢᠨ ᠬᠢᠴᠢᠶᠡᠯ ᠪᠠᠭᠤᠭᠰᠠᠨ ᠤ ᠲᠠᠷᠠᠭ᠎ᠠ ᠭᠡᠷ ᠤᠨ ᠲᠠᠰᠬᠠᠯ ᠲᠠᠭᠠᠭᠠᠯᠭᠠᠪᠤᠷᠢ ᠭᠡᠵᠤ ᠪᠠᠶᠢᠲᠠᠭ ᠦᠭᠡᠢ᠂ ᠰᠤᠷᠬᠤ ᠠᠭᠤᠯᠭ᠎ᠠ ᠴᠦᠭᠡᠨ ᠠᠴᠠ ᠬᠢᠴᠢᠶᠠᠯ | ᠲᠡᠭᠡᠷ᠎ᠡ ᠪᠦᠬᠦᠨ ᠢ ᠤᠭᠤᠷᠠᠭ ᠲᠠᠷᠢᠬᠢᠨ ᠳᠤ ᠪᠠᠨ ᠰᠢᠩᠭᠡᠴᠢᠭᠡᠲᠡᠭ᠂ ᠡᠷᠭᠡ ᠲᠤᠷ᠎ᠡ ᠪᠠᠷ ᠲᠤᠭᠯᠠᠭᠰᠠᠨ ᠵᠤᠯ ᠵᠢᠷᠭᠠᠯᠲᠤ ᠰᠠᠶᠢᠬᠠᠨ ᠴᠠᠭ ᠦᠶ᠎ᠠ ᠪᠠᠶᠢᠭᠰᠠᠨ᠃ | ᠬᠢᠴᠢᠶᠡᠯ ᠰᠤᠷᠤᠯᠭ᠎ᠠ ᠳᠤ ᠪᠠᠨ ᠶᠠᠭᠠᠷᠠᠵᠤ ᠪᠠᠶᠢᠭ᠎ᠠ ᠭᠡᠤᠭᠡᠳ ᠤᠳ ᠢ ᠬᠠᠷᠠᠬᠤ ᠪᠤᠯᠭᠠᠨ ᠪᠠᠭ᠎ᠠ ᠶᠢᠨ ᠨᠠᠰᠤ ᠮᠢᠨᠢ ᠦᠪᠡᠷ ᠤᠨ ᠡᠷᠭᠡ ᠦᠭᠡᠢ ᠡᠷᠢᠭᠲᠡᠨᠡ᠃ ᠤᠲᠤ | ᠴᠦ ᠭᠡᠰᠡᠨ ᠪᠢ ᠭᠡᠤᠭᠡᠳ ᠨᠠᠰᠤ ᠪᠠᠨ ᠪᠤᠲᠤᠬᠤ ᠤᠷᠮ᠎ᠠ ᠲᠠᠢ᠂ ᠬᠠᠲᠠᠭᠰᠠᠨ ᠮᠠᠨᠲᠤᠤ ᠬᠡᠮᠯᠡᠴᠢᠬᠡᠭᠰᠡᠨ᠂ ᠬᠦᠢᠲᠡᠨ ᠤᠰᠤ ᠵᠠᠯᠬᠢᠯᠠᠴᠢᠬᠠᠭᠰᠠᠨ᠂ ᠦᠰᠦ ᠨᠢ | ᠰᠢᠷᠢᠯᠲᠦᠨ᠂ ᠭᠠᠷ ᠨᠢ ᠰᠠᠭᠠᠷᠢᠳᠤᠨ᠂ ᠨᠦᠬᠦᠭᠡᠰᠤ ᠲᠠᠢ ᠦᠮᠦᠲᠦ᠂ ᠤᠩᠭᠤᠷᠬᠠᠢ ᠬᠤᠩᠰᠢᠶᠠᠷ ᠲᠠᠢ ᠱᠠᠬᠠᠢ ᠡᠮᠦᠰᠴᠦ ᠪᠠᠶᠢᠭᠰᠠᠨ ᠴᠦ ᠰᠡᠳᠬᠢᠯ ᠤᠨ ᠲᠠᠷᠤᠭᠠᠰᠤ | ᠭᠡᠵᠤ ᠠᠯᠠᠭ᠎ᠠ᠃ ᠭᠡᠲᠡᠰᠤ ᠦᠯᠦᠰᠬᠦᠯᠡᠩ ᠰᠠᠨᠠᠭ᠎ᠠ ᠴᠠᠳᠬᠤᠯᠠᠩ ᠭᠡᠤᠭᠡᠳ ᠨᠠᠰᠤ ᠮᠢᠨᠢ ᠡᠨᠡ ᠲᠦᠷᠦᠯ ᠳᠤ ᠪᠠᠨ ᠠᠬᠢᠭᠠᠳ ᠢᠷᠡᠬᠦ ᠠᠴᠠ ᠦᠩᠭᠡᠷᠡᠵᠦ ᠳ᠋ᠠ ᠂ | ᠭᠦᠭᠡᠷᠦᠬᠦᠢ ︕ | ᠭᠡᠤᠭᠡᠳ ᠭᠡᠵᠤ ᠨᠠᠭᠠᠳᠴᠤ ᠲᠤᠭᠯᠠᠬᠤ ᠲᠤᠮᠲᠠ ᠪᠠᠨ ᠬᠢᠴᠢᠶᠡᠯ ᠲᠡᠭᠡᠷ᠎ᠡ ᠠᠴᠠ ᠤᠯᠵᠤ ᠰᠤᠷᠲᠠᠭ ᠦᠭᠡᠢ ᠲᠡᠷᠡ ᠤᠯᠠᠨ ᠵᠦᠢᠯᠡᠰ ᠢ ᠤᠯᠵᠤ ᠰᠤᠷᠲᠠᠭ | ᠤᠴᠢᠷᠲᠠᠢ᠃ ᠨᠡᠩ ᠴᠦ ᠨᠠᠭᠠᠲᠤᠮ ᠲᠤᠭᠯᠠᠭᠠᠮ ᠢᠶᠠᠷ ᠲᠠᠮᠵᠢᠨ ᠤᠬᠠᠭᠠᠨ ᠢᠶᠠᠨ ᠲᠡᠯᠡᠵᠦ᠂ ᠤᠶᠤᠨ ᠢᠶᠠᠨ ᠰᠡᠯᠪᠢᠲᠡᠭ ᠰᠠᠨ᠃ ᠨᠠᠭᠠᠲᠤᠮ ᠲᠤᠭᠯᠠᠭᠠᠮ ᠤᠨ ᠪᠠᠭᠠᠵᠢ | ᠭᠡᠷᠡᠭᠰᠡᠯ ᠢᠶᠠᠷ ᠲᠤᠲᠠᠭᠰᠠᠨ ᠪᠠᠷᠢᠭᠠᠲᠠ ᠶᠢᠨ ᠰᠤᠷᠭᠠᠭᠤᠯᠢ ᠳᠤ ᠪᠠᠭ᠎ᠠ ᠶᠢᠨ ᠨᠠᠰᠤ ᠮᠢᠨᠢ ᠦᠭᠡᠷ᠎ᠡ ᠨᠢᠭᠡ ᠦᠩᠭᠡ ᠪᠠᠷ ᠰᠤᠯᠤᠩᠭᠠᠷᠠᠭᠰᠠᠨ᠃ ᠬᠢᠴᠢᠶᠡᠯ ᠤᠨ | ᠵᠠᠪᠰᠠᠷᠯᠠᠭ᠎ᠠ ᠳᠤ ᠡᠮᠡᠭᠲᠡᠢ ᠰᠤᠷᠤᠭᠴᠢᠳ ᠰᠤᠨᠲᠠᠭ ᠬᠠᠷᠠᠶᠢᠵᠤ ᠲᠤᠭᠯᠠᠨ᠎ᠠ᠂ ᠭᠡᠤᠭᠡᠨᠴᠤᠳ ᠶᠡᠷᠦ ᠨᠢ ᠦᠶ᠎ᠡ ᠦᠭᠡᠢ ᠰᠢᠨᠵᠢᠲᠡᠢ᠂ ᠨᠦᠬᠦᠭᠡ ᠡᠲᠡᠭᠡᠳ ᠨᠢ ᠲᠤᠯᠤᠭᠠᠢ | ᠲᠡᠭᠡᠷ᠎ᠡ ᠪᠠᠨ ᠲᠠᠲᠠᠭᠰᠠᠨ ᠰᠤᠨᠲᠠᠭ ᠢ ᠬᠦᠯ ᠢᠶᠠᠷ ᠢᠶᠠᠨ ᠡᠯᠬᠦᠭᠡᠳ ᠠᠪᠤᠨ᠎ᠠ᠂ ᠰᠤᠨᠲᠠᠭ ᠢᠶᠠᠨ ᠠᠯᠲᠠᠭᠤᠯᠤᠯ ᠦᠭᠡᠢ ᠲᠤᠭᠲᠠᠭᠰᠠᠨ ᠬᠦᠲᠡᠯᠦᠯ ᠢ ᠰᠤᠷᠮᠠᠭᠠᠢ ᠬᠢᠬᠦ ᠨᠢ | ᠪᠦᠵᠢᠭ ᠦᠰᠦᠷᠴᠦ ᠪᠠᠶᠢᠭ᠎ᠠ ᠶᠤᠮ ᠰᠢᠭ᠋ ᠭᠤᠶᠤ ᠬᠠᠷᠠᠭᠲᠠᠨ᠎ᠠ᠃ ᠲᠡᠭᠡᠬᠦ ᠳᠤ ᠡᠷᠡᠭᠲᠡᠢ ᠰᠤᠷᠤᠭᠴᠢᠳ ᠬᠠᠨᠴᠤᠢ ᠪᠠᠷ ᠢᠶᠠᠨ ᠬᠦᠯᠦᠰᠤ ᠨᠢᠰᠤ ᠪᠠᠨ ᠵᠦᠯᠬᠦᠴᠢᠭᠡᠭᠰᠡᠨ | ᠂ ᠰᠢᠯ ᠪᠦᠮᠪᠦᠭᠡ ᠨᠢᠰᠠᠯᠤᠨ ᠨᠠᠭᠠᠳᠬᠤ ᠪᠤᠶᠤ ᠭᠠᠭᠴᠠᠬᠠᠨ ᠰᠠᠭᠰᠤᠨ ᠪᠦᠮᠪᠦᠭᠡ ᠪᠠᠨ ᠪᠤᠯᠢᠶᠠᠯᠲᠤᠨ ᠲᠤᠭᠯᠠᠨ᠎ᠠ᠂ ᠵᠠᠷᠢᠮ ᠨᠢ ᠪᠦᠭᠡ ᠪᠠᠷᠢᠯᠲᠤᠵᠤ ᠪᠠᠶᠢᠨ᠎ᠠ ᠭᠡᠳ | ᠨᠤᠴᠤᠯᠲᠤᠨ᠂ ᠡᠩᠭᠡᠷ ᠤᠨ ᠬᠢᠨᠢ ᠲᠠᠪᠤᠨ ᠲᠤᠪᠴᠢ ᠨᠢ ᠪᠠᠷᠤᠭ ᠪᠠᠶᠢᠬᠤ ᠦᠭᠡᠢ ᠪᠤᠯᠵᠠᠢ᠂ ᠪᠠᠶᠠᠷ ᠪᠠᠶᠠᠰᠬᠤᠯᠠᠩ ᠲᠠᠢ ᠭᠡᠲᠡᠭ ᠨᠢ ᠬᠠᠯᠲᠠᠷ ᠪᠤᠯᠤᠭᠰᠠᠨ ᠨᠢᠭᠤᠷ | ᠴᠢᠷᠠᠢ ᠳᠤᠨᠢ ᠢᠯᠡᠭᠡᠨ ᠲᠤᠲᠤᠬᠠᠨ ᠪᠢᠴᠢᠭᠲᠡᠨᠡ᠃ ᠡᠷᠡᠭᠲᠡᠢ ᠡᠮᠡᠭᠲᠡᠢ ᠰᠤᠷᠤᠭᠴᠢ ᠭᠡᠵᠤ ᠢᠯᠭᠠᠯ ᠦᠭᠡᠢ ᠦᠪᠡᠷ ᠤᠨ ᠭᠡᠰᠡᠨ ᠠᠷᠪᠠᠭᠠᠳ ᠱᠠᠭ᠎ᠠ ᠲᠠᠢ ᠪᠠᠶᠢᠲᠠᠭ᠃ | ᠤᠯᠠᠨ ᠦᠩᠭᠡ ᠶᠢᠨ ᠪᠤᠲᠤᠭ ᠢᠶᠠᠷ ᠰᠢᠷᠲᠡᠨ ᠪᠤᠲᠤᠭᠰᠠᠨ ᠢᠶᠠᠷ ᠵᠦᠢᠯ ᠤᠨ ᠴᠡᠴᠡᠭ ᠲᠡᠯᠭᠡᠷᠡᠭᠰᠡᠨ ᠰᠢᠭ ᠰᠠᠶᠢᠬᠠᠨ ᠬᠠᠷᠠᠭᠲᠠᠲᠠᠭ ᠨᠢ ᠭᠠᠶᠢᠬᠠᠯᠲᠠᠢ᠃ ᠲᠠᠪᠤᠭᠤᠯᠠ | ᠭᠤᠷᠪᠠᠭᠤᠯᠠ ᠪᠠᠨ ᠨᠡᠶᠢᠯᠡᠭᠡᠳ ᠢᠰᠡᠭᠡᠢ ᠲᠠᠪᠢᠰᠦᠭᠰᠡᠨ ᠮᠤᠲᠤᠨ ᠬᠠᠨᠵᠤᠨ ᠲᠡᠭᠡᠷ᠎ᠡ ᠵᠠᠪᠢᠯᠠᠬᠤ ᠨᠢ ᠵᠠᠪᠢᠯᠠᠵᠤ ᠴᠤᠮᠴᠤᠶᠢᠬᠤ ᠨᠢ ᠴᠤᠮᠴᠤᠶᠢᠴᠢᠬᠠᠭᠠᠳ ᠱᠠᠭ᠎ᠠ | ᠲᠤᠭᠯᠠᠬᠤ ᠨᠢ ᠶᠡᠭᠡ ᠯᠡ ᠬᠦᠭᠵᠢᠶᠡᠨ ᠲᠠᠢ ᠪᠠᠶᠢᠲᠠᠭ᠃ ᠤᠯᠠᠩᠬᠢ ᠳᠤ ᠪᠠᠨ ᠲᠠᠪᠤᠨ ᠱᠠᠭ᠎ᠠ ᠪᠠᠨ ᠢᠰᠡᠭᠡᠢ ᠳᠤ ᠤᠷᠬᠢᠵᠦ᠂ ᠨᠢᠭᠡ ᠱᠠᠭ᠎ᠠ ᠪᠠᠷ ᠨᠢ ᠠᠷᠭᠠᠢ ᠪᠤᠯᠭᠠᠨ | ᠂ ᠢᠵᠢᠯ ᠵᠢᠰᠦᠮ ᠢᠶᠠᠷ ᠨᠢ ᠬᠠᠮᠤᠵᠤ ᠠᠪᠤᠭᠠᠳ ᠠᠷᠪᠠ ᠬᠤᠷᠢ ᠭᠡᠬᠦᠴᠢᠯᠡᠨ ᠨᠡᠮᠡᠵᠦ᠂ ᠭᠡᠲᠦ ᠤᠲᠠᠭᠠᠨ ᠤ ᠡᠭᠡᠯᠵᠢ ᠪᠠᠷ ᠲᠡᠮᠵᠢᠨ ᠲᠤᠭᠲᠠᠭᠰᠠᠨ ᠲᠤᠭᠠᠨ ᠳᠤ | ᠬᠦᠷᠭᠡᠨ᠎ᠡ᠃ ᠲᠤᠭᠲᠠᠭᠰᠠᠨ ᠲᠤᠭᠠᠨ ᠳᠤ ᠬᠦᠷᠦᠭᠰᠡᠨ ᠤ ᠲᠠᠷᠠᠭ᠎ᠠ ᠲᠠᠪᠤᠨ ᠱᠠᠭ᠎ᠠ ᠪᠠᠨ ᠤᠷᠬᠢᠵᠦ᠂ ᠨᠢᠭᠡ ᠢᠮᠠᠭ᠎ᠠ ᠪᠠᠭᠤᠪᠠᠯ ᠠᠷᠪᠡ ᠭᠡᠵᠤ ᠲᠤᠭᠠᠴᠠᠲᠠᠭ ᠪᠠᠶᠢᠨ᠎ᠠ᠃ | ᠲᠡᠬᠢᠨ ᠨᠢᠭᠡ ᠱᠠᠭ᠎ᠠ ᠪᠠᠷ ᠠᠷᠭᠠᠢ ᠪᠤᠯᠭᠠᠨ ᠲᠤᠭᠲᠠᠭᠰᠠᠨ ᠲᠤᠭᠠᠨ ᠤ ᠲᠤᠲᠤᠷ᠎ᠠ ᠪᠤᠰᠤᠳ ᠱᠠᠭ᠎ᠠ ᠪᠠᠷ ᠲᠦᠷᠪᠡᠨ ᠬᠤᠨᠢ᠂ ᠲᠦᠷᠪᠡᠨ ᠢᠮᠠᠭ᠎ᠠ᠂ ᠲᠦᠷᠪᠡᠨ ᠮᠤᠷᠢ᠂ | ᠲᠦᠷᠪᠡᠨ ᠲᠡᠮᠡᠭᠡ ᠪᠤᠯᠭᠠᠬᠤ ᠪᠠᠷ ᠴᠢᠷᠮᠠᠶᠢᠲᠠᠭ ᠪᠢᠯᠡ᠃ ᠲᠡᠭᠡᠭᠰᠢ ᠰᠢᠲᠡᠭᠰᠡᠨ ᠱᠠᠭ᠎ᠠ ᠪᠠᠨ ᠠᠩᠬᠠᠷᠤᠯ ᠲᠠᠢ ᠬᠠᠷᠠᠬᠤ ᠶᠢᠨ ᠲᠠᠭᠠᠤ ᠰᠠᠭᠠᠷᠢᠳᠤᠭᠰᠠᠨ ᠵᠢᠭᠠᠬᠠᠨ | ᠭᠠᠷ ᠢᠶᠠᠨ ᠪᠤᠱᠢᠭᠤ ᠮᠦᠷᠲᠡᠭᠡᠨ ᠤᠨᠤᠪᠴᠢᠲᠠᠢ ᠪᠠᠷ ᠢᠰᠡᠭᠡᠢ ᠲᠡᠭᠡᠷ᠎ᠡ ᠬᠠᠶᠠᠭᠰᠠᠨ ᠱᠠᠭ᠎ᠠ ᠪᠠᠨ ᠢᠵᠢᠯᠢ ᠵᠢᠰᠦᠮ ᠤᠨ ᠪᠤᠯᠭᠠᠵᠤ ᠡᠷᠬᠢᠬᠦᠯᠬᠦ ᠴᠢᠬᠤᠯᠠ ᠲᠠᠢ᠂ | ᠡᠷᠬᠢᠬᠦᠯᠵᠦ ᠪᠠᠷᠠᠭᠰᠠᠨ ᠤ ᠲᠠᠷᠠᠭ᠎ᠠ ᠲᠡᠬᠢᠭᠠᠳ ᠨᠢᠭᠡᠯᠡ ᠲᠡᠭᠡᠷ᠎ᠡ ᠬᠠᠮᠤᠵᠤ ᠠᠪᠬᠤ ᠳᠤ ᠤᠩᠭᠠᠰᠤ ᠪᠤᠲᠠᠷᠠᠵᠤ ᠬᠠᠮᠠᠷ ᠠᠮᠠᠨ ᠳᠤ ᠤᠷᠣᠭᠰᠠᠨ ᠴᠦ ᠪᠠᠷᠢᠭᠠᠲᠠ ᠶᠢᠨ | ᠨᠠᠭᠠᠲᠤᠮ ᠳᠤ ᠬᠤᠷᠲᠤᠨ ᠬᠦᠯᠦᠭ ᠲᠠᠢ ᠪᠠᠨ ᠬᠤᠯᠠ ᠶᠢᠨ ᠤᠷᠤᠯᠲᠤᠭᠠᠨ ᠳᠤ ᠲᠡᠷᠢᠬᠦᠯᠦᠭᠰᠡᠨ ᠰᠢᠭ ᠪᠠᠶᠠᠷ ᠪᠠᠭ᠋ᠠᠲᠤᠯ ᠢᠶᠠᠷ ᠪᠢᠯᠬᠠᠮ᠎ᠠ ᠪᠠᠶᠢᠲᠠᠭ᠃ ᠪᠠᠷᠠᠭᠤᠨ ᠠᠶᠢᠯ | ᠤᠨ ᠰᠢᠷᠠᠮᠠᠨ ᠭᠡᠤᠭᠡᠨ ᠤ ᠭᠠᠷ ᠤᠨ ᠬᠤᠷᠤᠭᠤ ᠭᠡᠵᠤ ᠤᠷᠲᠤ ᠮᠦᠷᠲᠡᠭᠡᠨ ᠨᠠᠷᠢᠬᠠᠨ᠂ ᠱᠠᠭ᠎ᠠ ᠨᠢ ᠶᠠᠭ ᠯᠠ ᠲᠡᠬᠦᠨ ᠳᠤ ᠵᠤᠬᠢᠶᠠᠭᠰᠠᠨ ᠲᠤᠭᠯᠠᠭᠠᠮ ᠰᠢᠭ᠋᠃ ᠰᠢᠷᠠᠮᠠᠨ | ᠭᠡᠤᠭᠡᠨ ᠡᠴᠦᠰ ᠤᠨ ᠢᠯᠠᠭᠴᠢ ᠪᠤᠯᠤᠭᠰᠠᠨ ᠤᠲᠠᠭ᠎ᠠ ᠨᠢ ᠭᠡᠨ ᠠᠴᠠ ᠴᠦ ᠠᠷᠪᠢᠨ᠃ ᠬᠤᠶᠠᠷ ᠭᠤᠷᠪᠠᠨ ᠵᠢᠯ ᠲᠡᠪᠢᠰᠦᠭᠰᠡᠨ ᠢᠰᠡᠭᠡᠢ ᠳᠤ ᠱᠠᠭ᠎ᠠ ᠲᠤᠭᠯᠠᠭᠰᠠᠭᠠᠷ | ᠪᠠᠶᠢᠵᠤ ᠪᠦᠷ ᠨᠦᠭᠡ ᠲᠠᠢ ᠪᠤᠯᠤᠭᠰᠠᠨ ᠪᠠᠶᠢᠲᠠᠭ᠂ ᠲᠡᠷᠡᠬᠦ ᠨᠦᠭᠡ ᠲᠠᠢ ᠢᠰᠡᠭᠡᠢ ᠪᠠᠨ ᠤᠲᠤ ᠴᠦ ᠭᠡᠰᠡᠨ ᠰᠠᠨᠠᠭᠠᠯᠵᠠᠬᠤ ᠲᠤᠷᠠᠲᠠᠢ᠂ ᠲᠠᠠᠳ᠋ᠨ ᠮᠢᠨᠤ ᠭᠡᠤᠭᠡᠳ | ᠨᠠᠰᠤᠨ ᠤ ᠤᠩᠭᠤᠨ ᠲᠤᠷᠠᠳᠬᠠᠯ ᠪᠤᠢ᠃ ᠬᠠᠨᠤᠲᠠᠯ᠎ᠠ ᠪᠠᠨ ᠨᠠᠭᠠᠲᠤᠭᠠᠳ ᠪᠦᠷᠦᠢ ᠲᠠᠰᠤᠷᠠᠬᠤ ᠪᠠᠷ ᠨᠢ ᠨᠢᠭᠤᠯᠴᠠᠭ᠎ᠠ ᠲᠤᠭᠯᠠᠵᠤ ᠡᠬᠢᠯᠡᠬᠦ ᠨᠢ ᠲᠡᠷᠡ᠃ ᠨᠢᠭᠡ ᠨᠢ | ᠨᠢᠭᠡᠨ ᠳᠤ ᠪᠠᠨ ᠦᠵᠡᠭᠲᠡᠬᠦ ᠦᠭᠡᠢ ᠭᠡᠵᠤ ᠨᠢᠭᠤᠵᠤ ᠪᠤᠯᠬᠤ ᠭᠠᠵᠠᠷ ᠪᠦᠬᠦᠨ ᠢ ᠡᠷᠢᠵᠦ᠂ ᠨᠦᠬᠦᠭᠡ ᠲᠠᠯ᠎ᠠ ᠲᠠᠢ ᠪᠠᠨ ᠤᠶᠤᠨ ᠤᠬᠠᠭᠠᠨ ᠢᠶᠠᠨ ᠦᠵᠡᠯᠴᠡᠨᠡ᠃ | ᠡᠪᠡᠰᠤ ᠬᠠᠮᠬᠤᠤᠯ ᠦᠰᠤ ᠭᠡᠵᠢᠭᠡᠨ ᠳᠤᠨᠢ ᠨᠠᠭᠠᠯᠲᠤᠵᠤ᠂ ᠵᠤᠯ ᠵᠢᠷᠭᠠᠯᠲᠤ ᠮᠦᠴᠡ ᠳᠤ ᠪᠠᠨ ᠰᠤᠭᠲᠤᠭᠤᠷᠠᠭᠰᠠᠨ ᠤᠩᠭᠤᠷᠬᠠᠢ ᠰᠢᠲᠤ ᠲᠠᠢ ᠭᠡᠤᠭᠡᠳ ᠤᠨ | ᠴᠠᠶᠢᠯᠭᠠᠨ ᠢᠨᠢᠶᠡᠲᠦ ᠨᠢᠭᠤᠷ ᠴᠢᠷᠠᠢ ᠳᠤᠨᠢ ᠢᠯᠡᠭᠡᠨ ᠬᠠᠷᠠᠭᠲᠠᠨ᠎ᠠ᠃ ᠬᠦᠮᠦᠨ ᠤ ᠰᠠᠶᠢᠬᠠᠨ ᠭᠡᠵᠤ ᠭᠡᠤᠭᠡᠳ ᠨᠠᠰᠤ ᠡ︕ ᠬᠦᠯᠢᠶᠡᠰᠤ ᠲᠠᠷᠤᠭᠠᠰᠤ ᠦᠭᠡᠢ | ᠭᠡᠤᠭᠡᠳ ᠨᠠᠰᠤ ᠲᠠᠢ ᠪᠠᠶᠢᠲᠠᠭ ᠲᠤ ᠪᠠᠨ ᠬᠦᠮᠦᠨ ᠰᠠᠶ᠋ᠢ ᠰᠡᠳᠬᠢᠯ ᠡᠷᠡᠬᠦᠯ ᠦᠰᠲᠡᠭ ᠨᠢ ᠦᠨᠡᠨ᠃ | ᠤᠷᠠᠳ ᠤᠨ ᠲᠤᠮᠲᠠᠲᠤ ᠬᠤᠰᠢᠭᠤᠨ ᠤ ᠤᠩᠭᠤᠨ ᠪᠠᠯᠭᠠᠰᠤ ᠶᠢᠨ ᠰᠢᠷᠠᠴᠢᠯᠠᠭᠤ ᠭᠠᠴᠠᠭᠠᠨ ᠤ ᠪᠠᠷᠢᠭᠠᠲᠠ ᠶᠢᠨ ᠰᠤᠷᠭᠠᠭᠤᠯᠢ ᠮᠢᠨᠢ 1970 ᠤᠨ | ᠳᠤ ᠪᠠᠶᠢᠭᠤᠯᠤᠭᠲᠠᠵᠤ᠂ ᠡᠨᠡ ᠨᠤᠲᠤᠭ ᠤᠨ ᠠᠯᠢ ᠤᠯᠠᠨ ᠦᠷᠡᠰ ᠲᠤ ︿︿ᠠ﹀﹀ ᠦᠰᠦᠭ ︿︿ᠠᠷᠠᠪ ᠲᠤᠭ᠎ᠠ﹀﹀ ᠶᠢ ᠲᠠᠨᠢᠭᠤᠯᠤᠨ ᠬᠠᠷᠠᠭ᠎ᠠ ᠤᠷᠤᠭᠤᠯᠵᠤ᠂ | ᠤᠬᠠᠭᠠᠨ ᠰᠤᠷᠢᠬᠤ ᠠᠯᠤᠰ ᠤᠨ ᠬᠠᠷᠭᠤᠢ ᠳᠤ ᠠᠷᠤ ᠠᠷᠤ ᠠᠴᠠ ᠨᠢ ᠮᠤᠷᠲᠠᠭᠤᠯᠵᠤ ᠪᠢᠯᠡ᠃ ᠮᠤᠷᠢᠨ ᠨᠢᠷᠤᠭᠤᠨ ᠲᠡᠭᠡᠷᠡᠬᠢ ᠰᠤᠷᠭᠠᠭᠤᠯᠢ ᠠᠴᠠ ᠠᠷᠠᠢ ᠲᠤᠮᠤᠬᠠᠨ | ᠪᠠᠷᠢᠭᠠᠲᠠ ᠶᠢᠨ ᠮᠢᠨᠢ ᠰᠤᠷᠭᠠᠭᠤᠯᠢ ᠠᠴᠠ ᠠᠷᠠᠳ ᠤᠨ ᠪᠠᠭᠰᠢ᠂ ᠡᠮᠴᠢ᠂ ᠤᠯᠤᠰ ᠤᠨ ᠠᠯᠪᠠᠲᠠᠨ᠂ ᠨᠠᠶᠢᠷᠠᠭᠤᠯᠤᠭᠴᠢ᠂ ᠵᠤᠬᠢᠶᠠᠯᠴᠢ᠂ ᠰᠤᠷᠪᠤᠯᠵᠢᠯᠠᠭᠴᠢ ᠁ | ᠭᠡᠳ ᠠᠯᠢ ᠤᠯᠠᠨ ᠡᠷᠲᠡᠮᠲᠡᠨ ᠴᠢᠲᠠᠪᠦᠷᠢᠲᠠᠨ ᠢ ᠬᠦᠮᠦᠵᠢᠬᠦᠯᠤᠨ᠂ ᠭᠠᠴᠠᠭ᠎ᠠ ᠰᠤᠮᠤ ᠴᠢᠨᠠᠭᠰᠢᠯᠠᠭᠠᠳ ᠤᠷᠠᠳ ᠨᠤᠲᠤᠭ ᠤᠨ ᠠᠯᠲᠠᠷ ᠢ ᠲᠡᠯᠡᠭᠡᠢ ᠶᠢᠨ ᠵᠠᠢ ᠳᠤ | ᠡᠷᠬᠦᠵᠤ ᠶᠠᠪᠤᠭᠰᠠᠨ ᠰᠠᠶᠢᠬᠠᠨ ᠲᠡᠤᠭᠡ ᠲᠠᠢ ᠪᠢᠯᠡ᠃ ᠪᠠᠷᠢᠭᠠᠲᠠ ᠶᠢᠨ ᠰᠤᠷᠭᠠᠭᠤᠯᠢ ᠮᠢᠨᠢ ᠴᠠᠭ ᠤᠨ ᠤᠷᠤᠰᠬᠠᠯ᠂ ᠨᠡᠶᠢᠭᠡᠮ ᠤᠨ ᠬᠦᠭᠵᠢᠯᠲᠡ ᠵᠡᠷᠭᠡ ᠤᠯᠠᠨ ᠵᠦᠢᠯ | ᠤᠨ ᠰᠢᠯᠲᠠᠭᠠᠨ ᠠᠴᠠ ᠪᠤᠯᠵᠤ᠂ ᠠᠷᠪᠠᠨ ᠲᠠᠪᠤᠬᠠᠨ ᠵᠢᠯ ᠪᠤᠯᠤᠭᠠᠳ 1985 ᠤᠨ ᠳᠤ ᠲᠡᠤᠭᠡᠲᠦ ᠡᠬᠦᠷᠭᠡ ᠪᠠᠨ ᠠᠮᠵᠢᠯᠲᠠ ᠲᠠᠢ ᠬᠦᠢᠴᠡᠳᠭᠡᠵᠦ᠂ ᠤᠨ ᠵᠢᠯ ᠤᠨ | ᠡᠷᠬᠢᠯᠲᠡ ᠶᠢᠨ ᠲᠤᠭᠤᠰᠤᠨ ᠳᠤ ᠪᠤᠯᠠᠭᠲᠠᠬᠤ ᠦᠭᠡᠢ ᠪᠠᠶᠢᠬᠤ ᠶᠢᠨ ᠠᠷᠭ᠎ᠠ ᠦᠭᠡᠢ ᠪᠤᠯᠠᠭᠲᠠᠯᠠ᠃ | ᠭᠤᠴᠢᠨ ᠵᠢᠯ ᠤᠨ ᠲᠠᠷᠠᠭ᠎ᠠ᠂ ᠨᠤᠲᠤᠭ ᠤᠨ ᠢᠶᠠᠨ ᠵᠢᠱᠢᠶᠡᠴᠢ ᠮᠠᠯᠴᠢᠨ ᠢ ᠰᠤᠷᠪᠤᠯᠵᠢᠯᠠᠬᠤ ᠲᠤᠬᠢᠶᠠᠯ ᠢᠶᠠᠷ ᠭᠡᠤᠭᠡᠳ ᠨᠠᠰᠤᠨ ᠤ ᠪᠠᠨ ᠤᠨᠠᠭᠠᠨ | ᠲᠤᠷᠠᠳᠬᠠᠯ ᠳᠤ ᠬᠦᠲᠦᠯᠦᠭᠲᠡᠨ ᠪᠢ ᠪᠠᠷᠢᠭᠠᠲᠠ ᠶᠢᠨ ᠰᠤᠷᠭᠠᠭᠤᠯᠢ ᠳᠤ ᠬᠦᠷᠦᠭᠰᠡᠨ ᠶᠤᠮ᠃ ᠬᠦᠭᠡ ᠲᠡᠭᠷᠢ ᠨᠢ ᠴᠡᠯᠮᠡᠭᠰᠢᠵᠦ᠂ ᠬᠦᠪᠦᠩ ᠡᠬᠦᠯᠡ ᠬᠦᠪᠪᠦᠯᠵᠡᠨ᠂ | ᠡᠪᠡᠰᠤ ᠤᠷᠭᠤᠮᠠᠯ ᠰᠢᠷᠠᠯᠠᠨ ᠬᠠᠯᠢᠭᠤᠷᠠᠵᠤ᠂ ᠮᠠᠯ ᠰᠦᠷᠦᠭ ᠲᠡᠪᠠᠲᠡᠢ ᠢᠲᠡᠰᠢᠯᠡᠨ᠂ ᠲᠠᠷᠭᠤᠨ ᠨᠠᠮᠤᠷ ᠤᠨ ᠲᠠᠩᠰᠤᠭ ᠤᠯᠠᠷᠢᠯ ᠭᠡᠵᠤ ᠶᠠᠭᠤᠲᠠᠢ ᠰᠠᠶᠢᠬᠠᠨ ᠴᠠᠭ | ᠠᠵᠠᠢ᠃ ᠨᠤᠲᠤᠭ ᠤᠨ ᠢᠶᠠᠨ ᠦᠵᠡᠮᠵᠢ ᠳᠤ ᠰᠤᠭᠲᠤᠭᠤᠷᠠᠵᠤ᠂ ᠴᠡᠪᠡᠷ ᠠᠭᠠᠷ ᠢ ᠨᠢ ᠠᠮᠢᠰᠬᠤᠯᠯᠠᠨ᠂ ᠬᠦᠩᠭᠡᠨ ᠮᠠᠰᠢᠨ ᠢᠶᠠᠷ ᠬᠦᠲᠡᠭᠡ ᠳᠤ ᠰᠤᠨᠤᠯᠵᠠᠭᠰᠠᠨ | ᠴᠠᠷᠲᠠᠮᠠᠯ ᠵᠠᠮ ᠢᠶᠠᠷ ᠲᠠᠪᠬᠢᠭᠤᠯᠬᠤ ᠳᠤ ᠰᠠᠨᠠᠭ᠎ᠠ ᠰᠡᠳᠬᠢᠯ ᠲᠠᠯ᠎ᠠ ᠰᠢᠭ᠋ ᠠᠭᠤᠵᠢᠷᠠᠭᠠᠳ ᠶᠠᠪᠤᠴᠢᠬᠠᠨ᠎ᠠ᠃ ᠨᠤᠲᠤᠭ ᠤᠨ ᠬᠦᠮᠦᠰ ᠤᠨ ᠲᠠᠭᠤᠲᠠᠵᠤ ᠲᠠᠰᠤᠭᠰᠠᠨ | ᠰᠤᠷᠭᠠᠭᠤᠯᠢ ᠶᠢᠨ ᠬᠤᠲᠤᠭᠤᠷ ᠬᠦᠷᠦᠭᠡᠳ ᠢᠷᠡᠯ᠎ᠡ᠃ ᠠᠲᠡ ᠪᠠᠶᠢᠭᠰᠠᠨ ᠠᠶᠢᠯ ᠤᠳ ᠤᠨ ᠨᠠᠪᠲᠠᠭᠠᠷ ᠰᠢᠪᠠᠷ ᠪᠠᠶᠢᠰᠢᠩ ᠠᠯᠠᠭ᠎ᠠ᠂ ᠪᠤᠲᠤᠯ ᠳᠤ ᠬᠤᠨᠤᠭᠰᠢᠭᠰᠠᠨ | ᠰᠤᠷᠭᠠᠭᠤᠯᠢ ᠮᠢᠨᠢ ᠴᠦ ᠠᠯᠠᠭ᠎ᠠ᠂ ᠲᠤᠭᠤᠰᠬᠠᠨ ᠪᠠᠶᠢᠰᠢᠩ ᠲᠠᠷᠢᠶᠠᠨ ᠭᠠᠵᠠᠷ ᠢᠶᠠᠷ ᠰᠤᠯᠢᠭᠲᠠᠵᠠᠢ᠃ ᠡᠷᠲᠡᠮ ᠨᠤᠮ ᠤᠨ ᠷᠢᠳᠢ ᠰᠢᠳᠢ ᠤᠷᠤᠰᠢᠭᠰᠠᠨ ᠤ ᠬᠢ | ᠪᠤᠯᠪᠠᠤ︖ ᠲᠠᠷᠢᠶ᠎ᠠ ᠴᠦ ᠰᠠᠶᠢᠬᠠᠨ ᠤᠷᠭᠤᠵᠠᠢ᠃ | ᠰᠢᠷᠠᠯᠠᠭᠰᠠᠨ ᠨᠠᠪᠴᠢᠰ ᠰᠡᠷᠢᠬᠦᠨ ᠨᠠᠮᠤᠷ ᠤᠨ ᠰᠢᠪᠡᠷᠡᠭᠰᠡᠨ ᠪᠤᠷᠤᠭᠠᠨ ᠳᠤ᠂ ᠨᠠᠮᠠᠭᠠᠨ ᠳᠤ ᠪᠠᠨ ᠲᠤᠭᠲᠠᠵᠤ ᠴᠢᠲᠠᠯ ᠦᠭᠡᠢ ᠨᠢᠭᠡ ᠬᠤᠶᠠᠷ ᠢᠶᠠᠷ | ᠬᠦᠷᠦᠰᠦᠲᠦ ᠲᠡᠯᠡᠭᠡᠢ ᠶᠢᠨ ᠬᠠᠯᠠᠭᠤᠨ ᠡᠪᠦᠷ ᠲᠤ ᠡᠯᠢᠭᠡᠲᠡᠵᠦ᠂ ᠢᠷᠡᠬᠦ ᠬᠠᠪᠤᠷ ᠤᠨ ᠨᠤᠭᠤᠭᠠᠨ ᠵᠡᠬᠦᠲᠦ ᠲᠠᠢ ᠪᠠᠨ ᠤᠭᠤᠷᠠᠭ ᠰᠢᠮ᠎ᠠ ᠪᠠᠨ ᠬᠠᠷᠠᠮ ᠦᠭᠡᠢ | ᠵᠤᠷᠢᠭᠤᠯᠤᠭᠰᠠᠨ ᠦᠨᠲᠦᠰᠦᠨ ᠳᠤ ᠪᠠᠨ ᠠᠭᠤᠰᠤᠨ᠎ᠠ᠃ ᠨᠠᠮᠤᠷ ᠤᠨ ᠰᠠᠯᠬᠢ ᠰᠡᠷᠴᠢᠬᠢᠨᠡᠨ ᠦᠩᠭᠡᠷᠡᠬᠦ ᠪᠠᠷ ᠪᠠᠷᠢᠭᠠᠲᠠ ᠶᠢᠨ ᠰᠤᠷᠭᠠᠭᠤᠯᠢ ᠶᠢᠨ ᠪᠠᠶᠢᠭᠰᠠᠨ ᠭᠠᠵᠠᠷ | ᠲᠤ ᠤᠷᠭᠤᠭᠰᠠᠨ ᠲᠠᠷᠢᠶᠠᠨ ᠠᠴᠠ ᠤᠩᠰᠢᠯᠭ᠎ᠠ ᠶᠢᠨ ᠲᠠᠭᠤᠨ ᠰᠤᠨᠤᠰᠲᠠᠬᠤ ᠰᠢᠭ᠋ ᠪᠤᠯᠬᠤ ᠳᠤ ᠪᠢ ᠦᠪᠡᠷ ᠤᠨ ᠡᠷᠭᠡ ᠦᠭᠡᠢ ᠡᠷᠬᠢᠵᠦ ᠬᠠᠷᠠᠯ᠎ᠠ ᠁ | | | | |