ᠴᠢᠩ ᠤᠯᠤᠰ ᠤᠨ ᠦᠶ᠎ᠡ ᠳᠤ᠂ ᠮᠤᠩᠭᠤᠯ ᠦᠨᠳᠦᠰᠦᠲᠡᠨ ᠤ ᠡᠷᠳᠡᠮᠳᠡᠳ ᠲᠦᠪᠡᠳ᠂ ᠬᠢᠳᠡᠳ᠂ ᠮᠠᠨᠵᠤ᠂ ᠡᠨᠡᠳᠭᠡᠭ᠂ ᠰᠠᠨᠰᠺᠷᠢᠲ ᠬᠡᠯᠡᠨ ᠤ | ᠰᠤᠩᠭᠤᠳᠠᠭ ᠵᠤᠬᠢᠶᠠᠯ ᠪᠦᠳᠦᠭᠡᠯ ᠢ ᠤᠷᠴᠢᠭᠤᠯᠤᠨ ᠮᠤᠩᠭᠤᠯ ᠦᠨᠳᠦᠰᠦᠲᠡᠨ ᠤ ᠪᠠᠨ ᠰᠤᠶᠤᠯ ᠤᠨ ᠦᠪ ᠬᠦᠷᠦᠩᠭᠡ ᠪᠠᠨ ᠪᠠᠶᠠᠯᠢᠭᠵᠢᠭᠤᠯᠤᠭᠰᠠᠨ ᠪᠠᠶᠢᠨ᠎ᠠ᠃ | ᠡᠳᠡᠭᠡᠷ ᠡᠷᠳᠡᠮᠳᠡᠳ ᠤᠨ ᠲᠤᠮᠳᠠ ᠤᠷᠠᠳ ᠨᠤᠳᠤᠭ ᠠᠴᠠ ᠴᠤᠯᠭᠤᠷᠠᠨ ᠭᠠᠷᠤᠭᠰᠠᠨ ᠤᠷᠠᠳ ᠬᠦᠤᠰᠢ ᠪᠢᠯᠢᠭᠦᠨᠳᠠᠯᠠᠢ᠂ ᠤᠷᠠᠳ ᠬᠦᠤᠰᠢ ᠨᠤᠮᠤᠨᠲᠠᠯᠠᠢ᠂ ᠮᠡᠷᠭᠡᠨ | ᠭᠡᠭᠡᠨ ᠯᠤᠪᠰᠠᠩᠳᠠᠮᠪᠢᠵᠠᠯᠰᠠᠨ ᠨᠠᠷ ᠵᠦᠢ ᠶᠤᠰᠤ ᠪᠠᠷ ᠢᠶᠠᠨ ᠲᠡᠮᠳᠡᠭᠯᠡᠭᠳᠡᠳᠡᠭ᠃ | ᠤᠷᠠᠳ ᠬᠦᠤᠰᠢ ᠪᠢᠯᠢᠭᠦᠨᠳᠠᠯᠠᠢ ︽ᠪᠤᠭᠳᠠ ᠠᠳᠢᠱᠠ ᠲᠦᠪᠡᠳ ᠤᠷᠤᠨ᠎ᠠ ᠵᠠᠯᠠᠷᠠᠭᠰᠠᠨ ᠨᠠᠮᠳᠠᠷ︾᠂ ︽ᠮᠢᠳᠡᠷᠡ ᠴᠦᠩᠬᠡᠢ ᠬᠠᠨ ᠬᠦᠪᠡᠬᠦᠨ ᠤ ᠲᠤᠭᠤᠵᠢ︾ | ᠂ ︽ᠵᠤᠤ ᠠᠳᠢᠱᠠ ᠡᠨᠡᠳᠬᠡᠭ ᠲᠤᠷ ᠬᠡᠷᠬᠢᠵᠤ ᠱᠠᠰᠢᠨ ᠲᠡᠯᠭᠡᠷᠡᠭᠰᠡᠨ ᠪᠠ ᠠᠯᠳᠠᠨ ᠲᠢᠪ ᠲᠤᠷ ᠤᠳᠤᠭᠰᠠᠨ ᠤ ᠲᠤᠭᠤᠵᠢ︾ ︽ᠰᠢᠳᠢᠳᠡᠨ ᠤ ᠡᠷᠭᠡᠳᠦ ᠮᠢᠤᠠᠷᠠᠽᠤᠬᠢ | ᠶᠢᠨ ᠭᠠᠳᠠᠭᠠᠳᠤ ᠲᠤᠳᠤᠭᠠᠳᠤ ᠨᠢᠭᠤᠴᠠ ᠭᠤᠷᠪᠠᠨ ᠴᠡᠳᠢᠭ︾᠂ ︽ᠲᠤᠯᠤᠭᠠᠨ ᠰᠠᠶᠢᠪᠠᠷ ᠤᠳᠤᠭᠰᠠᠳ ᠲᠤᠷ ᠲᠠᠬᠢᠯ ᠡᠷᠬᠦᠬᠦ ᠵᠠᠩ ᠦᠢᠯᠡ ᠶᠢ ᠨᠡᠶᠢᠴᠡᠬᠦᠯᠦᠭᠰᠡᠨ | ᠡᠷᠬᠡᠳᠦ ᠶᠢᠨ ᠬᠠᠭᠠᠨ ᠬᠡᠮᠡᠬᠦ ᠰᠤᠳᠤᠷ︾᠂ ᠡᠷᠳᠡᠨ ᠤ ᠡᠨᠡᠳᠭᠡᠭ ᠤᠨ ᠡᠮᠬᠡᠨᠢᠯᠳᠤ ᠵᠦᠴᠦᠭᠡ ︽ᠤᠱᠠᠨᠳᠠᠷᠠ︾ ᠵᠡᠷᠭᠡ ᠨᠤᠮ ᠵᠤᠬᠢᠶᠠᠯ ᠢ ᠮᠤᠩᠭᠤᠯᠴᠢᠯᠠᠭᠰᠠᠨ | ᠪᠦᠭᠡᠳ ᠦᠵᠦᠮᠦᠴᠢᠨ ᠬᠦᠩ ᠭᠤᠮᠪᠤᠵᠠᠪ ᠤᠨ ᠵᠤᠬᠢᠶᠠᠨ ᠨᠠᠶᠢᠷᠠᠭᠤᠯᠤᠭᠰᠠᠨ ︽ ᠡᠨᠡᠳᠬᠡᠭ — ᠲᠦᠪᠡᠳ ᠬᠡᠯᠡ ᠬᠢᠯᠪᠠᠷ ᠰᠤᠷᠬᠤ ᠪᠢᠴᠢᠭ︾ ᠬᠡᠮᠡᠬᠦ | ᠰᠠᠨᠰᠺᠷᠢᠲ᠂ ᠲᠦᠪᠡᠳ᠂ ᠮᠤᠩᠭᠤᠯ ᠭᠤᠷᠪᠠᠨ ᠬᠡᠯᠡᠨ ᠤ ᠲᠤᠯᠢ ᠪᠢᠴᠢᠭ ᠵᠡᠷᠭᠡ ᠶᠢ ᠬᠠᠪᠰᠤᠷᠤᠨ ᠪᠠᠷᠯᠠᠵᠠᠢ᠃ ᠪᠢᠯᠢᠭᠦᠨᠳᠠᠯᠠᠢ 1717 ᠤᠨ ᠠᠴᠠ 1720 ᠤᠨ ᠤ | ᠬᠤᠭᠤᠷᠤᠨᠳᠤ 108 ᠪᠤᠳᠢ ︽ᠭᠠᠨᠵᠤᠤᠷ︾ ᠢ ᠲᠠᠬᠢᠨ ᠰᠢᠬᠦᠨ ᠬᠢᠨᠠᠵᠤ ᠪᠠᠷᠯᠠᠭᠤᠯᠬᠤ ᠠᠵᠢᠯ ᠪᠠ 1741 ᠤᠨ ᠠᠴᠠ 1742 ᠤᠨ ᠤ ᠬᠤᠭᠤᠷᠤᠨᠳᠤ ︽ | ᠭᠠᠨᠵᠤᠤᠷ︾᠂ ︽ᠳ᠋ᠠᠨᠵᠤᠤᠷ︾ ᠬᠡᠮᠡᠬᠦ ᠡᠨᠡᠬᠦ ︽ᠭᠤᠷᠪᠠᠨ ᠵᠠᠭᠤᠨ ᠭᠤᠴᠢᠨ ᠭᠤᠷᠪᠠᠳᠤ︾ ᠶᠢᠨ ᠠᠭᠤᠯᠭ᠎ᠠ ᠶᠢᠨ ᠲᠤᠪᠴᠢ ᠲᠠᠪᠤᠨ ᠤᠬᠠᠭᠠᠨ ᠤ ᠮᠤᠩᠭᠤᠯ | ᠤᠷᠴᠢᠭᠤᠯᠭ᠎ᠠ ᠶᠢᠨ ᠠᠩᠬᠠᠨ ᠤ ᠭᠠᠷ ᠠᠪᠤᠯᠭ᠎ᠠ ᠪᠤᠯᠬᠤ ︽ᠮᠡᠷᠭᠡᠳ ᠭᠠᠷᠬᠤ ᠶᠢᠨ ᠤᠷᠤᠨ ᠨᠡᠷᠡᠳᠤ ᠲᠤᠭᠲᠠᠭᠠᠭᠰᠠᠨ ᠲᠠᠭᠶ᠋ᠢᠭ︾ ᠪᠢᠴᠢᠭ ᠢ ᠵᠤᠬᠢᠶᠠᠨ | ᠨᠠᠶᠢᠷᠠᠭᠤᠯᠵᠤ ᠪᠠᠷᠯᠠᠵᠤ ᠬᠡᠪᠯᠡᠬᠦ ᠠᠵᠢᠯ ᠳᠤ ᠭᠤᠤᠯᠯᠠᠵᠤ ᠤᠷᠤᠯᠴᠠᠨ ᠬᠠᠷᠢᠭᠤᠴᠠᠨ ᠪᠡᠶᠡᠯᠡᠬᠦᠯᠵᠠᠢ᠃ 1742 ᠤᠨ ᠠᠴᠠ 1749 ᠤᠨ ᠤ ᠬᠤᠭᠤᠷᠤᠨᠳᠤ ᠲᠡᠷᠡ | ︽ᠳ᠋ᠠᠨᠵᠤᠤᠷ︾ ᠢ ᠮᠤᠩᠭᠤᠯᠴᠢᠯᠠᠵᠤ ᠪᠠᠷᠯᠠᠭᠤᠯᠬᠤ ᠠᠵᠢᠯ ᠢ ᠡᠷᠬᠢᠯᠡᠵᠤ ᠬᠢᠭᠰᠡᠨ ᠪᠦᠬᠡᠳ ᠡᠷᠳᠡᠮᠳᠡᠨ ᠴᠤᠶᠢᠵᠢᠠᠤᠳᠰᠠᠷ ᠤᠨ ᠤᠷᠴᠢᠭᠤᠯᠤᠭᠰᠠᠨ ︽ᠪᠤᠳᠢᠴᠡᠷᠢᠶᠡ | ᠠᠸᠠᠳᠠᠷᠠ︾ ᠶᠢ ᠵᠠᠰᠠᠵᠤ ᠤᠷᠴᠢᠭᠤᠯᠤᠭᠰᠠᠨ ᠪᠠᠶᠢᠳᠠᠭ᠃ ᠪᠢᠯᠢᠬᠦᠨᠳᠠᠯᠠᠢ ᠪᠡᠭᠡᠵᠢᠩ ᠤᠨ ᠰᠦᠩ ᠵᠦ ᠰᠧ ᠬᠡᠶᠢᠳ ᠤᠨ ᠲᠡᠷᠢᠬᠦᠨ ᠪᠯᠠᠮ᠎ᠠ᠂ ᠮᠤᠳᠤᠨ ᠢᠶᠠᠷ ᠬᠡᠪᠯᠡᠯ ᠤᠨ | ᠭᠠᠵᠠᠷ ᠤᠨ ᠡᠷᠬᠢᠯᠡᠭᠴᠢ ᠶᠢᠨ ᠠᠵᠢᠯ ᠢ ᠲᠦᠴᠢ ᠭᠠᠷᠤᠢ ᠵᠢᠯ ᠬᠢᠬᠦ ᠳᠤ ᠪᠠᠨ ᠪᠠᠷᠯᠠᠵᠤ ᠬᠡᠪᠯᠡᠬᠦ ᠠᠯᠢᠪᠠ ᠨᠤᠮ ᠪᠢᠴᠢᠭ ᠢ ᠮᠤᠩᠭᠤᠯᠴᠢᠯᠠᠵᠤ᠂ ᠬᠢᠨᠠᠵᠤ ᠰᠢᠬᠦᠬᠦ ᠪᠠ | ᠠᠷᠢᠭᠤᠳᠬᠠᠨ ᠵᠠᠰᠠᠬᠤ ᠠᠵᠢᠯ ᠢ ᠪᠦᠷ ᠪᠤᠳᠠᠳᠠᠢ ᠬᠠᠷᠢᠭᠤᠴᠠᠨ ᠬᠢᠵᠠᠢ᠃ | ᠤᠷᠠᠳ ᠬᠦᠤᠰᠢ ᠨᠤᠮᠤᠨᠲᠠᠯᠠᠢ ᠤᠷᠠᠳ ᠤᠨ ᠮᠡᠷᠭᠡᠨ ᠬᠡᠶᠢᠳ ᠤᠨ ᠬᠦᠤᠰᠢ ᠪᠠᠶᠢᠵᠤ ᠪᠠᠶᠢᠭᠠᠳ ᠵᠠᠷᠯᠢᠭ ᠢᠶᠠᠷ ᠪᠡᠭᠡᠵᠢᠩ ᠤᠷᠤᠵᠤ ︽ᠳ᠋ᠠᠨᠵᠤᠤᠷ︾ | ᠤᠷᠴᠢᠭᠤᠯᠬᠤ ᠲᠤᠮᠤ ᠠᠵᠢᠯ ᠳᠤ ᠤᠷᠤᠯᠴᠠᠵᠠᠢ᠃ | ᠮᠡᠷᠭᠡᠨ ᠭᠡᠭᠡᠨ ᠯᠤᠪᠰᠠᠩᠳᠠᠮᠪᠢᠵᠠᠯᠰᠠᠨ ᠤ ᠤᠷᠴᠢᠭᠤᠯᠭ᠎ᠠ ᠬᠢᠭᠰᠡᠨ ᠠᠵᠢᠯ ᠢ ᠬᠤᠶᠠᠷ ᠵᠦᠢᠯ ᠳᠤ ᠬᠤᠪᠢᠶᠠᠨ᠎ᠠ᠃ ᠨᠢᠭᠡ ᠨᠢ ᠦᠪᠡᠰᠦᠪᠡᠨ ᠤᠤᠯ ᠨᠤᠮ ᠢ | ᠰᠢᠭᠤᠳ ᠤᠷᠴᠢᠭᠤᠯᠵᠤ ᠨᠠᠶᠢᠷᠠᠭᠤᠯᠪᠠ᠃ ᠨᠦᠬᠦᠬᠡ ᠨᠢ ᠪᠤᠰᠤᠳ ᠤᠨ ᠤᠷᠴᠢᠭᠤᠯᠭ᠎ᠠ ᠶᠢ ᠲᠠᠬᠢᠨ ᠤᠤᠯ ᠡᠭᠡ ᠲᠠᠢ ᠨᠢ ᠲᠤᠯᠭᠠᠨ ᠬᠢᠨᠠᠵᠤ ᠵᠠᠰᠠᠪᠠ᠃ ᠲᠡᠬᠦᠨ ᠤ | ᠲᠦᠯᠦᠭᠡᠯᠡᠬᠦ ᠴᠢᠨᠠᠷ ᠲᠠᠢ ᠪᠦᠳᠦᠭᠡᠯ ᠨᠢ᠄ ︽ᠶᠦᠮ︾᠂ ︽ᠲᠦᠷᠪᠡᠨ ᠦᠨᠳᠦᠰᠦ︾᠂ ︽ᠲᠤᠯᠤᠭᠠᠨ ᠲᠤᠭᠰᠢᠳ︾᠂ ︽ᠲᠠᠷᠪᠠ︾᠂ ︽ᠵᠤᠳᠪᠠ︾ ︽ᠨᠠᠢᠮᠠᠨ | ᠮᠢᠩᠭᠠᠳᠤ︾᠂ ︽ᠴᠠᠭᠠᠨ ᠰᠢᠬᠦᠳᠡᠷᠢ︾᠂ ︽ᠪᠯᠠᠮ᠎ᠠ ᠶᠢᠨ ᠲᠠᠬᠢᠯ︾᠂ ︽ᠱᠠᠵᠢᠨ ᠪᠠᠳᠠᠷᠠᠩᠭᠤᠢ︾᠂ ᠤᠬᠢᠶᠠᠯ ᠤᠨ ᠨᠤᠮ᠂ ᠪᠠᠯᠢᠩ ᠦᠢᠯᠡᠳᠬᠦ ᠪᠠ ᠦᠭᠬᠦᠢ | ᠶᠢᠨ ᠶᠤᠰᠤᠨ ᠤ ᠲᠤᠬᠠᠢ ᠨᠤᠮ᠂ ᠪᠤᠷᠬᠠᠨ ᠪᠤᠳᠢᠰᠠᠳ᠋ᠸ᠎ᠠ ᠶᠢᠨ ᠮᠠᠭᠳᠠᠭᠠᠯ ᠤᠳ᠂ ᠰᠠᠩ ᠲᠠᠬᠢᠯᠭ᠎ᠠ ᠶᠢᠨ ᠨᠤᠮ ᠵᠡᠷᠭᠡ ᠪᠤᠢ᠃ ᠮᠥᠨ ᠲᠦᠪᠡᠳ ᠤᠨ ᠰᠠᠵᠠ ᠪᠠᠨᠳᠢᠳᠠ | ᠬᠦᠩᠭᠠᠵᠠᠯᠰᠠᠨ ᠲᠠᠨ ᠤ ᠵᠤᠬᠢᠶᠠᠭᠰᠠᠨ ︽ᠰᠠᠶᠢᠨ ᠦᠬᠡᠳᠦ ᠡᠷᠳᠡᠨᠢ ᠶᠢᠨ ᠰᠠᠩ ᠨᠡᠷᠡᠳᠦ ᠰᠠᠱᠳᠢᠷ︾ ︵ᠲᠠᠷᠤᠢ ︽ᠰᠤᠪᠠᠰᠢᠲᠠᠢ︾︶ ᠢ ᠮᠤᠩᠭᠤᠯᠴᠢᠯᠠᠵᠤ ᠪᠠᠷᠯᠠᠪᠠ᠃ | ᠤᠨᠴᠠᠯᠠᠨ ᠲᠡᠮᠳᠡᠭᠯᠡᠬᠦᠰᠢᠲᠠᠢ ᠨᠢ᠂ ᠮᠡᠷᠭᠡᠨ ᠭᠡᠭᠡᠨ ᠯᠤᠪᠰᠠᠩᠳᠠᠮᠪᠢᠵᠠᠯᠰᠠᠨ ᠲᠠᠨ ᠤ ᠤᠷᠴᠢᠭᠤᠯᠭ᠎ᠠ ᠪᠦᠳᠦᠭᠡᠯ ᠨᠢ ᠡᠬᠡ ᠬᠡᠯᠡᠨ ᠤ ᠪᠠᠨ ᠤᠨᠴᠠᠯᠢᠭ ᠪᠠ | ᠮᠤᠩᠭᠤᠯᠴᠤᠳ ᠤᠨ ᠢᠶᠠᠨ ᠤᠶᠤᠨ ᠤ ᠰᠡᠳᠬᠢᠬᠦᠢ ᠶᠢᠨ ᠤᠨᠴᠠᠯᠢᠭ ᠲᠤ ᠵᠤᠬᠢᠴᠠᠭᠤᠯᠤᠨ ᠤᠳᠬᠠᠴᠢᠯᠠᠨ ᠤᠷᠴᠢᠭᠤᠯᠵᠤ ᠨᠠᠶᠢᠷᠠᠭᠤᠯᠵᠤ ᠵᠤᠬᠢᠶᠠᠭᠰᠠᠨ ᠰᠢᠨᠵᠢ ᠪᠠᠷ | ᠮᠠᠰᠢ ᠢᠯᠡ ᠲᠤᠪᠤᠶᠢᠮ᠎ᠠ ᠪᠠᠶᠢᠳᠠᠭ᠃ | ︽ ᠤᠷᠠᠳ ᠲᠡᠤᠭᠡ ᠰᠤᠶᠤᠯ︾ ︵ ᠲᠡᠭᠡᠳᠤ ᠲᠡᠪᠳᠡᠷ︶ ᠠᠴᠠ ᠪᠠᠭᠤᠯᠭᠠᠪᠠ | |