ᠬᠦᠮᠦᠨ ᠲᠦᠷᠦᠯᠬᠢᠲᠡᠨ ᠤ ᠰᠤᠶᠤᠯ ᠤᠨ ᠦᠪ ᠬᠦᠷᠦᠩᠭᠡ ᠶᠢᠨ ᠴᠢᠬᠤᠯᠠ ᠨᠢᠭᠡᠨ ᠪᠦᠷᠢᠯᠳᠦᠬᠦᠨ ᠬᠡᠰᠡᠭ ᠪᠤᠯᠬᠤ ᠤᠷᠠᠨ ᠵᠤᠬᠢᠶᠠᠯ ᠢ ᠵᠤᠬᠢᠶᠠᠨ ᠪᠦᠳᠦᠭᠡᠵᠤ᠂ | ᠤᠯᠠᠮᠵᠢᠯᠠᠯᠳᠤ ᠦᠪᠯᠡᠭᠰᠡᠨ ᠦᠨᠳᠦᠰᠦᠨ ᠬᠡᠯᠪᠡᠷᠢ ᠪᠠᠷ ᠨᠢ ᠠᠮᠠᠨ ᠵᠤᠬᠢᠶᠠᠯ ᠪᠠ ᠪᠢᠴᠢᠭ ᠤᠨ ᠵᠤᠬᠢᠶᠠᠯ ᠬᠡᠵᠤ ᠠᠩᠬᠢᠯᠠᠳᠠᠭ ᠶᠤᠮ᠃ ᠠᠮᠠᠨ ᠵᠤᠬᠢᠶᠠᠯ ᠨᠢ | ᠤᠷᠠᠳᠴᠤᠳ ᠤᠨ ᠠᠶᠢᠮᠠᠭ ᠪᠤᠯᠤᠨ ᠪᠦᠷᠢᠯᠳᠦᠬᠦ ᠶᠢ ᠲᠠᠭᠠᠯᠳᠤᠨ ᠪᠤᠢ ᠪᠤᠯᠵᠤ᠂ ᠪᠢᠴᠢᠭ ᠤᠨ ᠵᠤᠬᠢᠶᠠᠯ ᠨᠢ ᠤᠷᠠᠳᠴᠤᠳ ᠦᠰᠦᠭ ᠪᠢᠴᠢᠭ ᠢ ᠬᠡᠷᠡᠭᠯᠡᠭᠰᠡᠨ ᠠᠴᠠ | ᠡᠬᠢᠯᠡᠨ ᠪᠤᠢ ᠪᠤᠯᠤᠭᠰᠠᠨ ᠪᠠᠶᠢᠨ᠎ᠠ᠂ ᠡᠶᠢᠨ ᠬᠦ᠂ ᠤᠷᠠᠳ ᠠᠷᠠᠳ ᠤᠨ ᠠᠮᠠᠨ ᠵᠤᠬᠢᠶᠠᠯ ᠪᠤᠯ ᠤᠷᠠᠳ ᠪᠢᠴᠢᠭ ᠤᠨ ᠵᠤᠬᠢᠶᠠᠯ ᠤᠨ ᠡᠬᠦᠰᠦᠯ᠂ ᠰᠢᠮ᠎ᠡ ᠲᠡᠵᠢᠭᠡᠯ᠂ | ᠬᠦᠷᠦᠰᠦ ᠰᠢᠷᠤᠢ ᠨᠢ ᠪᠤᠯᠤᠨ᠎ᠠ᠃ | ᠨᠢᠭᠡ᠂ ᠠᠮᠠᠨ ᠵᠤᠬᠢᠶᠠᠯ | ᠤᠷᠠᠳ ᠠᠷᠠᠳ ᠤᠨ ᠠᠮᠠᠨ ᠵᠤᠬᠢᠶᠠᠯ ᠪᠤᠯ ᠤᠷᠠᠳᠴᠤᠳ ᠤᠨ ᠬᠠᠮᠳᠤ ᠶᠢᠨ ᠪᠦᠳᠦᠭᠡᠯ ᠮᠥᠨ᠃ ᠲᠡᠷᠡ ᠨᠢ ᠤᠷᠠᠳᠴᠤᠳ ᠤᠨ ᠠᠮᠠ ᠪᠠᠷ ᠵᠤᠬᠢᠶᠠᠭᠳᠠᠨ | ᠪᠦᠳᠦᠭᠡᠭᠳᠡᠭᠡᠳ᠂ ᠠᠮᠠᠨ ᠤᠯᠠᠮᠵᠢᠯᠠᠯ ᠤᠨ ᠬᠡᠯᠪᠡᠷᠢ ᠪᠠᠷ ᠤᠯᠠᠮᠵᠢᠯᠠᠭᠳᠠᠨ ᠲᠡᠯᠭᠡᠷᠡᠬᠦ ᠡᠷᠢᠨ ᠴᠠᠭ ᠲᠤ ᠬᠦᠷᠴᠤ ᠢᠷᠡᠵᠠᠢ᠃ ᠤᠷᠠᠳ ᠠᠷᠠᠳ ᠤᠨ ᠠᠮᠠᠨ ᠵᠤᠬᠢᠶᠠᠯ ᠢ | ᠮᠥᠨ ᠴᠦ ᠨᠡᠶᠢᠲᠡ ᠮᠤᠩᠭᠤᠯ ᠤᠨ ᠠᠮᠠᠨ ᠵᠤᠬᠢᠶᠠᠯ ᠤᠨ ᠪᠦᠳᠦᠭᠡᠯ ᠤᠨ ᠲᠢᠭ ᠮᠠᠶ᠋ᠢᠭ ᠤᠨ ᠬᠢᠨᠢ ᠨᠡᠶᠢᠳᠡᠯᠢᠭ ᠤᠨᠴᠠᠯᠢᠭ ᠢᠶᠠᠷ ᠠᠮᠠᠨ ᠢᠷᠠᠭᠤ ᠨᠠᠶᠢᠷᠠᠭ᠂ ᠠᠮᠠᠨ | ᠦᠯᠢᠬᠡᠷ᠂ ᠬᠠᠪᠰᠤᠷᠤᠮᠵᠢ ᠠᠮᠠᠨ ᠤᠷᠠᠯᠢᠭ ᠭᠡᠵᠤ ᠭᠤᠷᠪᠠᠨ ᠠᠩᠭᠢ ᠳᠤ ᠬᠤᠪᠢᠶᠠᠵᠤ ᠪᠤᠯᠤᠨ᠎ᠠ᠃ | ᠠᠮᠠᠨ ᠢᠷᠠᠭᠤ ᠨᠠᠶᠢᠷᠠᠭ — — — ᠤᠷᠠᠳ ᠠᠮᠠᠨ ᠢᠷᠠᠭᠤ ᠨᠠᠶᠢᠷᠠᠭ ᠲᠤ ᠭᠤᠤᠯᠳᠠᠭᠤ ᠶᠤᠰᠤᠯᠠᠯ ᠲᠠᠬᠢᠯᠭ᠎ᠠ ᠶᠢᠨ ᠰᠢᠯᠦᠭᠯᠡᠯ᠂ ᠢᠷᠦᠭᠡᠯ ᠮᠠᠭᠳᠠᠭᠠᠯ᠂ | ᠵᠦᠢᠷ ᠰᠡᠴᠡᠨ ᠦᠬᠡ᠂ ᠶᠷᠢᠲᠢᠨᠴᠤ ᠶᠢᠨ ᠭᠤᠷᠪᠠ ᠪᠤᠢ᠃ | 1᠂ ᠶᠤᠰᠤᠯᠠᠯ ᠲᠠᠬᠢᠯᠭ᠎ᠠ ᠶᠢᠨ ᠰᠢᠯᠦᠭᠯᠡᠯ ᠳᠤ ᠲᠤᠮ ᠰᠢᠪᠰᠢᠯᠭᠡ ᠶᠢᠨ ᠦᠬᠡ᠂ ᠶᠤᠰᠤᠯᠠᠯ ᠤᠨ ᠰᠢᠯᠦᠭᠯᠡᠯ᠂ ᠲᠠᠬᠢᠯᠭ᠎ᠠ ᠶᠢᠨ ᠰᠢᠯᠦᠭᠯᠡᠯ ᠪᠠᠭᠳᠠᠳᠠᠭ᠃ ᠲᠤᠮ | ᠰᠢᠪᠰᠢᠯᠭᠡ ᠶᠢᠨ ᠦᠬᠡ ᠭᠡᠵᠤ ᠭᠤᠤᠯᠳᠠᠭᠤ ᠡᠷᠲᠡ ᠦᠶ᠎ᠡ ᠶᠢᠨ ᠮᠤᠩᠭᠤᠯᠴᠤᠳ ᠤᠨ ᠶᠠᠮᠠᠷ ᠨᠢᠭᠡᠨ ᠲᠤᠮ ᠤᠪᠠᠳᠠᠰ ᠪᠤᠶᠤ ᠲᠤᠮᠨᠠᠬᠤ ᠦᠢᠯᠡ ᠶᠢ ᠬᠦᠢᠴᠡᠳᠭᠡᠬᠦ | ᠦᠶ᠎ᠡ ᠳᠤ ᠰᠢᠪᠰᠢᠨ ᠬᠡᠯᠡᠳᠡᠭ ᠤᠬᠤᠷᠬᠠᠨ ᠰᠢᠯᠦᠭᠯᠢᠭ ᠦᠭᠡᠰ ᠢ ᠬᠡᠯᠡᠳᠡᠭ᠃ ᠤᠷᠠᠳ ᠮᠤᠩᠭᠤᠯᠴᠤᠳ ᠲᠤ ᠴᠦ ᠲᠤᠮ ᠰᠢᠪᠰᠢᠯᠭᠡ ᠶᠢᠨ ᠦᠭᠡ ᠪᠠᠶᠢᠳᠠᠭ᠃ | ᠤᠷᠠᠳᠴᠤᠳ ᠪᠠᠶᠢᠭᠠᠯᠢ ᠶᠢᠨ ᠦᠵᠡᠭᠳᠡᠯ ᠢ ᠴᠦ ᠶᠠᠩᠵᠤ ᠪᠦᠷᠢ ᠪᠠᠷ ᠲᠠᠶᠢᠯᠪᠤᠷᠢᠯᠠᠵᠤ᠂ ᠪᠠᠰᠠ ᠲᠤᠮ ᠰᠢᠪᠰᠢᠯᠭᠡ ᠶᠢᠨ ᠦᠭᠡ ᠬᠡᠯᠡᠵᠤ ᠵᠤᠬᠢᠬᠤ ᠲᠤᠮᠨᠠᠯ ᠭᠡᠳᠡᠭ᠃ | ᠶᠤᠰᠤᠯᠠᠯ ᠤᠨ ᠰᠢᠯᠦᠭᠯᠡᠯ ᠲᠤ ᠭᠤᠤᠯᠳᠠᠭᠤ ᠮᠤᠩᠭᠤᠯᠴᠤᠳ ᠤᠨ ᠠᠩ ᠠᠩᠨᠠᠯ ᠤᠨ ᠤᠯᠵᠠ ᠤᠮᠤᠭ᠂ ᠠᠳᠤᠭᠤ ᠮᠠᠯ ᠤᠨ ᠦᠷᠡᠵᠢᠯ ᠲᠦᠯᠵᠢᠯ ᠪᠤᠯᠤᠨ ᠠᠵᠤ | ᠠᠮᠢᠳᠤᠷᠠᠯ ᠤᠨ ᠠᠮᠤᠷ ᠲᠦᠪᠰᠢᠨ ᠪᠠᠶᠢᠬᠤ ᠶᠢ ᠬᠦᠰᠡᠵᠤ ᠮᠦᠷᠦᠭᠡᠳᠦᠭᠰᠡᠨ ᠰᠡᠳᠬᠢᠯᠭᠡ ᠪᠠᠨ ᠶᠠᠮᠠᠷ ᠨᠢᠭᠡᠨ ᠪᠤᠰᠤᠳᠴᠢ ᠰᠢᠳᠦᠭᠡᠨ ᠳᠤ ᠲᠠᠭᠠᠳᠬᠠᠨ ᠢᠯᠡᠷᠡᠬᠦᠯᠦᠭᠰᠡᠨ | ᠠᠮᠠᠨ ᠨᠠᠶᠢᠷᠠᠭ ᠢ ᠬᠡᠯᠡᠳᠡᠭ᠃ ᠤᠷᠠᠳ ᠨᠤᠳᠤᠭ ᠤᠨ ᠶᠤᠰᠤᠯᠠᠯ ᠤᠨ ᠰᠢᠯᠦᠭᠯᠡᠯ ᠳᠤ ︽ᠭᠡᠢ ᠮᠤᠷᠢ ᠶᠢᠨ ᠰᠠᠩ︾ ︽ᠶᠢᠰᠦᠨ ᠰᠦᠯᠲᠡ ᠲᠡᠭᠷᠢ ᠶᠢᠨ ᠰᠠᠩ︾ ︽ | ᠮᠤᠨᠠ ᠬᠠᠨ ᠤ ᠰᠠᠩ︾ ︽ᠠᠷᠢᠭᠤᠨ ᠰᠠᠩ︾ ᠬᠡᠵᠤ ᠪᠠᠶᠢᠳᠠᠭ᠃ | ᠲᠠᠬᠢᠯᠭ᠎ᠠ ᠶᠢᠨ ᠰᠢᠯᠦᠭᠯᠡᠯ ᠭᠡᠳᠡᠭ ᠪᠣᠯ ᠭᠤᠤᠯᠳᠠᠭᠤ ᠮᠤᠩᠭᠤᠯᠴᠤᠳ ᠤᠨ ᠰᠢᠳᠤᠨ ᠪᠢᠰᠢᠷᠡᠭᠰᠡᠨ ᠪᠤᠰᠤᠳᠴᠢ ᠰᠢᠳᠤᠭᠡᠨ ᠢᠶᠠᠨ ᠲᠠᠬᠢᠵᠤ ᠲᠠᠨᠢᠬᠤ ᠦᠶᠡᠰ | ᠬᠤᠯᠪᠤᠨ ᠬᠡᠯᠡᠳᠡᠭ ᠲᠠᠭᠠᠳᠬᠠᠯ ᠵᠠᠯᠪᠠᠷᠢᠯ ᠤᠨ ᠰᠢᠨᠵᠢ ᠲᠠᠢ ᠰᠢᠯᠦᠭᠯᠡᠯ ᠢ ᠬᠡᠯᠡᠳᠡᠭ᠃ | ᠤᠷᠠᠳᠴᠤᠳ ᠴᠦ ᠨᠡᠶᠢᠲᠡ ᠤᠯᠠᠨ ᠮᠤᠩᠭᠤᠯᠴᠤᠳ ᠲᠠᠢ ᠪᠠᠨ ᠠᠳᠠᠯᠢ ᠪᠠᠷ ᠤᠯᠠᠨ ᠵᠦᠢᠯ ᠤᠨ ᠲᠠᠬᠢᠯᠭ᠎ᠠ ᠲᠠᠢ ᠪᠠᠶᠢᠳᠠᠭ᠃ ᠲᠠᠷᠤᠢ ᠮᠤᠨᠠ ᠶᠢᠨ ᠲᠠᠬᠢᠯᠭ᠎ᠠ᠂ | ᠤᠪᠤᠭᠠᠨ ᠤ ᠲᠠᠬᠢᠯᠭ᠎ᠠ᠂ ᠭᠠᠯ ᠤᠨ ᠲᠠᠬᠢᠯᠭ᠎ᠠ᠂ ᠪᠤᠯᠠᠭ ᠤᠰᠤᠨ ᠤ ᠲᠠᠬᠢᠯᠭ᠎ᠠ᠂ ᠮᠤᠳᠤᠨ ᠤ ᠲᠠᠬᠢᠯᠭ᠎ᠠ᠂ ᠲᠡᠭᠡᠳᠦᠰ ᠢᠶᠠᠨ ᠲᠠᠬᠢᠬᠤ ᠵᠡᠷᠭᠡ ᠪᠤᠯᠤᠨ᠎ᠠ᠃ | 2᠂ ᠢᠷᠦᠭᠡᠯ ᠮᠠᠭᠲᠠᠭᠠᠯ | ᠢᠷᠦᠭᠡᠯ ᠮᠠᠭᠳᠠᠭᠠᠯ ᠭᠡᠵᠤ ᠭᠤᠤᠯᠳᠠᠭᠤ ᠮᠤᠩᠭᠤᠯᠴᠤᠳ ᠤᠨ ᠵᠦᠩ ᠪᠡᠯᠭᠡ ᠲᠠᠢ ᠤᠷᠠᠨ ᠲᠦᠷᠰᠦᠯᠢᠭ ᠦᠭᠡ ᠬᠡᠯᠡᠯᠭᠡ ᠪᠠᠷ ᠰᠠᠶᠢᠨ ᠰᠠᠶᠢᠬᠠᠨ ᠢ ᠪᠡᠯᠭᠡᠳᠡᠨ | ᠵᠦᠩᠨᠡᠬᠦ ᠪᠤᠶᠤ ᠮᠠᠭᠳᠠᠨ ᠰᠠᠶᠢᠰᠢᠶᠠᠭᠰᠠᠨ ᠤᠳᠬ᠎ᠠ ᠴᠢᠭᠯᠡᠯ ᠲᠠᠢ ᠠᠮᠠᠨ ᠢᠷᠠᠭᠤ ᠨᠠᠶᠢᠷᠠᠭ ᠢ ᠭᠡᠯᠡᠳᠡᠭ᠃ ᠢᠷᠦᠭᠡᠯ ᠮᠠᠭᠳᠠᠭᠠᠯ ᠨᠢ ᠬᠤᠭᠤᠷᠤᠨᠳᠤ ᠪᠠᠨ ᠬᠠᠷᠢᠴᠠᠭ᠎ᠠ | ᠬᠤᠯᠪᠤᠭ᠎ᠠ ᠲᠠᠢ ᠮᠦᠷᠲᠡᠭᠡᠨ ᠢᠯᠭᠠᠭ᠎ᠠ ᠲᠠᠢ ᠬᠤᠶᠠᠷ ᠵᠦᠢᠯ ᠤᠨ ᠰᠢᠯᠦᠭᠯᠡᠯ ᠤᠨ ᠲᠢᠭ ᠮᠠᠶ᠋ᠢᠭ ᠪᠤᠯᠤᠨ᠎ᠠ᠃ | ᠢᠷᠦᠭᠡᠯ ᠪᠣᠯ ᠢᠷᠡᠭᠡᠳᠦᠢ ᠶᠢᠨ ᠰᠠᠶᠢᠨ ᠰᠠᠶᠢᠬᠠᠨ ᠢ ᠬᠦᠰᠡᠨ ᠡᠷᠡᠮᠡᠯᠵᠡᠵᠤ᠂ ᠪᠡᠯᠭᠡᠳᠡᠨ ᠵᠦᠩᠨᠡᠭᠰᠡᠨ ᠷᠤᠮᠠᠨᠲ᠋ᠢᠭ ᠴᠢᠭᠯᠡᠯ ᠲᠠᠢ ᠵᠤᠬᠢᠶᠠᠯ ᠪᠤᠯᠤᠨ᠎ᠠ᠃ ᠤᠷᠠᠳ | ᠲᠤ ᠡᠯ᠎ᠡ ᠵᠦᠢᠯ ᠤᠨ ᠢᠷᠦᠭᠡᠯ ᠲᠦᠭᠡᠮᠡᠯ ᠲᠡᠯᠭᠡᠷᠡᠵᠤ᠂ ᠦᠪᠡᠷᠮᠢᠴᠡ ᠤᠨᠴᠠᠯᠢᠭ ᠲᠠᠢ ᠪᠠᠶᠢᠳᠠᠭ ᠃ ᠵᠢᠱᠢᠶᠡᠯᠡᠪᠡᠯ ᠄ ︽ᠬᠤᠷᠢᠮ ᠤᠨ ᠢᠷᠦᠭᠡᠯ︾᠂ ︽ᠭᠠᠯ | ᠤᠨ ᠢᠷᠦᠭᠡᠯ︾ ᠂ ︽ᠠᠪᠠ ᠶᠢᠨ ᠢᠷᠦᠭᠡᠯ︾᠂ ︽ᠰᠠᠷᠬᠤᠳ ᠤᠨ ᠢᠷᠦᠭᠡᠯ︾᠂ ︽ᠰᠠᠭᠠᠳᠠᠭ ᠤᠨ ᠢᠷᠦᠭᠡᠯ ︾ ᠂ ︽ᠮᠤᠩᠭᠤᠯ ᠭᠡᠷ ᠤᠨ ᠢᠷᠦᠭᠡᠯ︾ ᠂ | ︽ᠢᠰᠡᠭᠡᠢ ᠶᠢᠨ ᠢᠷᠦᠭᠡᠯ︾ ᠂ ︽ᠠᠮᠠᠨ ᠬᠦᠵᠦᠬᠦᠨ ᠤ ᠢᠷᠦᠭᠡᠯ︾ ᠂ ︽ᠲᠡᠮᠡᠭᠡᠨ ᠤ ᠢᠷᠦᠭᠡᠯ︾ ᠵᠡᠷᠭᠡ ᠮᠰᠢ ᠤᠯᠠᠨ ᠢᠷᠦᠭᠡᠯ ᠲᠠᠢ ᠪᠠᠶᠢᠳᠠᠭ ᠶᠤᠮ᠃ | ᠮᠠᠭᠳᠠᠭᠠᠯ ᠪᠤᠯ ᠶᠠᠮᠠᠷ ᠨᠢᠭᠡᠨ ᠦᠢᠯᠡ ᠶᠠᠪᠤᠳᠠᠯ᠂ ᠬᠡᠷᠡᠭ ᠪᠤᠳᠠᠰ ᠢ ᠮᠠᠭᠳᠠᠵᠤ ᠪᠡᠯᠭᠡᠳᠡᠭᠰᠡᠨ ᠠᠬᠤᠶᠢᠴᠢ ᠴᠢᠭᠯᠡᠯ ᠲᠠᠢ ᠡᠷᠲᠡᠨ ᠤ ᠠᠮᠠᠨ ᠵᠤᠬᠢᠶᠠᠯ ᠤᠨ ᠨᠢᠭᠡ | ᠰᠲ᠋ᠢᠯᠢ ᠪᠤᠯᠤᠨ᠎ᠠ᠃ ᠤᠷᠠᠳ ᠲᠤ ᠨᠤᠳᠤᠭ ᠤᠰᠤ᠂ ᠮᠠᠯ ᠰᠦᠷᠦᠭ᠂ ᠡᠳ᠋ᠯᠡᠯ ᠬᠡᠷᠡᠭᠰᠡᠯ᠂ ᠪᠠᠭᠠᠳᠤᠷ ᠢᠳᠡᠳᠡᠨ ᠢ ᠮᠠᠭᠳᠠᠭᠰᠠᠨ ᠮᠠᠭᠳᠠᠭᠠᠯ ᠮᠠᠰᠢ ᠦᠷᠭᠡᠨ ᠲᠡᠯᠭᠡᠷᠡᠵᠠᠢ | ᠃ ᠵᠢᠱᠢᠶᠡᠯᠡᠪᠡᠯ᠄ ︽ᠮᠤᠷᠢᠨ ᠤ ᠮᠠᠭᠳᠠᠭᠠᠯ︾ ︽ᠪᠦᠬᠡ ᠶᠢᠨ ᠮᠠᠭᠳᠠᠭᠠᠯ︾ ︽ᠪᠤᠤᠷ᠎ᠠ ᠶᠢᠨ ᠮᠠᠭᠳᠠᠭᠠᠯ︾ ︽ᠰᠢᠨ᠎ᠡ ᠪᠡᠷᠢ ᠶᠢᠨ ᠮᠠᠭᠳᠠᠭᠠᠯ︾ ︽ᠰᠢᠨ᠎ᠡ ᠭᠡᠷ ᠤᠨ | ᠮᠠᠭᠳᠠᠭᠠᠯ︾ ︽ᠠᠭᠤᠯᠠ ᠤᠰᠤᠨ ᠤ ᠮᠠᠭᠳᠠᠭᠠᠯ︾ ᠵᠡᠷᠭᠡ ᠪᠤᠢ᠃ | ᠮᠠᠭᠳᠠᠭᠠᠯ ᠢᠶᠠᠷ ᠬᠦᠳᠡᠯᠤᠯ ᠪᠠᠷᠢᠯ᠂ ᠴᠤᠭ ᠵᠢᠪᠬᠤᠭ᠎ᠠ᠂ ᠰᠦᠷ ᠰᠦᠯᠲᠡ᠂ ᠪᠡᠶ᠎ᠡ ᠪᠠᠶᠢᠳᠠᠯ᠂ ᠡᠷᠲᠡᠮ ᠴᠢᠳᠠᠯ ᠵᠡᠷᠭᠡ ᠶᠢ ᠨᠢᠳᠤᠨ ᠳᠤ ᠦᠵᠡᠭᠳᠡᠵᠤ ᠭᠠᠷ ᠲᠤ | ᠪᠠᠷᠢᠭᠳᠠᠮ᠎ᠠ ᠮᠠᠭᠳᠠᠨ ᠰᠠᠶᠢᠰᠢᠶᠠᠬᠤ ᠪᠠᠷ ᠪᠠᠷᠠᠬᠤ ᠦᠬᠡᠢ᠂ ᠤᠶᠤᠨ ᠤᠬᠠᠭᠠᠨ᠂ ᠤᠢ ᠪᠢᠯᠢᠭ᠂ ᠠᠷᠭ᠎ᠠ ᠰᠠᠮᠪᠠᠭ᠎ᠠ ᠶᠢ ᠴᠦ ᠲᠡᠭᠡᠳᠦ ᠬᠡᠮᠵᠢᠶ᠎ᠡ ᠪᠠᠷ ᠮᠠᠭᠳᠠᠭᠰᠠᠨ | ᠪᠠᠶᠢᠳᠠᠭ᠃ | 3᠂ ᠵᠦᠢᠷ ᠰᠡᠴᠡᠨ ᠦᠭᠡ | ᠵᠦᠢᠷ ᠰᠡᠴᠡᠨ ᠦᠭᠡ ᠪᠣᠯ ᠠᠮᠢᠳᠤᠷᠠᠯ ᠦᠢᠯᠡᠳᠪᠦᠷᠢᠯᠡᠯ ᠤᠨ ᠲᠤᠷᠰᠢᠯᠭ᠎ᠠ ᠰᠤᠷᠭᠠᠮᠵᠢ᠂ ᠮᠡᠳᠡᠯᠭᠡ ᠤᠬᠠᠭᠠᠨ ᠢ ᠲᠡᠭᠡᠳᠦ ᠬᠡᠮᠵᠢᠶ᠎ᠡ ᠪᠠᠷ ᠬᠤᠷᠢᠶᠠᠩᠭᠤᠶᠢᠯᠠᠨ | ᠳ᠋ᠦᠩᠨᠡᠵᠤ ᠭᠠᠷᠭᠠᠭᠰᠠᠨ ᠬᠦᠮᠦᠰ ᠢ ᠰᠤᠶᠤᠨ ᠰᠡᠩᠬᠡᠷᠡᠭᠦᠯᠵᠤ᠂ ᠰᠤᠷᠭᠠᠨ ᠬᠦᠮᠦᠵᠢᠬᠦᠯᠬᠦ ᠪᠠ ᠢᠳᠬᠠᠨ ᠴᠡᠭᠡᠷᠯᠡᠬᠦᠯᠬᠦ ᠵᠤᠷᠢᠯᠭ᠎ᠠ ᠪᠠᠷ ᠬᠡᠷᠡᠭ ᠪᠤᠳᠠᠰ ᠤᠨ ᠤᠴᠢᠷ | ᠰᠢᠯᠳᠠᠭᠠᠨ᠂ ᠵᠦᠢ ᠲᠤᠭᠲᠠᠭᠠᠯ᠂ ᠬᠦᠮᠦᠰ ᠤᠨ ᠰᠠᠨᠠᠭ᠎ᠠ ᠪᠤᠳᠤᠯ ᠤᠨ ᠬᠠᠨᠳᠤᠰᠢ ᠴᠢᠭᠯᠡᠯ ᠢ ᠤᠷᠠᠨ ᠲᠦᠷᠰᠦᠯᠢᠭ᠂ ᠬᠠᠪᠤᠯᠢᠭ ᠤᠨᠤᠪᠴᠢᠲᠠᠢ ᠢᠯᠡᠳᠭᠡᠭᠰᠡᠨ ᠤᠬᠤᠷ | ᠠᠪᠰᠠᠷᠬᠠᠨ ᠠᠮᠠᠨ ᠢᠷᠠᠭᠤ ᠨᠠᠶᠢᠷᠠᠭ ᠢ ᠬᠡᠯᠡᠳᠡᠭ᠃ ᠵᠦᠢᠷ ᠰᠡᠴᠡᠨ ᠦᠬᠡ ᠪᠣᠯ ︽ᠵᠦᠢᠷ ᠦᠭᠡ︾᠂ ︽ᠰᠡᠴᠡᠨ ᠦᠭᠡ︾ ᠶᠢᠨ ᠬᠤᠷᠰᠢᠶ᠎ᠠ ᠦᠬᠡ ᠪᠦᠭᠡᠳ | ᠶᠡᠷᠦᠩᠬᠡᠶᠢᠯᠡᠭᠰᠡᠨ ᠴᠢᠨᠠᠷ ᠲᠠᠢ ᠨᠡᠷ᠎ᠡ ᠲᠤᠮᠢᠶ᠎ᠠ ᠪᠤᠯᠤᠨ᠎ᠠ᠃ | 4᠂ ᠶᠢᠷᠲᠢᠨᠴᠦ ᠶᠢᠨ ᠭᠤᠷᠪᠠ | ᠮᠤᠩᠭᠤᠯ ᠠᠮᠠᠨ ᠢᠷᠠᠭᠤ ᠨᠠᠶᠢᠷᠠᠭ ᠤᠨ ᠠᠶᠢᠮᠠᠭ ᠲᠤ ︽ᠶᠢᠷᠲᠢᠨᠴᠦ ᠶᠢᠨ ᠭᠤᠷᠪᠠ︾ ᠭᠡᠳᠡᠭ ᠤᠨᠴᠠᠭᠠᠢ ᠨᠢᠭᠡᠨ ᠲᠦᠷᠦᠯ ᠪᠠᠶᠢᠳᠠᠭ᠃ ︽ᠶᠢᠷᠲᠢᠨᠴᠦ ᠶᠢᠨ | ᠭᠤᠷᠪᠠ︾ ᠤᠷᠠᠳ ᠮᠤᠩᠭᠤᠯᠴᠤᠳ ᠤᠨ ᠲᠤᠮᠲᠠ ᠴᠦ ᠮᠠᠰᠢ ᠦᠷᠭᠡᠨ ᠢᠶᠠᠷ ᠲᠠᠷᠬᠠᠵᠤ᠂ ᠦᠪᠡᠷᠮᠢᠴᠡ ᠤᠨᠴᠠᠯᠢᠭ ᠲᠠᠢ ᠪᠠᠶᠢᠳᠠᠭ᠃ ᠤᠷᠠᠳ ᠤᠨ ︽ᠶᠢᠷᠲᠢᠨᠴᠦ | ᠶᠢᠨ ᠭᠤᠷᠪᠠ︾ ᠪᠠ ︽ᠶᠢᠷᠲᠢᠨᠴᠦ ᠶᠢᠨ ᠲᠦᠷᠪᠡ︾ ᠨᠢ ᠮᠡᠷᠭᠡᠨ ᠬᠡᠶᠢᠳ ᠲᠤ ᠶᠠᠪᠤᠭᠳᠠᠵᠤ ᠪᠠᠶᠢᠭᠰᠠᠨ ︽ᠴᠦᠢᠷ ᠪᠤᠯᠢᠶᠠᠯᠳᠤᠬᠤ︾ ᠠᠵᠢᠯᠯᠠᠭᠠᠨ ᠲᠠᠢ ᠰᠢᠭᠤᠳ | ᠬᠤᠯᠪᠤᠭ᠎ᠠ ᠲᠠᠢ ᠶᠤᠮ᠃ ᠵᠢᠱᠢᠶᠡᠯᠡᠪᠡᠯ᠄ | ᠠ᠄ ᠶᠠᠭᠤ ᠶᠢ ᠭᠤᠷᠪᠠᠨ ᠲᠡᠨᠡᠭ ᠭᠡᠬᠦ ᠪᠤᠢ︖ ᠭᠡᠬᠦ ᠳᠤ | ᠡ᠄ ᠡᠷᠬᠢᠮ ᠲᠡᠨᠡᠭ ᠮᠤᠷᠢ ᠪᠠᠨ ᠮᠠᠭᠳᠠᠨ᠎ᠠ | ᠲᠤᠮᠲᠠ ᠲᠡᠨᠡᠭ ᠡᠮ᠎ᠡ ᠪᠠᠨ ᠮᠠᠭᠳᠠᠨ᠎ᠠ | ᠠᠳᠠᠭ ᠲᠡᠨᠡᠭ ᠪᠡᠶ᠎ᠡ ᠪᠠᠨ ᠮᠠᠭᠳᠠᠨ᠎ᠠ ᠬᠡᠬᠦ ᠮᠡᠳᠦ ᠪᠠᠷ ᠭᠤᠷᠪᠠᠨ ᠮᠦᠷ ᠢᠶᠠᠷ ᠨᠢᠭᠡᠴᠡᠯᠡᠳᠡᠭ ᠪᠠᠶᠢᠵᠠᠢ᠃ | ᠤᠷᠠᠳ ᠲᠤ ᠲᠡᠯᠭᠡᠷᠡᠨ ᠲᠠᠷᠬᠠᠵᠤ ᠪᠠᠶᠢᠭᠰᠠᠨ ︽ᠶᠢᠷᠲᠢᠨᠴᠦ ᠶᠢᠨ ᠲᠦᠷᠪᠡ︾ ᠠᠴᠠ ᠵᠢᠱᠢᠶ᠎ᠡ ᠦᠵᠡᠪᠡᠯ ᠄ ᠶᠢᠷᠲᠢᠨᠴᠦ ᠶᠢᠨ ᠲᠦᠷᠪᠡᠨ ᠬᠦᠭᠡ | ᠬᠦᠬᠡ ᠮᠦᠩᠬᠡ ᠶᠢᠨ ᠲᠡᠭᠷᠢ ᠬᠦᠬᠡ | ᠬᠦᠷᠦᠰᠦᠳᠦ ᠲᠡᠯᠡᠭᠡᠢ ᠶᠢᠨ ᠲᠠᠯᠠᠢ ᠬᠦᠬᠡ | ᠬᠦᠮᠦᠨ ᠤ ᠬᠡᠷᠡᠭᠯᠡᠳᠡᠭ ᠨᠤᠮᠢᠨ ᠬᠦᠭᠡ | ᠬᠦᠭᠡᠭᠡᠭᠡᠳ ᠪᠠᠷᠢᠭᠳᠠᠳᠠᠭ ᠦᠬᠡᠢ ᠵᠡᠷᠭᠡᠯᠭᠡᠨ ᠬᠦᠬᠡ ᠬᠡᠬᠦ ᠮᠡᠳᠦ ᠪᠠᠷ ᠲᠦᠷᠪᠡᠨ ᠵᠦᠢᠯ ᠤᠨ ᠶᠠᠭᠤᠮ᠎ᠠ ᠦᠵᠡᠭᠳᠡᠯ ᠢ ᠠᠳᠠᠯᠢ ᠲᠦᠰᠦᠭᠡᠲᠡᠢ ᠰᠢᠨᠵᠢ ᠪᠠᠶᠢᠳᠠᠯ | ᠢᠶᠠᠷ ᠨᠢ ᠲᠦᠷᠪᠡᠨ ᠮᠦᠷ ᠲᠤ ᠨᠢᠭᠡᠳᠭᠡᠨ ᠦᠵᠡᠬᠦᠯᠵᠤ ᠪᠠᠶᠢᠳᠠᠭ᠃ | ᠬᠤᠶᠠᠷ᠂ ᠠᠮᠠᠨ ᠦᠯᠢᠭᠡᠷ | ᠠᠮᠠᠨ ᠦᠯᠢᠭᠡᠷ ᠤᠨ ᠠᠩᠬᠢ ᠳᠤ ᠰᠢᠳᠢᠳᠤ ᠦᠯᠢᠭᠡᠷ᠂ ᠲᠤᠮᠤᠭ ᠶᠠᠷᠢᠶ᠎ᠠ᠂ ᠶᠠᠪᠠᠭᠠᠨ ᠦᠯᠢᠭᠡᠷ ᠵᠡᠷᠭᠡ ᠲᠢᠭ ᠮᠠᠶ᠋ᠢᠭ ᠤᠳ ᠪᠠᠭᠳᠠᠳᠠᠭ᠃ | 1᠂ ᠲᠤᠮᠤᠭ ᠶᠠᠷᠢᠶ᠎ᠠ ᠪᠣᠯ ᠵᠤᠬᠢᠶᠠᠯ ᠤᠨ ᠲᠤᠳᠤᠷᠠᠬᠢ ᠴᠢᠬᠤᠯᠠ ᠨᠢᠭᠡ ᠲᠢᠭ ᠮᠠᠶ᠋ᠢᠭ ᠪᠤᠯᠤᠨ᠎ᠠ᠃ ᠲᠡᠷᠡ ᠨᠢ ᠲᠡᠤᠬᠡᠳᠦ ᠬᠦᠮᠦᠨ᠂ ᠲᠡᠤᠬᠡᠳᠦ ᠬᠡᠷᠡᠭ | ᠶᠠᠪᠤᠳᠠᠯ ᠪᠠ ᠭᠠᠵᠠᠷ ᠤᠷᠤᠨ ᠤ ᠦᠯᠡᠳᠡᠭᠳᠡᠯ᠂ ᠤᠷᠤᠨ ᠨᠤᠳᠤᠭ ᠤᠨ ᠢᠷᠡᠯ ᠡᠬᠦᠰᠦᠯ᠂ ᠪᠠᠶᠢᠭᠠᠯᠢ ᠶᠢᠨ ᠦᠩᠭᠡ ᠦᠵᠡᠮᠵᠢ᠂ ᠨᠡᠶᠢᠭᠡᠮ ᠤᠨ ᠵᠠᠩ ᠦᠢᠯᠡ ᠠᠴᠠ | ᠦᠨᠳᠦᠰᠦ ᠠᠪᠴᠤ ᠤᠷᠠᠨ ᠰᠠᠨᠠᠭᠠᠨ ᠤ ᠡᠬᠦᠳᠡᠨ ᠠᠴᠠ ᠤᠷᠠᠯᠢᠭᠵᠢᠭᠤᠯᠤᠨ ᠲᠠᠶᠢᠯᠪᠤᠷᠢᠯᠠᠵᠤ ᠲᠤᠭᠠᠴᠢᠭᠰᠠᠨ ᠤᠬᠤᠷ ᠠᠪᠰᠠᠷᠬᠠᠨ ᠬᠦᠤᠷᠨᠢᠯ ᠤᠨ ᠵᠤᠬᠢᠶᠠᠯ ᠪᠤᠯᠤᠨ᠎ᠠ | ᠃ ᠲᠦᠯᠦᠬᠡᠯᠡᠬᠦ ᠴᠢᠨᠠᠷᠲᠠᠢ ᠠᠴᠠ ᠲᠤᠷᠠᠳᠪᠠᠯ᠄ ︽ᠬᠠᠷᠢᠶᠠᠯᠴᠢ ᠬᠠᠷ᠎ᠠ ᠡᠮᠡᠭᠡᠨ ᠤ ᠲᠤᠮᠤᠭ︾᠂ ︽ᠬᠠᠪᠤᠳᠤ ᠬᠠᠰᠠᠷ ᠤᠨ ᠲᠤᠮᠤᠭ︾᠂ ︽ᠠᠯᠳᠠᠨ ᠬᠤᠷᠭᠤ ᠶᠢᠨ | ᠲᠤᠮᠤᠭ︾᠂ ︽ᠮᠤᠷᠢᠨ ᠭᠤᠤᠯ ᠤᠨ ᠲᠤᠮᠤᠭ︾᠂ ︽ᠨᠠᠷᠠᠨ ᠠᠭᠤᠯᠠ ᠶᠢᠨ ᠲᠤᠮᠤᠭ︾᠂ ︽︿ᠠᠯᠳᠠᠨ ᠬᠠᠭᠠᠯᠭ᠎ᠠ﹀ ᠭᠡᠳᠡᠭ ᠨᠡᠷᠡᠶᠢᠳᠤᠯ ᠤᠨ ᠲᠤᠮᠤᠭ︾ ᠵᠡᠷᠭᠡ | ᠪᠤᠢ᠃ | 2᠂ ᠶᠠᠪᠠᠭᠠᠨ ᠦᠯᠢᠭᠡᠷ ᠪᠣᠯ ᠶᠡᠭᠡ ᠲᠦᠯᠦᠪ ᠪᠤᠳᠠᠳᠤ ᠠᠮᠢᠳᠤᠷᠠᠯ ᠢᠶᠠᠷ ᠰᠠᠭᠤᠷᠢ ᠪᠤᠯᠭᠠᠵᠤ᠂ ᠰᠢᠯᠲᠠᠭᠠᠨ ᠦᠷ᠎ᠡ ᠳ᠋ᠦᠩ ᠤᠨ ᠪᠠᠷᠢᠯᠳᠤᠯᠭ᠎ᠠ ᠪᠦᠬᠦᠢ | ᠶᠠᠮᠠᠷ ᠨᠢᠭᠡᠨ ᠦᠢᠯᠡ ᠬᠡᠷᠡᠭ ᠢ ᠬᠦᠤᠷᠨᠢᠨ ᠦᠬᠦᠯᠡᠵᠤ᠂ ᠰᠠᠨᠠᠭ᠎ᠠ ᠰᠡᠳᠬᠢᠯᠭᠡ ᠪᠠᠨ ᠢᠯᠡᠳᠭᠡᠬᠦ ᠳᠤ ᠪᠠᠨ ᠬᠡᠢ ᠬᠦᠰᠡᠯ ᠢᠶᠠᠷ ᠪᠠᠭ᠎ᠠ᠂ ᠠᠬᠤᠶᠢᠴᠢ ᠰᠢᠨᠵᠢ ᠪᠠᠷ | ᠲᠤᠪᠤᠶᠢᠮ᠎ᠠ ᠦᠯᠢᠭᠡᠷ ᠤᠳ ᠪᠤᠯᠤᠨ᠎ᠠ᠃ ᠡᠬᠦᠨ ᠳᠤ ᠤᠪᠠᠳᠢᠰᠳᠤ ᠦᠯᠢᠭᠡᠷ᠂ ᠶᠤᠭᠲᠠ ᠦᠯᠢᠭᠡᠷ᠂ ᠠᠵᠤ ᠪᠠᠶᠢᠳᠠᠯ ᠤᠨ ᠦᠯᠢᠭᠡᠷ᠂ ᠱᠤᠭ ᠬᠤᠱᠤᠩ ᠦᠯᠢᠭᠡᠷ | ᠵᠡᠷᠭᠡ ᠪᠠᠭᠳᠠᠨ᠎ᠠ᠃ ᠵᠢᠱᠢᠶᠡᠯᠡᠪᠡᠯ ᠄ ︽ᠮᠦᠩᠭᠡ ᠬᠠᠷᠭᠠᠨ᠎ᠠ︾ ᠂ ︽ᠮᠢᠬᠠᠴᠢᠨ ᠬᠡᠤᠬᠡᠨ︾ ᠂ ︽ᠪᠦᠬᠡ ᠦᠷᠡᠵᠠ ᠶᠢᠨ ᠦᠯᠢᠭᠡᠷ︾ ᠂ ︽ᠶᠠᠳᠠᠭᠤ ᠬᠦᠦ | ᠪᠠ ᠪᠠᠶᠠᠨ ᠬᠦᠦ︾ ᠂ ︽ᠨᠤᠳᠤᠭ ᠤᠨ ᠮᠢᠨᠢ ᠰᠦᠯᠲᠡ — ᠴᠤᠬᠠᠦ᠋ᠨᠳᠦᠷ︾ ᠂ ︽ᠡᠭᠡᠷᠡᠩᠬᠡᠢ ᠬᠦᠮᠦᠨ ᠤ ᠦᠯᠢᠬᠡᠷ︾᠂ ︽ᠴᠢᠨ᠋ᠸ᠎ᠠ ᠤᠬᠤᠨ᠎ᠠ ᠶᠢᠨ | ᠦᠯᠢᠬᠡᠷ︾᠂ ︽ᠪᠯᠠᠮ᠎ᠠ ᠬᠤᠸᠠᠷᠠᠭ ᠤᠨ ᠰᠠᠬᠢᠯ ᠰᠠᠨᠸᠠᠷ ᠠᠯᠳᠠᠭᠰᠠᠨ ᠦᠯᠢᠬᠡᠷ︾ ᠵᠡᠷᠭᠡ ᠠᠯᠢ ᠤᠯᠠᠨ ᠦᠯᠢᠭᠡᠷ ᠪᠤᠢ᠃ | ᠭᠤᠷᠪᠠ᠂ ᠬᠠᠪᠰᠤᠷᠤᠮᠵᠢ ᠠᠮᠠᠨ ᠤᠷᠠᠯᠢᠭ | ᠬᠠᠪᠰᠤᠷᠤᠮᠵᠢ ᠠᠮᠠᠨ ᠤᠷᠠᠯᠢᠭ ᠤᠨ ᠠᠩᠭᠢ ᠳᠤ ᠲᠤᠭᠯᠠᠭᠠᠮ ᠦᠭᠡ᠂ ᠤᠨᠢᠰᠤᠭ᠎ᠠ ᠲᠠᠭᠠᠪᠤᠷᠢ᠂ ᠪᠠᠭᠠᠳᠤᠷᠯᠢᠭ ᠲᠤᠤᠯᠢ᠂ ᠠᠷᠠᠳ ᠤᠨ ᠲᠠᠭᠤᠤ᠂ | ᠬᠤᠯᠪᠤᠭ᠎ᠠ᠂ ᠬᠤᠭᠤᠷ ᠤᠨ ᠦᠯᠢᠭᠡᠷ ᠵᠡᠷᠭᠡ ᠲᠢᠭ ᠮᠠᠶ᠋ᠢᠭ ᠤᠳ ᠪᠠᠭᠳᠠᠨ᠎ᠠ᠃ | 1᠂ ᠪᠠᠭᠠᠳᠤᠷᠯᠢᠭ ᠲᠤᠤᠯᠢ﹀ ᠪᠣᠯ ᠠᠮᠠᠨ ᠵᠤᠬᠢᠶᠠᠯ ᠤᠨ ᠲᠤᠳᠤᠷ᠎ᠠ ᠴᠢᠬᠤᠯᠠ ᠪᠠᠶᠢᠷᠢ ᠶᠢ ᠡᠵᠡᠯᠡᠬᠦ ᠨᠢᠭᠡᠨ ᠲᠢᠭ ᠮᠠᠶ᠋ᠢᠭ ᠮᠥᠨ᠃ ᠲᠡᠬᠦᠨ ᠤ ᠬᠠᠮᠤᠷᠠᠭᠰᠠᠨ | ᠠᠭᠤᠯᠭ᠎ᠠ ᠨᠢ ᠪᠠᠶᠠᠯᠢᠭ᠂ ᠲᠠᠷᠬᠠᠴᠠ ᠨᠢ ᠦᠷᠭᠡᠨ᠂ ᠤᠷᠠᠯᠢᠭ ᠤᠨ ᠦᠨ᠎ᠡ ᠴᠠᠨ᠎ᠠ ᠪᠠᠷ ᠦᠨᠳᠦᠷ ᠦᠪᠡᠷᠮᠢᠴᠡ ᠤᠨᠴᠠᠯᠢᠭ ᠲᠠᠢ ᠪᠠᠶ᠎ᠠ ᠪᠠᠨ ᠲᠠᠭᠠᠭᠠᠭᠰᠡᠨᠲ᠋ᠢᠭ | ᠮᠠᠶ᠋ᠢᠭ ᠪᠤᠯᠤᠨ᠎ᠠ᠃ ᠵᠢᠱᠢᠶᠡᠯᠡᠪᠡᠯ᠄ ᠤᠷᠠᠳ ᠠᠷᠠᠳ ᠤᠨ ︽ᠨᠠᠢᠮᠠᠨ ᠨᠠᠰᠤᠲᠠᠢ ᠨᠠᠬᠢᠯᠵᠠᠨ ᠬᠠᠨ︾᠂ ︽ᠠᠯᠳᠠᠨᠱᠠᠭ᠎ᠠ ᠶᠢᠨ ᠦᠯᠢᠭᠡᠷ︾᠂ ︽ᠠᠰᠠᠷ ᠮᠡᠷᠭᠡᠨ ᠬᠠᠨ | ᠤ ᠦᠯᠢᠭᠡᠷ︾᠂ ︽ᠠᠷᠢᠶ᠎ᠠ ᠬᠦᠦ ᠶᠢᠨ ᠦᠯᠢᠭᠡᠷ︾᠂ ︽ᠡᠯᠡᠭ ᠰᠦᠮᠡᠷ︾᠂ ︽ᠠᠪᠠ ᠮᠡᠷᠭᠡᠨ︾᠂ ︽ᠠᠷᠪᠠᠨ ᠨᠠᠰᠤᠲᠠᠢ ᠠᠯ ᠮᠡᠷᠭᠡᠯᠲᠠᠢ︾ ᠬᠡᠬᠦ ᠮᠡᠳᠦ ᠶᠢᠨ | ᠲᠤᠤᠯᠢ ᠨᠢ ᠪᠦᠷ ᠡᠶᠢᠮᠦᠷᠬᠦᠦ ᠮᠠᠶ᠋ᠢᠭ ᠤᠨ ᠬᠠᠪᠰᠤᠷᠤᠮᠵᠢ ᠠᠮᠠᠨ ᠤᠷᠠᠯᠢᠭ ᠪᠤᠯᠤᠨ᠎ᠠ᠃ | 2᠂ ᠤᠨᠢᠰᠤᠭ᠎ᠠ ᠲᠠᠭᠠᠪᠤᠷᠢ | ᠤᠨᠢᠰᠤᠭ᠎ᠠ ᠲᠠᠭᠠᠪᠤᠷᠢ ᠪᠣᠯ ᠶᠠᠮᠠᠷ ᠨᠢᠭᠡᠨ ᠶᠠᠭᠤᠮ᠎ᠠ ᠦᠵᠡᠭᠳᠡᠯ ᠢ ᠦᠯᠢᠳᠭᠡᠯ ᠵᠦᠢᠷᠯᠡᠯ ᠤᠨ ᠠᠷᠭ᠎ᠠ ᠪᠠᠷ ᠲᠠᠯᠳᠠ ᠪᠢᠳᠡᠬᠦᠦ ᠨᠢᠭᠤᠴᠠᠯᠠᠨ ᠲᠦᠷᠰᠦᠯᠡᠭᠡᠳ᠂ | ᠲᠠᠭᠠᠵᠤ ᠲᠠᠶᠢᠯᠪᠤᠷᠢᠯᠠᠬᠤ ᠮᠠᠶ᠋ᠢᠭ ᠢᠶᠠᠷ ᠬᠡᠯᠡᠭᠳᠡᠬᠦ ᠪᠦᠭᠡᠳ ᠤᠶᠤᠨ ᠢ ᠲᠡᠩᠰᠡᠬᠦ ᠨᠠᠭᠠᠳᠤᠮ ᠲᠤᠭᠯᠠᠭᠠᠮ ᠤᠨ ᠰᠢᠨᠵᠢᠲᠠᠢ ᠠᠮᠠᠨ ᠵᠤᠬᠢᠶᠠᠯ ᠤᠨ ᠬᠡᠯᠪᠡᠷᠢ ᠶᠢ | ᠤᠨᠢᠰᠤᠭ᠎ᠠ ᠭᠡᠳᠡᠭ᠃ ᠲᠠᠭᠠᠪᠤᠷᠢ ᠪᠣᠯ ᠦᠪᠡᠷᠮᠢᠴᠡ ᠤᠨᠴᠠᠯᠢᠭ ᠲᠠᠢ᠂ ᠤᠬᠤᠷᠬᠠᠨ ᠬᠡᠯᠪᠡᠷᠢ ᠲᠠᠢ ᠠᠮᠠᠨ ᠵᠤᠬᠢᠶᠠᠯ ᠤᠨ ᠨᠢᠭᠡ ᠲᠦᠷᠦᠯ ᠵᠦᠢᠯ ᠪᠤᠯᠤᠨ᠎ᠠ᠃ ᠲᠡᠷᠡ | ᠨᠢ ᠮᠤᠩᠭᠤᠯᠴᠤᠳ ᠤᠨ ᠲᠤᠮᠳᠠ ᠤᠯᠠᠮᠵᠢᠯᠠᠭᠳᠠᠨ ᠲᠠᠷᠬᠠᠬᠤ ᠳᠤ ᠪᠠᠨ ᠤᠨᠢᠰᠤᠭ᠎ᠠ ᠪᠠᠷ ᠦᠵᠡᠭᠳᠡᠵᠤ ᠪᠠᠶᠢᠭᠰᠠᠨ ᠪᠤᠯᠬᠤᠷ᠂ ᠤᠳᠤ ᠪᠤᠯᠳᠠᠯ᠎ᠠ ᠲᠠᠭᠠᠪᠤᠷᠢ ᠤᠨᠢᠰᠤᠭ᠎ᠠ | ᠬᠤᠶᠠᠷ ᠢ ᠠᠳᠠᠯᠢ ᠨᠢᠬᠡ ᠶᠠᠭᠤᠮ᠎ᠠ ᠪᠠᠷ ᠦᠵᠡᠳᠡᠭ ᠦᠵᠡᠯᠲᠡ ᠪᠠᠶᠢᠭᠰᠠᠭᠠᠷ ᠪᠠᠶᠢᠨ᠎ᠠ᠃ ᠤᠷᠠᠳ ᠨᠤᠳᠤᠭ ᠲᠤ ᠲᠠᠷᠬᠠᠨ ᠲᠡᠯᠭᠡᠷᠡᠵᠤ ᠪᠠᠶᠢᠬᠤ ᠤᠨᠢᠰᠤᠭ᠎ᠠ ᠰᠠᠳᠤᠪ | ᠠᠭᠤᠯᠭ᠎ᠠ ᠶᠢᠨ ᠬᠤᠪᠢ ᠳᠤ ᠮᠠᠰᠢ ᠦᠷᠭᠡᠨ᠂ ᠠᠮᠢᠳᠤᠷᠠᠯ ᠠᠬᠤᠢ ᠶᠢᠨ ᠡᠩ ᠤᠨ ᠨᠢᠭᠡᠨ ᠡᠳ᠋ᠯᠡᠯ ᠬᠡᠷᠡᠭᠰᠡᠯ ᠠᠴᠠ ᠠᠪᠤᠭᠠᠳ ᠤᠷᠴᠢᠯᠠᠩ ᠶᠢᠷᠲᠢᠨᠴᠤ ᠶᠢᠨ ᠦᠵᠡᠭᠳᠡᠯ | ᠂ ᠲᠡᠬᠦᠨ ᠤ ᠪᠦᠳᠦᠴᠡ ᠪᠦᠷᠢᠯᠳᠦᠬᠦᠨ ᠬᠦᠷᠲᠡᠯ᠎ᠡ ᠲᠤᠰᠬᠠᠭᠳᠠᠵᠤ ᠪᠠᠶᠢᠳᠠᠭ᠃ ᠭᠤᠤᠯᠳᠠᠭᠤ ᠡᠳ᠋ ᠪᠤᠳᠠᠰ ᠤᠨ ᠤᠨᠢᠰᠤᠭ᠎ᠠ᠂ ᠬᠡᠷᠡᠭ ᠦᠵᠡᠭᠳᠡᠯ ᠤᠨ ᠤᠨᠢᠰᠤᠭ᠎ᠠ᠂ | ᠠᠳᠤᠭᠤᠰᠤ ᠠᠮᠢᠲᠠᠨ ᠤ ᠤᠨᠢᠰᠤᠭ᠎ᠠ᠂ ᠡᠪᠡᠰᠤ ᠤᠷᠭᠤᠮᠠᠯ ᠤᠨ ᠤᠨᠢᠰᠤᠭ᠎ᠠ᠂ ᠬᠦᠮᠦᠨ ᠤ ᠲᠤᠬᠠᠢ ᠤᠨᠢᠰᠤᠭ᠎ᠠ ᠬᠡᠮᠡᠨ ᠬᠤᠪᠢᠶᠠᠵᠤ ᠪᠤᠢ᠃ | ᠲᠦᠷᠪᠡ᠂ ᠪᠢᠴᠢᠭ ᠤᠨ ᠵᠤᠬᠢᠶᠠᠯ | ᠴᠢᠩ ᠤᠯᠤᠰ ᠤᠨ ᠦᠶ᠎ᠡ ᠳᠤ ᠮᠤᠩᠭᠤᠯ ᠪᠢᠴᠢᠭ ᠤᠨ ᠬᠦᠮᠦᠨ ᠶᠡᠭᠡ ᠬᠡᠮᠵᠢᠶᠡᠨ ᠤ ᠰᠢᠯᠦᠭ ᠪᠢᠴᠢᠵᠠᠢ᠃ ᠲᠡᠬᠦᠨ ᠢ ᠬᠡᠯᠪᠡᠷᠢ ᠠᠴᠠ ᠨᠢ ᠬᠤᠪᠢᠶᠠᠪᠠᠯ᠄ | ᠬᠦᠤᠷᠨᠢᠭ᠍ᠰᠡᠨ ᠰᠢᠯᠦᠭ᠂ ᠰᠢᠭᠢᠳᠭᠡᠷᠢ ᠰᠢᠯᠦᠭ᠂ ᠤᠶᠠᠩᠭ᠎ᠠ ᠶᠢᠨ ᠰᠢᠯᠦᠭ᠂ ᠰᠤᠷᠭᠠᠯ ᠰᠢᠯᠦᠭ ᠪᠤᠯᠤᠨ᠎ᠠ᠃ ᠮᠡᠷᠭᠡᠨ ᠭᠡᠭᠡᠨ ᠯᠤᠪᠰᠠᠩᠳᠠᠮᠪᠢᠵᠠᠯᠰᠠᠨ ᠤ ᠪᠢᠴᠢᠭ ᠤᠨ | ᠵᠤᠬᠢᠶᠠᠯ ᠳᠤ ᠭᠤᠤᠯᠳᠠᠭᠤ ᠵᠢᠷᠤᠮ ᠶᠤᠰᠤᠨ ᠤ ᠰᠢᠯᠦᠭ᠂ ᠰᠤᠷᠭᠠᠯ ᠰᠢᠯᠦᠭ᠂ ᠰᠢᠯᠦᠭ ᠲᠠᠭᠤᠤ ᠵᠡᠷᠭᠡ ᠪᠠᠭᠳᠠᠨ᠎ᠠ᠃ ᠬᠠᠮᠤᠭ ᠠᠴᠠ ᠨᠠᠷᠡᠳᠠᠢ ᠨᠢ ︽ᠤᠰᠤᠨ ᠪᠤᠯᠠᠭ | ᠬᠡᠮᠡᠬᠦ ᠠᠯᠳᠠᠨ ᠰᠤᠷᠭᠠᠯ︾᠂ ︽ᠵᠢᠷᠤᠮ ᠶᠤᠰᠤᠨ ᠤ ᠰᠤᠷᠭᠠᠯ︾᠂ ︽ᠮᠠᠨᠢ ᠶᠢᠨ ᠰᠤᠷᠭᠠᠯ︾᠂ ︽ᠨᠠᠭᠠᠳᠤᠮ ᠤᠨ ᠰᠢᠯᠦᠭ ᠬᠡᠮᠡᠬᠦ ᠠᠯᠳᠠᠨ ᠰᠤᠷᠭᠠᠯ︾ ᠵᠡᠷᠭᠡ ᠪᠤᠢ | ᠃ ᠮᠡᠷᠭᠡᠨ ᠭᠡᠭᠡᠨ ᠤ ︽ᠴᠡᠴᠡᠭ ᠵᠢᠮᠢᠰᠳᠤ ᠠᠭᠤᠯᠠᠨ ᠤᠷᠬᠢᠯ︾᠂ ︽ᠲᠠᠯ᠎ᠠ ᠲᠤᠭᠤᠢ ᠰᠠᠷ᠎ᠠ︾ ᠵᠡᠷᠭᠡ ᠤᠶᠠᠩᠭ᠎ᠠ ᠶᠢᠨ ᠰᠢᠯᠦᠭ ᠨᠢ ᠡᠬᠡ ᠨᠤᠳᠤᠭ ᠤᠨ ᠢᠶᠠᠨ | ᠠᠭᠤᠯᠠ ᠤᠰᠤ ᠶᠢ ᠪᠠᠭ᠋ᠠᠷᠤᠨ ᠬᠠᠶᠢᠷᠠᠯᠠᠭᠰᠠᠨ ᠰᠡᠳᠬᠢᠯᠭᠡ ᠪᠠᠨ ᠢᠯᠡᠳᠭᠡᠵᠠᠢ᠃ ᠡᠳᠡᠭᠡᠷ ᠰᠢᠯᠦᠭ ᠤᠳ ᠨᠢ ᠠᠷᠠᠳ ᠲᠦᠮᠡᠨ ᠤ ᠬᠦᠷᠢᠶᠡᠯᠡᠯ ᠢ ᠤᠯᠵᠤ᠂ ᠵᠠᠷᠢᠮ ᠨᠢ | ᠤᠷᠠᠳ ᠠᠷᠠᠳ ᠤᠨ ᠲᠠᠭᠤᠤ ᠪᠤᠯᠵᠤ ᠤᠳᠤ ᠪᠤᠯᠲᠠᠯ᠎ᠠ ᠤᠯᠠᠮᠵᠢᠯᠠᠭᠳᠠᠭᠰᠠᠭᠠᠷ ᠪᠤᠢ᠃ | ︽ ᠤᠷᠠᠳ ᠲᠡᠤᠭᠡ ᠰᠤᠶᠤᠯ︾ ︵ ᠲᠡᠭᠡᠳᠤ ᠲᠡᠪᠳᠡᠷ︶ ᠠᠴᠠ ᠪᠠᠭᠤᠯᠭᠠᠪᠠ | |