ᠤᠷᠠᠳ ᠰᠤᠶᠤᠯ ᠪᠤᠯᠪᠠᠰᠤᠷᠠᠯ  — — — ᠲᠡᠤᠬᠡ ᠪᠢᠴᠢᠯᠭᠡ
ᠨᠡᠶᠢᠲᠡᠯᠡᠭᠰᠡᠨ ᠴᠠᠭ᠄
2020/5/12
     ᠮᠤᠩᠭᠤᠯ ᠦᠨᠳᠦᠰᠦᠲᠡᠨ ᠪᠣᠯ ᠨᠢᠭᠡᠨ ᠤᠷᠳᠤ ᠤᠳᠠᠭᠠᠨ ᠲᠡᠤᠬᠡ ᠲᠠᠢ ᠦᠨᠳᠦᠰᠦᠲᠡᠨ ᠢᠶᠠᠷ ᠦᠯᠦ ᠪᠠᠷᠠᠨ ᠮᠥᠨ ᠴᠦ ᠬᠦᠨ ᠵᠤᠵᠠᠭᠠᠨ ᠲᠡᠤᠬᠡᠨ ᠤᠬᠠᠭᠠᠨ  ᠤ ᠤᠯᠠᠮᠵᠢᠯᠠᠯ ᠲᠠᠢ ᠶᠤᠮ᠃ ᠮᠤᠩᠭᠤᠯ ᠬᠦᠮᠦᠨ ᠦᠰᠦᠭ ᠪᠢᠴᠢᠭ ᠲᠠᠢ ᠪᠤᠯᠬᠤ ᠠᠴᠠ ᠡᠮᠦᠨ᠎ᠡ᠂ ᠦᠪᠡᠷ ᠤᠨ ᠤᠳᠤᠮ ᠭᠠᠷᠤᠯ᠂ ᠲᠡᠭᠡᠳᠦᠰ ᠪᠠ ᠦᠶ᠎ᠡ ᠵᠠᠯᠭᠠᠮᠵᠢ  ᠪᠠᠨ ᠲᠤᠳᠤᠷᠬᠠᠢ ᠴᠡᠭᠡᠵᠢᠯᠡᠵᠤ᠂ ᠲᠤᠤᠷᠠᠳᠤ ᠦᠶ᠎ᠡ ᠳᠤ ᠪᠠᠨ ᠲᠡᠭᠡᠳᠦᠰ ᠪᠠ ᠪᠠᠭᠠᠳᠤᠷᠯᠢᠭ ᠬᠦᠮᠦᠰ ᠢᠶᠠᠨ ᠠᠮᠠ ᠪᠠᠷ ᠤᠯᠠᠮᠵᠢᠯᠠᠵᠤ ᠦᠭᠳᠡᠭ ᠵᠠᠩᠰᠢᠯ ᠲᠠᠢ᠃ ᠡᠶᠢᠨᠬᠦ᠂ ᠤᠷᠳᠤ ᠤᠳᠠᠭᠠᠨ ᠬᠤᠭᠤᠴᠠᠭᠠᠨ ᠤ ᠲᠡᠤᠬᠡᠨ ᠬᠦᠭᠵᠢᠯᠲᠡ ᠶᠢᠨ ᠲᠤᠮᠲᠠ ᠪᠠᠨ ᠦᠪᠡᠷ ᠤᠨ ᠢᠶᠠᠨ ᠲᠡᠤᠬᠡᠨ ᠤᠬᠠᠭᠠᠨ ᠢ ᠪᠦᠷᠢᠯᠳᠦᠬᠦᠯᠤᠨ ᠬᠦᠭᠵᠢᠬᠦᠯᠵᠤ ᠢᠷᠡᠵᠠᠢ᠃ ᠴᠢᠩ ᠤᠯᠤᠰ ᠤᠨ ᠦᠶ᠎ᠡ ᠳᠤ ᠮᠤᠩᠭᠤᠯ ᠤᠨ ᠲᠡᠤᠬᠡᠨ ᠤᠬᠠᠭᠠᠨ ᠤᠷᠢᠳ ᠡᠮᠦᠨ᠎ᠡ ᠭᠠᠷᠤᠭ᠎ᠠ ᠦᠬᠡᠢ ᠬᠦᠭᠵᠢᠯᠲᠡ ᠪᠠᠨ ᠤᠯᠵᠤ᠂ ᠮᠤᠩᠭᠤᠯ ᠲᠡᠤᠬᠡᠴᠢᠨ ᠮᠤᠩᠭᠤᠯ᠂ ᠬᠢᠳᠠᠳ᠂ ᠲᠦᠪᠡᠳ ᠬᠡᠯᠡ ᠪᠠᠷ ᠮᠠᠰᠢ ᠤᠯᠠᠨ ᠲᠡᠤᠬᠡ ᠶᠢᠨ ᠨᠤᠮ ᠵᠤᠬᠢᠶᠠᠯ ᠪᠢᠴᠢᠵᠠᠢ᠃ ᠲᠡᠤᠬᠡᠨ ᠪᠢᠴᠢᠯᠭᠡ ᠨᠢ ᠲᠢᠭ ᠮᠠᠶ᠋ᠢᠭ᠂ ᠠᠭᠤᠯᠭ᠎ᠠ ᠪᠠ ᠬᠦᠤᠷᠨᠢᠨ ᠲᠤᠭᠠᠴᠢᠬᠤ ᠲᠠᠯ᠎ᠠ ᠪᠠᠷ ᠵᠤᠬᠢᠶᠠᠭᠴᠢ ᠶᠢᠨ ᠶᠢᠷᠲᠢᠨᠴᠤ ᠶᠢᠨ ᠦᠵᠡᠯᠲᠡ ᠪᠠ ᠦᠷᠳᠡᠭ ᠤᠨ ᠦᠵᠡᠯᠲᠡ ᠶᠢ ᠢᠯᠡᠷᠡᠬᠦᠯᠦᠭᠰᠡᠨ ᠪᠠᠶᠢᠳᠠᠭ᠃ ᠲᠤᠤᠷ᠎ᠠ ᠤᠷᠠᠳ ᠨᠤᠳᠤᠭ ᠲᠤ ᠢᠯᠡᠷᠡᠭᠰᠡᠨ ᠬᠡᠳᠦᠨ ᠲᠡᠤᠬᠡ ᠪᠢᠴᠢᠯᠭᠡ ᠶᠢ ᠲᠠᠨᠢᠯᠴᠠᠭᠤᠯᠤᠶ᠎ᠠ᠃       ᠨᠢᠭᠡ᠂ ︽ᠠᠯᠳᠠᠨ ᠲᠤᠪᠴᠢ︾ 黄金史       ᠮᠡᠷᠭᠡᠨ ᠭᠡᠭᠡᠨ ᠯᠤᠪᠰᠠᠩᠳᠠᠮᠪᠢᠵᠠᠯᠰᠠᠨ ᠤ ︽ᠠᠯᠳᠠᠨ ᠲᠤᠪᠴᠢ︾ 1765 ᠤᠨ ᠳᠤ ᠵᠤᠬᠢᠶᠠᠭᠳᠠᠵᠠᠢ᠃ ᠲᠡᠭᠡᠳᠦ ᠲᠤᠤᠷᠠᠳᠤ ᠬᠤᠶᠠᠷ ᠪᠤᠳᠢ ᠪᠠᠷ ᠪᠦᠷᠢᠯᠳᠦᠵᠤ᠂ ᠭᠤᠴᠢᠨ ᠭᠤᠷᠪᠠᠨ ᠪᠦᠯᠦᠭ ᠪᠤᠯᠭᠠᠨ ᠪᠢᠴᠢᠭᠰᠡᠨ ᠶᠤᠮ᠃ ᠲᠡᠬᠡᠳᠦ ᠪᠤᠳᠢ ᠳᠤ ᠪᠦᠬᠦᠳᠡ ᠠᠷᠪᠠᠨ ᠲᠠᠪᠤᠨ ᠪᠦᠯᠦᠭ ᠪᠠᠭᠳᠠᠵᠤ ᠪᠤᠢ᠃ ᠡᠨᠡ ᠪᠤᠳᠢ  ᠳᠤ ᠭᠤᠤᠯᠳᠠᠭᠤ ᠶᠢᠷᠲᠢᠨᠴᠤ ᠲᠡᠯᠡᠬᠡᠢ ᠶᠢᠨ ᠪᠦᠷᠢᠯᠳᠤᠵᠤ ᠲᠤᠭᠳᠠᠨᠢᠭᠰᠠᠨ ᠵᠢᠴᠢ ᠲᠡᠬᠦᠨ ᠠᠴᠠ ᠬᠤᠶᠢᠰᠢᠬᠢ ᠦᠶ᠎ᠡ ᠶᠢᠨ ᠡᠨᠡᠳᠬᠡᠭ᠂ ᠲᠦᠪᠡᠳ ᠤᠨ ᠲᠤᠬᠠᠢ ᠦᠯᠢᠭᠡᠷ ᠲᠤᠮᠤᠭ ᠤᠳ ᠢ ᠵᠤᠬᠢᠶᠠᠨ ᠨᠠᠶᠢᠷᠠᠭᠤᠯᠵᠤ᠂ ᠲᠠᠲᠡᠨ ᠤ ᠬᠠᠭᠠᠳ ᠨᠤᠶᠠᠳ ᠤᠨ ᠤᠳᠤᠮ ᠤᠭᠰᠠᠭ᠎ᠠ ᠶᠢ ᠵᠢᠭᠰᠠᠭᠠᠨ ᠲᠡᠮᠳᠡᠭᠯᠡᠵᠠᠢ᠃ ᠲᠤᠤᠷᠠᠳᠤ ᠪᠤᠳᠢ ᠳᠤ ᠨᠡᠶᠢᠲᠡ ᠠᠷᠪᠠᠨ ᠨᠠᠢᠮᠠᠨ ᠪᠦᠯᠦᠭ ᠪᠠᠭᠳᠠᠵᠤ ᠪᠤᠢ᠃ ᠡᠬᠦᠨ ᠳᠤ  ︿ᠲᠡᠭᠷᠢ ᠶᠢᠨ ᠬᠦᠪᠡᠬᠦᠨ﹀ ᠪᠦᠷᠳᠡᠴᠢᠨ᠋ᠸ᠎ᠠ ᠠᠴᠠ ᠡᠬᠢᠯᠡᠨ ᠁ ᠴᠢᠩᠭᠢᠰ ᠬᠠᠭᠠᠨ ᠲᠡᠮᠦᠵᠢᠨ ᠬᠠᠰᠠᠷ ᠪᠤᠭᠲᠠ ᠨᠠᠷ ᠤᠨ ᠤᠳᠤᠮ ᠤᠭᠰᠠᠭ᠎ᠠ ᠪᠤᠯᠤᠨ ᠲᠡᠲᠡᠨ ᠤ ᠠᠮᠢᠳᠤᠷᠠᠯ ᠲᠡᠮᠡᠴᠡᠯ᠂ ᠤᠨᠴᠠᠭᠠᠶᠢᠯᠠᠨ ᠮᠤᠩᠭᠤᠯ ᠤᠨ ᠤᠯᠠᠨ ᠤᠪᠤᠭ ᠠᠶᠢᠮᠠᠭ ᠤᠳ ᠢ ᠬᠤᠷᠢᠶᠠᠨ ᠨᠢᠭᠡᠳᠭᠡᠭᠰᠡᠨ ᠲᠡᠮᠡᠴᠡᠯ ᠤᠨ ᠶᠠᠪᠤᠴᠠ᠂ ᠮᠤᠩᠭᠤᠯ ᠤᠨ ᠶᠡᠭᠡ ᠬᠠᠭᠠᠨᠳᠤ ᠤᠯᠤᠰ ᠬᠢᠭᠡᠳ ᠬᠠᠷᠢ ᠵᠡᠷᠭᠡᠯᠡᠳᠡᠭᠡ ᠤᠯᠤᠰ ᠦᠨᠳᠦᠰᠦᠲᠡᠨ ᠨᠦᠭᠦᠳ ᠤᠨ ᠬᠤᠭᠤᠷᠤᠨᠳᠤᠬᠢ ᠪᠤᠯᠤᠭᠰᠠᠨ ᠤᠯᠠᠨ ᠤᠳᠠᠭᠠᠨ ᠤ ᠲᠠᠶᠢᠨ ᠲᠠᠵᠢᠨ ᠤ ᠲᠡᠤᠬᠡᠨ ᠦᠩᠭᠡᠷᠡᠯᠲᠡ ᠶᠢ ᠲᠡᠯᠭᠡᠷᠡᠩᠭᠦᠢ ᠬᠦᠤᠷᠨᠢᠵᠤ ᠲᠤᠭᠠᠴᠢᠵᠠᠢ᠃ ᠬᠤᠷᠢᠨ ᠲᠤᠯᠤᠭ᠎ᠠ ᠠᠴᠠ ᠭᠤᠴᠢᠨ ᠬᠤᠶᠠᠳᠤᠭᠠᠷ ᠬᠦᠷᠲᠡᠯᠡᠬᠢ ᠪᠦᠯᠦᠭ ᠤᠳ ᠲᠤ᠂ ᠪᠠᠳᠤᠮᠦ᠋ᠩᠬᠡ ᠲᠠᠶᠤᠨ ᠬᠠᠭᠠᠨ ᠠᠴᠠ ᠬᠤᠶᠢᠰᠢᠬᠢ ᠦᠶ᠎ᠡ ᠶᠢᠨ ᠮᠤᠩᠭᠤᠯ ᠤᠨ ᠬᠠᠭᠠᠳ ᠨᠤᠶᠠᠳ ᠤᠨ ᠤᠭᠰᠠᠭ᠎ᠠ ᠵᠠᠯᠭᠠᠮᠵᠢ᠂ ᠤᠪᠤᠭ ᠨᠡᠷ᠎ᠡ ᠵᠡᠷᠭᠡ ᠬᠡᠷᠬᠡᠮ ᠢ ᠨᠢᠭᠡᠳ ᠨᠢᠬᠡ ᠪᠠᠷ ᠲᠤᠳᠤᠷᠬᠠᠢ ᠲᠡᠮᠳᠡᠭᠯᠡᠵᠤ ᠪᠠᠶᠢᠬᠤ ᠪᠦᠭᠡᠳ ᠢᠯᠠᠩᠭᠤᠶ᠎ᠠ ᠬᠠᠪᠤᠳᠤ ᠬᠠᠰᠠᠷ ᠤᠨ ᠬᠤᠶᠢᠴᠢ ᠦᠶ᠎ᠡ  ᠶᠢᠨ ᠲᠦᠷᠦᠯ ᠤᠳᠤᠮ ᠢ ᠲᠤᠩ ᠨᠠᠷᠢᠨ ᠵᠢᠭᠰᠠᠭᠠᠭᠰᠠᠨ ᠪᠠᠶᠢᠨ᠎ᠠ᠃ ᠲᠡᠬᠦᠰᠭᠡᠯ ᠤᠨ ᠪᠦᠯᠦᠭ ᠲᠤ᠂ ᠪᠦᠬᠦ ᠵᠤᠬᠢᠶᠠᠯ ᠢᠶᠠᠨ ᠬᠤᠷᠢᠶᠠᠩᠭᠤᠶᠢᠯᠠᠨ ᠳ᠋ᠦᠩᠨᠡᠵᠤ᠂ ᠬᠦᠮᠦᠨ ᠪᠤᠯᠤᠭᠰᠠᠳ ᠤᠨ ᠠᠮᠢᠳᠤᠷᠠᠬᠤ ᠵᠦᠢ᠂ ᠶᠠᠪᠤᠬᠤ ᠶᠤᠰᠤᠨ᠂ ᠰᠠᠬᠢᠬᠤ ᠵᠡᠷᠴᠢᠮ᠂ ᠵᠢᠷᠤᠮᠯᠠᠬᠤ ᠶᠤᠰᠤᠯᠠᠯ᠂ ᠬᠦᠢᠴᠡᠳᠭᠡᠬᠦ ᠦᠢᠯᠡ᠂ ᠪᠡᠶᠡᠯᠡᠬᠦᠯᠬᠦ ᠵᠢᠷᠤᠮ ᠪᠠ ᠬᠢᠴᠢᠶᠡᠬᠦ ᠵᠦᠢᠯ᠂ ᠴᠡᠭᠡᠷᠯᠡᠬᠦ ᠤᠴᠢᠷ ᠤᠳ ᠢ ᠦᠬᠦᠯᠠᠵᠤ ᠲᠤᠰ ᠱᠠᠰᠳᠢᠷ ᠢ ᠲᠤᠭᠤᠷᠪᠢᠵᠤ ᠪᠢᠴᠢᠭᠰᠡᠨ ᠰᠠᠨᠠᠭ᠎ᠠ ᠵᠤᠷᠢᠯᠭ᠎ᠠ ᠪᠠᠨ ᠲᠠᠬᠢᠨ ᠨᠢᠭᠡ ᠤᠳᠠᠭ᠎ᠠ ᠲᠤᠰᠢᠶᠠᠨ ᠲᠤᠳᠤᠷᠬᠠᠶᠢᠯᠠᠵᠠᠢ᠃        ᠬᠤᠶᠠᠷ᠂ ︽ᠪᠤᠯᠤᠷ ᠲᠤᠯᠢ︾水晶鉴        ᠪᠤᠯᠤᠷ ᠲᠤᠯᠢ ᠶᠢᠨ ᠵᠤᠬᠢᠶᠠᠭᠴᠢ ᠪᠣᠯ ᠤᠤᠯ ᠤᠨ ᠤᠯᠠᠭᠠᠨᠴᠠᠪ ᠴᠢᠭᠤᠯᠭᠠᠨ ᠤ ᠤᠷᠠᠳ ᠤᠨ ᠲᠤᠮᠳᠠᠳᠤ ᠬᠦᠩ ᠤᠨ ᠬᠤᠰᠢᠭᠤᠨ ᠤ ᠲᠤᠶᠢᠯ ᠢ ᠬᠠᠮᠠᠭᠠᠯᠠᠭᠴᠢ ᠰᠦᠮ᠎ᠡ ︵ᠴᠠᠭᠠᠨ ᠭᠤᠤᠯ ᠤᠨ ᠰᠦᠮ᠎ᠡ︶ ᠶᠢᠨ ᠲᠡᠷᠢᠬᠦᠨ ᠪᠯᠠᠮ᠎ᠠ᠂ ᠷᠠᠪᠵᠠᠮᠪᠠ ᠬᠡᠯᠦᠩ ᠴᠤᠯᠠ ᠲᠠᠢ ᠵᠢᠮᠪᠠᠳᠤᠷᠵᠢ ᠪᠤᠯᠤᠨ᠎ᠠ᠃ ᠲᠦᠷᠦ ᠭᠡᠷᠡᠯᠳᠦ ᠶᠢᠨ ᠬᠤᠷᠢᠨ ᠵᠢᠷᠭᠤᠳᠤᠭᠠᠷ ᠤᠨ ︵ᠤᠯᠠᠭᠠᠨ ᠮᠤᠷᠢᠨ ᠵᠢᠯ︶ 1846 ᠤᠨ ᠤ ᠬᠠᠭᠤᠴᠢᠨ ᠤᠯᠠᠷᠢᠯ ᠤᠨ ᠴᠠᠭᠠᠨ ᠰᠠᠷ᠎ᠠ ᠠᠴᠠ ᠡᠬᠢᠯᠡᠨ ᠪᠢᠴᠢᠭᠡᠳ᠂ ᠲᠦᠷᠦ ᠭᠡᠷᠡᠯᠳᠦ  ᠶᠢᠨ ᠬᠤᠷᠢᠨ ᠶᠢᠰᠦᠳᠦᠭᠡᠷ ᠤᠨ ︵ᠰᠢᠷᠠᠭᠴᠢᠨ ᠲᠠᠬᠢᠶ᠎ᠠ ᠵᠢᠯ︶ 1849 ᠤᠨ ᠳᠤ ᠪᠢᠴᠢᠵᠤ ᠲᠠᠭᠤᠰᠬᠠᠭᠰᠠᠨ ᠪᠠᠶᠢᠨ᠎ᠠ᠃ ᠲᠦᠷᠦ ᠭᠡᠷᠡᠯᠳᠦ ᠶᠢᠨ ᠬᠤᠷᠢᠨ ᠶᠢᠰᠦᠳᠦᠭᠡᠷ ᠤᠨ ︵1849︶ ᠳᠤ ᠬᠡᠪᠯᠡᠬᠦᠯᠦᠭᠰᠡᠨ ᠭᠠᠷ ᠪᠢᠴᠢᠮᠡᠯ᠂ ᠲᠦᠷᠪᠡᠨ ᠪᠦᠯᠦᠭ᠂ ᠨᠠᠢᠮᠠᠨ ᠲᠠᠪᠲᠡᠷ ︵28x40︶ ᠨᠡᠶᠢᠲᠡ 586 ᠬᠠᠭᠤᠳᠠᠰᠤ᠃       ︽ᠪᠤᠯᠤᠷ ᠲᠤᠯᠢ︾ ᠶᠢᠨ ᠪᠦᠬᠦᠶᠢᠯᠡ ᠠᠭᠤᠯᠭ᠎ᠠ ᠶᠢ ᠭᠤᠷᠪᠠᠨ ᠵᠦᠢᠯ ᠳᠤ ᠬᠤᠪᠢᠶᠠᠨ ᠦᠵᠡᠵᠤ ᠪᠤᠯᠤᠨ᠎ᠠ᠃       ᠨᠢᠭᠡ ᠳᠤ᠂ ᠲᠦᠷᠪᠡᠨ ᠵᠦᠢᠯ ᠭᠠᠯᠠᠪ ᠤᠨ ᠤᠷᠤᠰᠢᠬᠤ᠂ ᠡᠪᠲᠡᠷᠡᠬᠦ᠂ ᠬᠤᠭᠤᠰᠤᠷᠠᠬᠤ᠂ ᠲᠤᠭᠲᠠᠬᠤ ᠶᠢᠨ ᠶᠤᠰᠦ︔ ᠰᠦᠮᠪᠤᠷ ᠠᠭᠤᠯᠠ ᠪᠠ ᠲᠦᠷᠪᠡᠨ ᠲᠢᠪ ᠤᠨ ᠲᠦᠷᠰᠦ ᠪᠠᠶᠢᠳᠠᠯ᠂ ᠬᠡᠮᠵᠢᠶ᠎ᠡ᠂ ᠲᠡᠭᠷᠢ ᠶᠢᠨ ᠤᠷᠤᠨ ᠤ ᠪᠠᠶᠢᠳᠠᠯ᠂ ᠲᠠᠮᠤ ᠠᠴᠠ ᠢᠨᠠᠭᠰᠢ ᠬᠦᠮᠦᠨ ᠲᠡᠷᠢᠬᠦᠳᠡᠨ ᠤ ᠤᠷᠤᠨ ᠡᠬᠢᠯᠡᠨ ᠲᠤᠭᠲᠠᠭᠰᠠᠨ ᠠᠴᠠ ᠡᠬᠢᠯᠡᠭᠡᠳ᠂ ᠪᠤᠷᠬᠠᠨ ᠱᠠᠬᠢᠮᠤᠨᠢ ᠠᠴᠠ ᠬᠤᠶᠢᠰᠢ ᠱᠠᠵᠢᠨ ᠢ ᠡᠵᠡᠯᠡᠨ ᠠᠪᠤᠭᠰᠠᠨ ᠲᠤᠯᠤᠭᠠᠨ ᠬᠤᠳᠤᠭᠲᠠᠨ ᠤ ᠨᠠᠮᠳᠠᠷ᠂ ᠲᠠᠷᠠᠭᠠᠯᠠᠨ ᠱᠠᠰᠢᠨ ᠢ ᠪᠠᠷᠢᠭᠴᠢ ᠡᠨᠡᠳᠭᠡᠭ  ᠤᠨ ᠬᠠᠳ ᠤᠨ ᠲᠤᠮᠤᠭ᠂ ᠽᠠᠨᠪᠤᠳᠢᠪ ᠤᠨ ᠬᠤᠶᠠᠷ ᠲᠡᠭᠡᠳᠦ᠂ ᠵᠢᠷᠭᠤᠭᠠᠨ ᠴᠢᠮᠡᠭ ᠪᠠ ᠨᠠᠶᠠᠨ ᠨᠢᠭᠡᠨ ᠰᠢᠳᠢ ᠲᠠᠨ ᠤ ᠨᠠᠮᠳᠠᠷ ᠤᠨ ᠤᠯᠠᠩᠬᠢ ᠶᠢ ᠪᠢᠴᠢᠭᠰᠡᠨ ᠪᠠᠶᠢᠨ᠎ᠠ       ᠬᠤᠶᠠᠷ ᠲᠤ᠂ ᠬᠢᠳᠠᠳ ᠲᠦᠪᠡᠳ ᠤᠷᠤᠨ ᠤ ᠭᠠᠵᠠᠷ ᠤᠷᠤᠨ ᠤ ᠪᠠᠶᠢᠳᠠᠯ᠂  ᠤᠯᠤᠰ ᠲᠦᠷᠦ ᠶᠢᠨ ᠪᠠᠶᠢᠳᠠᠯ᠂ ᠲᠡᠷᠢᠬᠦᠯᠦᠭᠰᠡᠨ ᠬᠠᠭᠠᠨ ᠤ ᠤᠳᠤᠮ ᠦᠶ᠎ᠡ ᠤᠯᠠᠷᠢᠯ᠂ ᠱᠠᠰᠢᠨ ᠨᠤᠮ ᠲᠡᠯᠭᠡᠷᠡᠭᠰᠡᠨ ᠶᠤᠰᠤ᠂  ᠢᠯᠠᠩᠭᠤᠶ᠎ᠠ ᠵᠤᠤ ᠶᠢᠨ ᠤᠷᠤᠨ ᠢ ᠪᠠᠶᠢᠭᠤᠯᠤᠨ ᠪᠦᠳᠦᠭᠡᠭᠰᠡᠨ ᠶᠤᠰᠤ᠂ ᠬᠤᠶᠢᠨ᠎ᠠ ᠪᠤᠶᠠᠨᠳᠤ ᠬᠠᠳ ᠨᠠᠷ ᠤᠨ ᠱᠠᠰᠢᠨ ᠠᠮᠢᠲᠠᠨ ᠢ ᠲᠤᠰᠠᠯᠠᠭᠰᠠᠨ᠂ ᠬᠢᠯᠢᠨᠴᠡ ᠬᠠᠳ ᠨᠠᠷ ᠤᠨ ᠱᠠᠰᠢᠨ ᠠᠮᠢᠲᠠᠨ ᠢ ᠬᠤᠤᠷᠯᠠᠭᠰᠠᠨ ᠲᠤᠮᠤᠭ᠂ ᠱᠠᠰᠢᠨ ᠤ ᠡᠵᠡᠨ ᠪᠯᠠᠮ᠎ᠠ ᠨᠠᠷ ᠤᠨ ᠨᠠᠮᠳᠠᠷ᠂ ᠬᠠᠮᠪᠤ ᠪᠤᠳᠢᠰᠠᠳ᠋ᠸ᠎ᠠ ᠠᠴᠠ ᠡᠬᠢᠯᠡᠨ ᠪᠠᠳᠮᠠᠰᠠᠩᠪᠤᠸ᠎ᠠ᠂ ᠵᠤᠤ ᠠᠳᠢᠱᠠ᠂ ᠽᠤᠩᠺᠡᠪᠡ ᠲᠡᠷᠢᠬᠦᠲᠡᠨ ᠤ ᠱᠠᠰᠢᠨ ᠲᠡᠯᠭᠡᠷᠡᠬᠦᠯᠦᠭᠰᠡᠨ ᠶᠤᠰᠤ ᠵᠢᠴᠢ ᠽᠤᠩᠺᠡᠪᠡ ᠶᠢᠨ ᠱᠠᠪᠢᠨᠠᠷ ᠠᠨᠤ ᠰᠢᠷ᠎ᠠ ᠶᠢᠨ ᠱᠠᠰᠢᠨ ᠢ ᠲᠡᠯᠭᠡᠷᠡᠬᠦᠯᠦᠭᠰᠡᠨ ᠶᠤᠰᠤ ᠶᠢ ᠪᠢᠴᠢᠪᠡ᠃       ᠭᠤᠷᠪᠠ ᠲᠤ᠂ ᠮᠤᠩᠭᠤᠯ ᠤᠷᠤᠨ ᠤ ᠭᠠᠵᠠᠷ ᠤᠷᠤᠨ᠂ ᠤᠯᠤᠰ ᠲᠦᠷᠦ ᠶᠢᠨ ᠪᠠᠶᠢᠳᠠᠯ᠂ ᠬᠠᠭᠠᠨ ᠤ ᠤᠭ ᠤᠳᠤᠮ ᠵᠢᠴᠢ ᠦᠶ᠎ᠡ ᠤᠯᠠᠷᠢᠯ᠂ ᠮᠤᠩᠭᠤᠯ ᠤᠷᠤᠨ᠎ᠠ ᠱᠠᠰᠢᠨ ᠲᠡᠯᠭᠡᠷᠡᠭᠰᠡᠨ ᠲᠡᠤᠬᠡ᠂ ᠮᠠᠨᠵᠤ ᠶᠢᠨ ᠨᠤᠷᠬᠠᠴᠢ ᠠᠴᠠ ᠠᠪᠤᠭᠠᠳ ᠲᠦᠷᠦ ᠭᠡᠷᠡᠯᠳᠤ ᠪᠤᠯᠳᠠᠯᠠᠬᠢ ᠮᠠᠨᠵᠤ ᠶᠢᠨ ᠬᠠᠳ ᠮᠤᠩᠭᠤᠯ ᠳᠤ ᠬᠡᠷᠡᠭᠵᠢᠬᠦᠯᠦᠭᠰᠡᠨ ᠲᠦᠷᠦ ᠶᠢᠨ ᠪᠤᠳᠤᠯᠭ᠎ᠠ ᠶᠢ ᠪᠢᠴᠢᠭᠰᠡᠨ ᠪᠠᠶᠢᠨ᠎ᠠ᠃       ᠲᠤᠰ ᠪᠢᠴᠢᠭ ᠪᠣᠯ ᠮᠤᠩᠭᠤᠯ ᠲᠡᠤᠬᠡ ᠶᠢᠨ ᠲᠤᠯᠭᠤᠷ ᠪᠢᠴᠢᠭ ᠤᠨ ᠨᠢᠭᠡ ᠪᠤᠯᠤᠨ᠎ᠠ᠃ ᠬᠤᠷᠢᠳᠤᠭᠠᠷ ᠵᠠᠭᠤᠨ ᠤ ᠡᠬᠢᠨ ᠠᠴᠠ ᠭᠠᠳᠠᠭᠠᠳᠤ ᠶᠢᠨ ᠡᠷᠳᠡᠮᠲᠡᠨ ᠨᠠᠷ ᠤᠨ ᠠᠩᠬᠠᠷᠤᠯ ᠢ ᠲᠠᠳᠠᠳᠠᠭ ᠪᠤᠯᠵᠠᠢ᠃ ᠭᠧᠷᠮᠠᠨ ᠤ ᠠᠯᠳᠠᠷᠳᠤ ᠮᠤᠩᠭᠤᠯᠴᠢ ᠡᠷᠳᠡᠮᠳᠡᠨ ᠸ᠊ ᠾᠸᠶᠢᠰᠢᠭ ︽ᠪᠤᠯᠤᠷ ᠲᠤᠯᠢ︾ ᠶᠢᠨ ᠮᠤᠩᠭᠤᠯ ᠲᠡᠤᠬᠡ ᠶᠢᠨ ᠬᠡᠰᠡᠭ  ᠢ ᠨᠡᠶᠢᠲᠡᠯᠡᠪᠡ᠃ ᠵᠦᠪᠯᠡᠯᠳᠦ ᠶᠢᠨ ᠡᠷᠳᠡᠮᠳᠡᠨ ᠺᠷᠤᠯᠢ ᠮᠥᠨ ᠮᠤᠩᠭᠤᠯ ᠲᠡᠤᠬᠡ ᠶᠢᠨ ᠬᠡᠰᠡᠭ ᠢ ᠨᠢ ᠤᠷᠤᠰ ᠬᠡᠯᠡ ᠲᠡᠭᠡᠷ᠎ᠡ ᠤᠷᠴᠢᠭᠤᠯᠵᠤ ᠨᠡᠶᠢᠲᠠᠯᠠᠪᠠ᠃      ᠦᠪᠦᠷ ᠮᠤᠩᠭᠤᠯ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠨᠤᠮ ᠤᠨ ᠰᠠᠩ ᠳᠤ ᠬᠠᠳᠠᠭᠠᠯᠠᠭᠳᠠᠵᠤ ᠪᠠᠶᠢᠭ᠎ᠠ ᠠᠳᠠᠯᠢ ᠪᠤᠰᠤ ᠭᠤᠷᠪᠠᠨ ᠶᠠᠩᠵᠤ ᠶᠢᠨ ᠭᠠᠷ ᠪᠢᠴᠢᠮᠡᠯ ︽ᠪᠤᠯᠤᠷ ᠲᠤᠯᠢ︾ ᠶᠢ ᠯᠢᠦ ᠶᠢᠨ ᠰᠥᠸᠧ ᠬᠢᠨᠠᠵᠤ ᠲᠠᠶᠢᠯᠪᠤᠷᠢᠯᠠᠭᠠᠳ 1984 ᠤᠨ ᠤ 5 ᠰᠠᠷ᠎ᠠ ᠳᠤ ᠦᠨᠳᠦᠰᠦᠲᠡᠨ ᠤ ᠬᠡᠪᠯᠡᠯ  ᠤᠨ ᠬᠤᠷᠢᠶ᠎ᠠ ᠠᠴᠠ ︽ᠮᠤᠩᠭᠤᠯ ᠲᠤᠯᠭᠤᠷ ᠪᠢᠴᠢᠭ ᠤᠨ ᠴᠤᠪᠤᠷᠠᠯ︾ ᠢᠶᠠᠷ ᠬᠡᠪᠯᠡᠪᠡ᠃     ᠭᠤᠷᠪᠠ᠂ ︽ᠰᠦᠮ᠎ᠡ ᠬᠡᠶᠢᠳ ᠤᠨ ᠲᠡᠤᠬᠡ︾      ᠤᠷᠠᠳ ᠤᠨ ᠡᠯ᠎ᠡ ᠰᠦᠮ᠎ᠡ ᠬᠡᠶᠢᠳ ᠲᠤ ᠪᠦᠷ ᠰᠦᠮ᠎ᠡ ᠬᠡᠶᠢᠳ ᠤᠨ ᠬᠦᠭᠵᠢᠯᠲᠡ ᠶᠢᠨ ᠲᠡᠮᠳᠡᠭᠯᠡᠯ ᠪᠠ ᠲᠠᠩᠰᠠ ᠬᠠᠷ᠎ᠠ ᠶᠢᠨ ᠪᠢᠴᠢᠭ ᠲᠠᠢ ᠪᠠᠶᠢᠵᠠᠢ᠃ ᠵᠢᠱᠢᠶᠡᠯᠡᠪᠡᠯ᠄ ︽ᠱᠠᠰᠢᠨ ᠢ ᠪᠠᠳᠠᠷᠠᠭᠤᠯᠤᠭᠴᠢ ᠰᠦᠮ᠎ᠡ ᠶᠢᠨ ᠲᠤᠬᠠᠢ ᠤᠴᠢᠷ ᠪᠠ ᠪᠠᠶᠠᠰᠬᠤᠯᠠᠩ ᠢ ᠬᠤᠷᠢᠶᠠᠭᠴᠢ ᠰᠦᠮ᠎ᠡ ᠶᠢᠨ ᠤᠭ ᠡᠬᠢ ᠶᠢᠨ ᠲᠡᠤᠬᠡ︾ ︵ᠮᠡᠷᠭᠡᠨ ᠰᠦᠮ᠎ᠡ ᠪᠠ ᠬᠦᠩ ᠤᠨ ᠰᠦᠮ᠎ᠡ ᠶᠢᠨ ᠲᠡᠤᠬᠡ︶ ᠪᠡᠭᠡᠵᠢᠩ ᠤᠨ ᠨᠤᠮ ᠤᠨ ᠰᠠᠩ ᠳᠤ ᠬᠠᠳᠠᠭᠠᠯᠠᠭᠳᠠᠵᠤ ᠪᠠᠶᠢᠨ᠎ᠠ᠃ ᠲᠤᠰ ᠪᠢᠴᠢᠭ ᠲᠤ ︽ᠱᠠᠰᠢᠨ ᠤ  ᠪᠠᠳᠠᠷᠠᠭᠤᠯᠤᠭᠴᠢ  ᠰᠦᠮ᠎ᠡ︾ ᠶᠢᠨ ᠨᠢᠭᠡᠳᠦᠭᠡᠷ ᠲᠦᠷᠢ ᠮᠡᠷᠭᠡᠨ ᠭᠡᠭᠡᠨ᠂ ᠬᠤᠶᠠᠳᠤᠭᠠᠷ  ᠲᠦᠷᠢ  ᠳ᠋ᠠᠨᠵᠠᠨᠵᠠᠮᠰᠤ  ᠂  ᠭᠤᠷᠪᠠᠳᠤᠭᠠᠷ  ᠲᠦᠷᠢ  ᠯᠤᠪᠰᠠᠩᠳᠠᠮᠪᠢᠵᠠᠯᠰᠠᠨ  ᠂  ᠲᠠᠪᠤᠳᠤᠭᠠᠷ  ᠲᠦᠷᠢ  ᠢᠰᠢᠴᠤᠶᠢᠮᠪᠠᠯ  ᠂   ︿ᠪᠠᠶᠠᠰᠬᠤᠯᠠᠩ ᠢ ᠬᠤᠷᠢᠶᠠᠭᠴᠢ ᠰᠦᠮ᠎ᠡ﹀ ᠶᠢᠨ ᠨᠢᠭᠡᠳᠦᠭᠡᠷ ᠲᠦᠷᠢ ᠦᠭᠯᠢᠬᠦᠨᠳᠠᠯᠠᠢ᠂ ᠬᠤᠶᠠᠳᠤᠭᠠᠷ ᠲᠦᠷᠢ ᠯᠤᠺᠠᠰᠤᠨᠵᠠᠮᠰᠤ᠂ ᠭᠤᠳᠠᠭᠠᠷ ᠲᠦᠷᠢ ᠠᠭᠸᠠᠩᠷᠠᠰᠢᠳᠤᠩᠭᠤᠷᠪ᠂ ᠲᠦᠷᠪᠡᠳᠦᠭᠡᠷ ᠲᠦᠷᠢ ᠯᠤᠪᠰᠠᠩᠵᠠᠯᠰᠠᠨ ᠮᠡᠳᠦ ᠶᠢᠨ ᠦᠶ᠎ᠡ ᠤᠯᠠᠷᠢᠭᠰᠠᠨ ᠪᠯᠠᠮ᠎ᠠ ᠪᠠ ᠬᠡᠷᠡᠭ ᠢ ᠲᠡᠮᠳᠡᠭᠯᠡᠪᠡ᠃ ᠡᠨᠡ ᠨᠢ ︽ᠮᠡᠷᠭᠡᠨ ᠬᠡᠶᠢᠳ ᠤᠨ ᠤᠭ ᠲᠡᠤᠬᠡ ᠤᠷᠤᠰᠢᠪᠠᠢ︾ ᠬᠡᠬᠦ ᠱᠠᠰᠳᠢᠷ ᠪᠢᠴᠢᠭ ᠲᠠᠢ ᠡᠬᠢ ᠨᠢᠭᠡᠳᠡᠢ ᠪᠠᠶᠢᠵᠤ ᠮᠡᠳᠡᠨ᠎ᠡ᠃ ᠬᠡᠷᠪᠡ ᠡᠬᠢ ᠨᠢᠭᠡᠲᠠᠢ ᠪᠠᠶᠢᠬᠤ ᠳᠤ ᠬᠦᠷᠪᠡᠯ ᠵᠤᠬᠢᠶᠠᠭᠴᠢ ᠨᠢ ᠤᠤᠯ ᠤᠨ ᠤᠯᠠᠭᠠᠨᠴᠠᠪ ᠤᠨ ᠴᠢᠭᠤᠯᠭᠠᠨ ᠤ ᠤᠷᠠᠳ ᠤᠨ ᠪᠠᠷᠠᠭᠤᠨ ᠬᠦᠩ ᠤᠨ ᠬᠤᠰᠢᠭᠤᠨ ᠤ ᠠᠷᠪᠠᠨ ᠲᠦᠷᠪᠡᠳᠦᠭᠡᠷ ᠦᠶ᠎ᠡ ᠶᠢᠨ ᠵᠠᠰᠠᠭ᠂ ᠤᠯᠤᠰ ᠤᠨ ᠲᠦᠰᠢᠶ᠎ᠡ ᠬᠦᠩ ᠠᠭᠰᠠᠨ  ᠭᠠᠯᠳᠠᠨᠸᠠᠩᠴᠤᠭᠳᠤᠷᠵᠢ  ᠪᠤᠯᠤᠨ᠎ᠠ  ᠃  ᠵᠤᠬᠢᠶᠠᠭᠳᠠᠭᠰᠠᠨ ᠴᠠᠭ   ᠨᠢ  1846  ᠤᠨ  ᠪᠤᠯᠤᠨ᠎ᠠ  ᠃ ᠡᠬᠦᠨ ᠠᠴᠠ ᠭᠠᠳᠠᠨ᠎ᠠ ︽ᠱᠠᠩᠳᠠ   ᠶᠢᠨ  ᠰᠦᠮ᠎ᠡ   ᠶᠢᠨ  ᠬᠤᠶᠠᠷ  ᠤᠯᠠᠭᠠᠨ  ᠲᠡᠪᠲᠡᠷ  ︾  ᠂  ︽ᠰᠢᠷᠡᠭᠡᠳᠦ  ᠰᠦᠮ᠎ᠡ   ᠶᠢᠨ  ᠲᠡᠤᠬᠡ︾  ᠂  ︽ᠲᠠᠪᠰᠠᠩ ᠤᠨ ᠰᠦᠮ᠎ᠡ ᠶᠢᠨ ᠲᠤᠪᠴᠢ ᠲᠡᠤᠬᠡ︾ ᠵᠡᠷᠭᠡ ᠪᠤᠢ᠃ ᠡᠯ᠎ᠡ ᠰᠦᠮ᠎ᠡ ᠬᠡᠶᠢᠳ ᠤᠨ  ᠲᠡᠤᠬᠡ  ᠱᠠᠰᠳᠢᠷ   ᠨᠢ  ︽ᠰᠤᠶᠤᠯ ᠤᠨ ᠶᠡᠭᠡ ᠬᠤᠪᠢᠰᠬᠠᠯ︾ ᠤᠨ ᠦᠢᠮᠡᠭᠡᠨ ᠤ ᠲᠤᠮᠲᠠ ᠰᠦᠢᠳᠴᠠᠢ᠃      ᠲᠦᠷᠪᠡ᠂ ︽ᠨᠠᠮᠲᠠᠷ ᠵᠤᠬᠢᠶᠠᠯ︾      ᠤᠷᠠᠳ ᠬᠦᠤᠰᠢ ᠪᠢᠯᠢᠬᠦᠨᠳᠠᠯᠠᠢ 1739 ᠤᠨ ᠳᠤ ︽ᠪᠤᠭᠲᠠ ᠨᠠᠶᠢᠵᠢ ᠲᠤᠶᠢᠨ ᠬᠤᠳᠤᠭᠳᠤ ᠳ᠋ᠠᠯᠠᠢ ᠮᠠᠨᠽᠤᠰᠢᠷᠢ ᠶᠢᠨ ᠳ᠋ᠤᠮᠤᠭ ᠲᠤᠳᠤᠷᠬᠠᠶᠢᠶ᠎ᠠ ᠬᠡᠶᠢᠬᠦᠯᠦᠭᠴᠢ ᠴᠢᠨᠳᠠᠮᠤᠨᠢ ᠡᠷᠢᠬᠡ ᠤᠷᠤᠰᠢᠪᠠᠢ︾ ᠬᠡᠮᠡᠬᠦ ᠠᠩᠬᠠᠳᠤᠭᠠᠷ ᠲᠦᠷᠢ ᠶᠢᠨ ᠨᠠᠶᠢᠵᠢ ᠲᠤᠶᠢᠨ ᠬᠤᠳᠤᠭᠳᠤ ᠶᠢᠨ ᠨᠠᠮᠳᠠᠷ ᠢ ᠲᠡᠮᠳᠡᠭᠯᠡᠪᠡ᠃ ᠵᠤᠬᠢᠶᠠᠭᠴᠢ ᠪᠠᠷ ᠮᠤᠩᠭᠤᠯ᠂ ᠲᠦᠪᠡᠳ ᠤᠨ ᠲᠡᠤᠬᠡ ᠪᠢᠴᠢᠯᠭᠡ ᠶᠢᠨ ᠨᠡᠶᠢᠳᠡᠯᠢᠭ ᠬᠡᠯᠪᠡᠷᠢ᠂ ᠮᠤᠩᠭᠤᠯ ᠪᠠᠭᠠᠳᠤᠷᠯᠢᠭ ᠲᠤᠤᠯᠢ ᠶᠢᠨ ᠪᠢᠴᠢᠯᠭᠡ ᠶᠢᠨ ᠠᠷᠭ᠎ᠠ ᠶᠢ ᠬᠡᠷᠡᠭᠯᠡᠨ᠂ ᠲᠡᠤᠬᠡ  ᠶᠢᠨ ᠦᠨᠡᠨ ᠢᠶᠠᠷ ᠪᠠᠷᠢᠮᠲᠠ ᠪᠤᠯᠭᠠᠨ ᠲᠤᠭᠠᠴᠢᠵᠤ᠂ ᠦᠢᠯᠡ ᠶᠠᠪᠤᠳᠠᠯ ᠢ ᠨᠢ ᠲᠤᠮᠤᠭᠴᠢᠯᠠᠨ ᠲᠦᠷᠰᠦᠯᠡᠵᠤ ᠪᠢᠴᠢᠵᠠᠢ᠃ ᠢᠩᠬᠢᠬᠦᠯᠡᠷ ᠡᠨᠡ ᠨᠢ ᠪᠤᠷᠬᠠᠨ ᠤ ᠱᠠᠰᠢᠨ  ᠤ ᠲᠡᠤᠬᠡ ᠶᠢ ᠰᠤᠳᠤᠯᠬᠤ ᠳᠤ ᠠᠰᠢᠭᠯᠠᠵᠤ ᠪᠤᠯᠬᠤ ᠨᠠᠮᠳᠠᠷ ᠤᠨ ᠵᠤᠬᠢᠶᠠᠯ ᠪᠤᠯᠤᠨ᠎ᠠ᠃ ᠡᠬᠦᠨ ᠠᠴᠠ ᠭᠠᠳᠠᠨ᠎ᠠ᠂ ᠠᠯᠳᠠᠷᠳᠤ ᠬᠦᠤᠰᠢ ᠳ᠋ᡁᠷᠮ᠎ᠠ ᠰᠠᠮᠤᠳᠠᠷ᠎ᠠ —  ᠨᠤᠮᠤᠨᠳᠠᠯᠠᠢ 1756 ᠤᠨ ᠳᠤ ︽ᠲᠡᠭᠡᠳᠦ ᠲᠦᠷᠤᠯᠬᠢᠳᠤ ᠪᠤᠭᠳᠠ ᠭᠰᠠᠨ ᠪᠢᠤ ᠲᠤᠶᠢᠨ ᠬᠤᠳᠤᠭᠳᠤ ᠸᠠᠬᠢᠰᠤᠸᠠᠷᠠ ᠰᠤᠮᠠᠲᠢ ᠱᠠ᠋ ᠨᠠ᠋ ᠡ ᠳ᠋ᡁᠤᠸᠠᠽᠢ ᠰᠠᠶᠢᠨ ᠴᠤᠭᠳᠤ ᠶᠢᠨ ᠲᠤᠯᠤᠭᠠᠢ ᠡᠷᠳᠡᠨᠢ ᠲᠡᠬᠦᠰᠦᠭᠰᠡᠨ ᠰᠦᠰᠦᠭ ᠤᠨ ᠵᠤᠯᠠ ᠭᠡᠮᠡᠭᠳᠡᠬᠦ ᠤᠷᠤᠰᠢᠪᠠᠢ︾ ᠬᠡᠮᠡᠬᠦ ᠬᠡᠳᠦᠨ ᠲᠦᠮᠡᠨ ᠦᠰᠦᠭ ᠲᠠᠢ ᠨᠠᠶᠢᠵᠢ ᠲᠤᠶᠢᠨ ᠬᠤᠳᠤᠭᠳᠤ ᠶᠢᠨ ᠬᠤᠶᠠᠳᠤᠭᠠᠷ ᠲᠦᠷᠢ ᠶᠢᠨ ᠲᠡᠤᠬᠡ ᠨᠠᠮᠳᠠᠷ ᠢ ᠪᠢᠴᠢᠵᠠᠢ᠃ ᠲᠤᠰ ᠪᠢᠴᠢᠭ ᠱᠠᠰᠳᠢᠷ ᠨᠢ ᠮᠤᠩᠭᠤᠯ ᠦᠨᠳᠦᠰᠦᠲᠡᠨ ᠤ ᠲᠡᠤᠬᠡ᠂ ᠪᠤᠷᠬᠠᠨ ᠱᠠᠰᠢᠨ ᠲᠡᠯᠭᠡᠷᠡᠭᠰᠡᠨ ᠲᠡᠤᠬᠡ ᠵᠡᠷᠭᠡ ᠶᠢ ᠰᠤᠳᠤᠯᠠᠬᠤ ᠳᠤ ᠲᠤᠩ ᠶᠡᠭᠡ ᠦᠨ᠎ᠡ ᠦᠷᠳᠡᠭ ᠲᠠᠢ ᠨᠤᠮ ᠪᠤᠯᠬᠤ ᠪᠠᠷ ᠪᠠᠷᠠᠬᠤ ᠦᠭᠡᠢ᠂ ᠤᠷᠠᠨ ᠵᠤᠬᠢᠶᠠᠯ᠂ ᠬᠡᠯᠡ ᠰᠢᠨᠵᠢᠯᠡᠯ ᠪᠠ ᠭᠤᠸ᠎ᠠ ᠰᠠᠶᠢᠬᠠᠨ ᠤ ᠲᠠᠯ᠎ᠠ ᠪᠠᠷ ᠴᠦ ᠰᠤᠨᠢᠷᠬᠠᠵᠤ ᠰᠤᠳᠤᠯᠤᠭᠤᠰᠢᠲᠠᠢ ᠴᠢᠬᠤᠯᠠ ᠨᠢᠭᠡᠨ ᠲᠤᠷᠠᠰᠬᠠᠯᠳᠤ ᠪᠢᠴᠢᠭ ᠪᠤᠯᠤᠨ᠎ᠠ᠃                     ︽ ᠤᠷᠠᠳ ᠲᠡᠤᠭᠡ ᠰᠤᠶᠤᠯ︾ ︵ ᠲᠡᠭᠡᠳᠤ ᠲᠡᠪᠳᠡᠷ︶ ᠠᠴᠠ ᠪᠠᠭᠤᠯᠭᠠᠪᠠ
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ