ᠪᠡ᠊ ᠪᠦᠭᠡ | ᠬᠠᠯᠢᠭᠤᠲᠤ ᠭᠤᠤᠯ | | ︿︿ᠬᠠᠯᠢᠭᠤᠲᠤ ᠭᠤᠤᠯ ᠤᠨ ᠠᠲᠤᠭᠤᠨ ᠤ ᠬᠢᠨᠢ | ᠶᠠᠭᠤᠨ ᠳᠤᠨᠢ ᠪᠤᠯᠪᠠ︖ ᠠ ᠭᠡ ᠭᠡ | ᠠ ᠬᠠ ᠠ ᠬᠠ ᠬᠦ᠋ | ᠬᠠᠷᠠᠬᠠᠨ ᠪᠠᠭ᠎ᠠ ᠲᠡᠬᠦᠦ ᠶᠢᠨ ᠢᠶᠠᠨ | ᠶᠠᠭᠤᠨ ᠳᠤᠨᠢ ᠪᠤᠯᠪᠠ︖ ᠠ ᠭᠡ ᠭᠡ | ᠬᠠᠯᠢᠭᠤᠲᠤ ᠭᠤᠤᠯ ᠤᠨ ᠠᠲᠤᠭᠤᠨ ᠤ | ᠬᠠᠲᠤᠷᠢᠭᠠ ᠪᠤᠯᠤᠨ ᠰᠠᠶᠢᠪᠤᠷ ᠲᠤᠨᠢ | ᠠ ᠬᠠ ᠠ ᠬᠠ ᠬᠦ᠋ | ᠬᠠᠷᠠᠬᠠᠨ ᠪᠠᠭ᠎ᠠ ᠲᠡᠬᠦᠦ ᠶᠢᠨ ᠢᠶᠠᠨ | ᠬᠠᠶᠢᠷ᠎ᠠ ᠪᠤᠯᠤᠨ ᠰᠡᠳᠬᠢᠯ ᠳᠤᠨᠢ ᠬᠦ᠋﹀﹀ ᠭᠡᠬᠦ ᠲᠠᠯᠶᠢᠭᠴᠢ ᠪᠤᠯᠤᠭᠰᠠᠨᠴᠢ᠊ ᠲᠠᠯᠠᠨᠲᠠᠢ ᠭᠤᠸᠠᠢ ᠶᠢᠨ ᠵᠤᠬᠢᠶᠠᠭᠰᠠᠨ ᠡᠨᠡᠬᠦ ᠲᠠᠭᠤᠤ ᠶᠢ ᠤᠷᠠᠳ | ᠮᠤᠩᠭᠤᠯᠴᠤᠳ ᠪᠠᠷᠤᠭ ᠪᠦᠬᠦᠨ ᠢᠶᠠᠷ ᠲᠠᠭᠤᠯᠠᠵᠤ ᠴᠢᠲᠠᠬᠤ ᠪᠠᠷ ᠪᠠᠷᠠᠬᠤ ᠦᠭᠡᠢ ᠨᠡᠶᠢᠲᠡ ᠮᠤᠩᠭᠤᠯ ᠳᠤ ᠴᠦ ᠲᠡᠯᠭᠡᠷᠡᠭᠰᠡᠨ ᠪᠠᠶᠢᠲᠠᠭ᠃ ᠬᠠᠯᠢᠭᠤᠲᠤ ᠭᠤᠤᠯ ᠨᠢ | ᠤᠷᠠᠳ ᠤᠨ ᠲᠤᠮᠲᠠᠲᠤ ᠬᠤᠰᠢᠭᠤᠨ ᠤ ᠲᠦᠪ — ᠬᠠᠯᠢᠭᠤᠲᠤ ᠪᠠᠯᠭᠠᠰᠤ ᠶᠢᠨ ᠵᠡᠬᠦᠨ ᠲᠠᠯ᠎ᠠ ᠪᠠᠷ ᠬᠤᠶᠢᠨ᠎ᠠ ᠠᠴᠠ ᠡᠮᠦᠨᠡᠰᠢ ᠤᠭᠠᠯᠵᠠᠯᠠᠨ ᠤᠷᠤᠰᠴᠤ᠂ | ᠲᠡᠯᠭᠡᠭᠰᠡᠨ ᠴᠡᠩᠭᠡᠷ ᠬᠠᠲᠠᠭ ᠰᠢᠭ᠋ ᠮᠢᠷᠡᠯᠵᠡᠨ᠂ ᠦᠷᠯᠦᠭᠡ ᠶᠢᠨ ᠨᠠᠷᠨ ᠲᠤᠰᠬᠤ ᠪᠠᠷ ᠲᠠᠨ᠎ᠠ ᠰᠤᠪᠤᠳ ᠰᠢᠭ᠋ ᠬᠢᠯᠠᠰ ᠬᠢᠯᠠᠰ ᠬᠠᠷᠠᠭᠲᠠᠨ᠎ᠠ᠃ | ᠬᠠᠯᠢᠭᠤᠲᠤ ᠭᠡᠬᠦ ᠨᠡᠷ᠎ᠡ ᠴᠤᠬᠤᠮ ᠭᠡᠵᠢᠶ᠎ᠡ ᠭᠡᠨ ᠦᠭᠬᠦᠭᠰᠡᠨ ᠢ ᠤᠲᠤ ᠳᠤ ᠮᠡᠲᠡᠬᠦ ᠬᠦᠮᠦᠨ ᠠᠯᠠᠭ᠎ᠠ ᠂ ᠬᠠᠯᠢᠭᠤᠲᠤ ᠭᠡᠬᠦ ᠨᠡᠷ᠎ᠡ ᠶᠢᠨ ᠢᠷᠡᠯᠲᠡ | ᠶᠢᠨ ᠲᠤᠬᠠᠢ ᠨᠠᠰᠤᠲᠠᠶᠢᠴᠤᠳ ᠤᠨ ᠬᠠᠭᠤᠴᠢᠯᠠᠬᠤ ᠪᠠᠷ ᠤᠤᠯ ᠨᠢ ᠡᠨᠡ ᠭᠤᠤᠯ ᠤᠨ ᠤᠷᠤᠰᠬᠠᠯ ᠨᠢ ᠦᠷᠭᠡᠨ ᠤᠰᠤ ᠨᠢ ᠲᠤᠩᠭᠠᠯᠠᠭ ᠪᠠᠶᠢᠵᠤ᠂ ᠬᠤᠶᠠᠷ ᠬᠦᠪᠡᠭᠡ | ᠪᠠᠷ ᠨᠢ ᠬᠤᠯᠤᠰᠤ ᠵᠡᠭᠡᠰᠤ ᠪᠢᠲᠡᠬᠦᠦ ᠤᠷᠭᠤᠨ᠂ ᠲᠡᠮᠡᠭᠡ ᠲᠠᠢ ᠬᠦᠮᠦᠨ ᠤᠷᠤᠬᠤ ᠳᠤ ᠦᠵᠡᠭᠲᠡᠬᠦ ᠪᠠᠨ ᠪᠤᠯᠢᠵᠤ᠂ ᠬᠤᠨ ᠭᠠᠯᠠᠭᠤ ᠂ ᠲᠤᠭᠤᠷᠤᠤ ᠂ | ᠲᠤᠭᠤᠲᠤᠭ᠂ ᠯᠠᠮᠠ ᠭᠠᠯᠠᠭᠤ᠂ ᠲᠠᠤᠯᠠᠢ᠂ ᠬᠤᠯᠠᠨ᠂ ᠵᠡᠭᠡᠷ᠎ᠡ ᠵᠡᠷᠭᠡ ᠭᠡᠭᠡᠷ᠎ᠡ ᠶᠢᠨ ᠠᠮᠢᠲᠠᠨ ᠵᠢᠬᠦᠷᠲᠡᠨ ᠰᠦᠯᠵᠢᠯᠲᠦᠨ᠂ ᠠᠲᠤᠭᠤ ᠮᠠᠯ ᠠᠯᠠᠭᠯᠠᠨ ᠪᠡᠯᠴᠢᠭᠰᠡᠨ | ᠴᠡᠩᠭᠡᠯ ᠤᠨ ᠤᠷᠤᠨ ᠪᠠᠶᠢᠭᠰᠠᠨ ᠶᠤᠮ᠃ ᠡᠨᠡ ᠭᠤᠤᠯ ᠳᠤ ᠮᠡᠯᠡᠭᠡᠢ ᠭᠤᠸᠠᠭᠯᠠᠵᠤ᠂ ᠵᠢᠭᠠᠰᠤ ᠴᠤᠯᠬᠢᠨ᠂ ᠵᠢᠷᠠᠭᠠᠬᠠᠢ ᠢᠷᠠᠯᠵᠠᠵᠦ᠂ ᠬᠠᠯᠢᠭᠤ ᠲᠤᠩ ᠤᠯᠠᠨ | ᠪᠠᠶᠢᠲᠠᠭ ᠠᠵᠠᠢ᠃ ᠲᠡᠶᠢᠮᠦ ᠳᠤ ᠪᠠᠨ ᠲᠤᠰ ᠨᠤᠲᠤᠭ ᠤᠨ ᠬᠦᠮᠦᠰ ᠬᠠᠯᠢᠭᠤ ᠲᠠᠢ ᠭᠤᠤᠯ ᠭᠡᠵᠦ ᠨᠡᠷᠡᠶᠢᠳᠴᠦ ᠪᠠᠶᠢᠭᠰᠠᠨ ᠢᠶᠠᠨ ᠠᠮᠠ ᠲᠠᠮᠵᠢᠨ ᠤᠯᠠᠷᠢᠨ | ᠬᠤᠪᠢᠷᠠᠭᠰᠠᠭᠠᠷ ᠦᠨᠦᠲᠦᠷ ᠪᠤᠯᠬᠤ ᠳᠤ ᠬᠠᠯᠢᠭᠤᠲᠤ ᠭᠤᠤᠯ ᠭᠡᠬᠦ ᠨᠡᠷ᠎ᠡ ᠲᠠᠢ ᠪᠤᠯᠤᠭᠰᠠᠨ ᠭᠡᠨ᠎ᠡ᠃ ᠡᠬᠦᠨ ᠠᠴᠠ ᠭᠠᠲᠠᠨ᠎ᠠ ᠪᠠᠰᠠ ᠡᠷᠳᠡ ᠤᠷᠢᠳᠤ ᠴᠠᠭ ᠲᠤ | ᠬᠠᠯᠢᠭᠤᠳᠤ ᠭᠤᠤᠯ ᠳᠤ ᠢᠭᠴᠤ ᠰᠠᠬᠤᠯᠢᠭ ᠬᠤᠯᠤᠰᠤ ᠤᠷᠭᠤᠨ᠂ ᠬᠤᠯᠤᠰᠤᠨ ᠰᠠᠬᠠᠯ ᠨᠢ ᠰᠠᠯᠬᠢᠨ ᠤ ᠠᠶ᠎ᠠ ᠪᠠᠷ ᠨᠠᠶᠢᠭᠤᠬᠤ ᠪᠠᠶᠢᠳᠠᠯ ᠢ ᠵᠢᠭᠠᠵᠤ ᠪᠤᠢ ᠬᠡᠨ᠎ᠡ᠃ | ᠦᠭᠡᠷ᠎ᠡ ᠨᠢᠭᠡ ᠬᠡᠯᠡᠯᠭᠡ ᠨᠢ ᠲᠤᠰ ᠨᠤᠲᠤᠭ ᠲᠤ ᠬᠠᠯᠢᠭᠤᠨ ᠠᠲᠤᠭᠤ ᠤᠯᠠᠨ ᠲᠠᠢ ᠪᠠᠶᠢᠵᠤ᠂ ᠡᠲᠡᠭᠡᠷ ᠬᠠᠯᠢᠭᠤᠨ ᠠᠲᠤᠭᠤ ᠨᠢ ᠦᠷᠬᠦᠯᠵᠢ ᠭᠤᠤᠯ ᠤᠨ ᠵᠠᠬ᠎ᠠ ᠪᠠᠷ | ᠪᠡᠯᠴᠢᠭᠡᠷᠯᠡᠨ᠂ ᠭᠤᠤᠯ ᠤᠨ ᠤᠰᠤ ᠶᠢ ᠤᠤᠭᠤᠲᠠᠭ ᠠᠴᠠ ᠬᠠᠯᠢᠭᠤᠲᠤ ᠭᠡᠰᠡᠨ ᠨᠡᠷ᠎ᠡ ᠲᠠᠢ ᠪᠤᠯᠤᠯ᠎ᠠ ᠭᠡᠲᠡᠭ᠃ ᠪᠠᠰᠠ ᠨᠢᠭᠡ ᠬᠡᠯᠡᠯᠭᠡ ᠨᠢ ᠬᠠᠢ ᠴᠢᠯᠠᠭᠤ ᠲᠠᠢ ᠭᠠᠵᠠᠷ | ᠢ ᠵᠢᠭᠠᠵᠤ ᠪᠠᠶᠢᠨ᠎ᠠ ᠭᠡᠨ᠎ᠡ᠃ | ᠮᠤᠩᠭᠤᠯᠴᠤᠳ ᠶᠡᠷᠦ ᠨᠢ ᠭᠠᠵᠠᠷ ᠤᠰᠤᠨ ᠳᠤ ᠪᠠᠨ ᠨᠡᠷ᠎ᠡ ᠦᠭᠬᠦ ᠳᠤ ᠪᠠᠨ ᠭᠠᠵᠠᠷ ᠤᠨ ᠪᠠᠶᠢᠴᠠ᠂ ᠠᠮᠢᠲᠠᠨ ᠵᠢᠬᠦᠷᠲᠡᠨ ᠤᠷᠭᠤᠮᠠᠯ ᠤᠨ ᠨᠡᠷ᠎ᠡ᠂ | ᠠᠭᠤᠷᠬᠠᠢ ᠶᠢᠨ ᠪᠤᠯᠠᠭᠲᠠᠴᠠ ᠭᠡᠬᠦ ᠵᠡᠷᠭᠡ ᠶᠢ ᠦᠨᠲᠦᠰᠦᠯᠡᠨ ᠤᠳᠬ᠎ᠠ ᠠᠭᠤᠯᠭ᠎ᠠ ᠡᠷᠡᠬᠦᠯ ᠰᠠᠷᠠᠭᠤᠯ᠂ ᠪᠡᠯᠭᠡᠲᠡᠯ ᠤᠨ ᠰᠢᠨᠵᠢ ᠲᠠᠢ ᠭᠡᠬᠦ ᠮᠡᠲᠦᠴᠢᠯᠡᠨ ᠤᠯᠠᠨ ᠵᠦᠢᠯ | ᠤᠨ ᠰᠠᠶᠢᠬᠠᠨ ᠨᠡᠷ᠎ᠡ ᠦᠭᠲᠡᠭ ᠲᠡᠤᠭᠡᠨ ᠤᠯᠠᠮᠵᠢᠯᠠᠯ ᠲᠠᠢ᠃ ᠪᠠᠶᠠᠨᠨᠠᠭᠤᠷ᠂ ᠰᠢᠯᠢ ᠶᠢᠨ ᠭᠤᠤᠯ᠂ ᠤᠯᠠᠭᠠᠨᠬᠠᠲᠠ᠂ ᠰᠢᠷᠡᠯᠵᠢ᠂ ᠤᠯᠢᠶᠠᠰᠤᠲᠠᠢ᠂ ᠪᠠᠶ᠋ᠨᠬᠠᠩᠭᠠᠢ᠂ | ᠲᠤᠭᠤᠯᠲᠠᠢ᠂ ᠰᠢᠷᠠᠴᠢᠠᠯᠭᠤ᠂ ᠴᠠᠬᠢᠭᠤᠷᠲᠤ᠂ ᠪᠤᠭᠤᠲᠤ᠂ ᠡᠵᠡᠨ ᠬᠤᠷᠤᠭ᠎ᠠ᠂ ᠭᠦᠭᠡᠨᠠᠭᠤᠷ᠂ ᠶᠤᠯᠤ ᠶᠢᠨ ᠠᠮᠠ ᠭᠡᠬᠦ ᠮᠡᠲᠦ ᠶᠢᠨ ᠤᠯᠠᠨ ᠤᠯᠠᠨ ᠰᠠᠶᠢᠬᠠᠨ ᠨᠡᠷ᠎ᠡ | ᠮᠤᠩᠭᠤᠯ ᠨᠤᠲᠤᠭ ᠲᠤ ᠬᠠᠶᠠ ᠦᠭᠡᠢ ᠪᠠᠶᠢᠲᠠᠭ᠃ ᠲᠡᠭᠷᠢ ᠪᠠᠨ ᠰᠢᠲᠦᠵᠦ᠂ ᠡᠭᠡ ᠪᠠᠶᠢᠭᠠᠯᠢ ᠳᠤ ᠪᠠᠨ ᠠᠭᠤᠰᠴᠤ᠂ ᠤᠷᠭᠤᠮᠠᠯ ᠠᠮᠢᠲᠠᠨ ᠢᠶᠠᠨ ᠬᠠᠶᠢᠷᠠᠯᠠᠭᠰᠠᠨ | ᠰᠤᠶᠤᠯ ᠭᠡᠵᠤ ᠡᠶᠢᠮᠦ ᠯᠠ ᠪᠠᠶᠢᠲᠠᠭ᠃ ᠮᠤᠩᠭᠤᠯ ᠡᠵᠢ ᠶᠢᠨ ᠦᠷ᠎ᠡ ᠨᠢ ᠪᠤᠯᠵᠤ ᠮᠤᠩᠭᠤᠯ ᠨᠤᠲᠤᠭ ᠤᠨ ᠡᠵᠡᠨ ᠨᠢ ᠪᠤᠯᠵᠤ ᠶᠠᠪᠤᠬᠤ ᠭᠡᠵᠤ ᠶᠠᠭᠤᠲᠠᠢ ᠰᠠᠶᠢᠬᠠᠨ | ᠵᠢᠷᠭᠠᠯ᠂ ᠶᠠᠮᠠᠷ ᠴᠦ ᠰᠠᠶᠢᠬᠠᠨ ᠠᠵᠠᠲᠠᠢ ᠪᠢᠯᠡ ᠳ᠋ᠠ︕ ᠡᠬᠦᠨ ᠳᠤ ᠪᠠᠨ ᠪᠢ ᠤᠯᠵᠠᠷᠬᠠᠲᠠᠭ ᠰᠠᠨ᠂ ᠤᠮᠤᠭᠰᠢᠲᠠᠭ ᠰᠠᠨ᠂ ᠤᠮᠤᠷᠬᠠᠲᠠᠭ ᠰᠠᠨ᠂ ᠤᠩᠭᠤᠨ | ᠰᠢᠲᠦᠭᠡᠨ ᠲᠠᠢ ᠤᠪᠤᠭ᠎ᠠ ᠬᠠᠶᠢᠷᠬᠠᠨ ᠳᠤ ᠨᠢ ᠡᠷᠬᠢᠬᠦ ᠲᠦᠷᠦᠯ ᠢᠶᠠᠨ ᠴᠦ ᠲᠠᠭᠠᠳᠬᠠᠲᠠᠭ ᠰᠠᠨ᠃ | ᠤᠷᠠᠳ ᠮᠤᠩᠭᠤᠯᠴᠤᠳ 1648 ᠤᠨ ᠤ ᠡᠮᠦᠨ᠎ᠡ ᠬᠤᠶᠢᠨ᠎ᠠ᠂ ᠮᠤᠨᠢ ᠠᠭᠤᠯᠠ ᠶᠢᠨ ᠭᠤᠷᠪᠠ ᠰᠦᠪᠡ ᠶᠢ ᠰᠠᠬᠢᠬᠤ ᠪᠠᠷ ᠬᠦᠯᠦᠨ ᠪᠤᠶᠢᠷ ᠠᠴᠠ ᠮᠤᠨᠢ | ᠠᠭᠤᠯᠠ ᠶᠢᠨ ᠠᠷᠤ ᠦᠪᠦᠷ ᠲᠤ ᠨᠡᠬᠦᠲᠡᠯᠯᠡᠨ ᠢᠷᠡᠵᠦ ᠨᠤᠲᠤᠭᠰᠢᠭᠰᠠᠨ ᠪᠢᠯᠡ᠃ ᠤᠷᠠᠳ ᠨᠤᠲᠤᠭ ᠨᠢ ᠡᠷᠲᠡ ᠲᠡᠭᠡᠲᠦ ᠠᠴᠠ ᠠᠪᠤᠭᠠᠳ ᠬᠤᠷ᠎ᠠ ᠪᠤᠷᠤᠭᠠᠨ ᠲᠡᠭᠰᠢ | ᠂ ᠡᠪᠡᠰᠤ ᠤᠷᠭᠤᠮᠠᠯ ᠰᠠᠬᠤᠯᠢᠭ ᠤᠷᠭᠤᠵᠤ᠂ ᠭᠤᠤᠯ ᠮᠦᠷᠡᠨ ᠠᠯᠠᠭᠠᠨ ᠵᠢᠷᠤᠭᠠᠰᠤ ᠰᠢᠭ᠋ ᠰᠦᠯᠵᠢᠯᠲᠦᠨ᠂ ᠨᠠᠭᠤᠷ ᠴᠦᠬᠦᠷᠦᠮ ᠠᠷᠠᠰᠤᠨ ᠵᠤᠲᠤᠭ ᠤᠨ ᠮᠦᠩᠬᠦᠨ | ᠲᠤᠪᠤᠷᠤᠤ ᠰᠢᠭ᠋ ᠬᠠᠶᠠ ᠦᠭᠡᠢ ᠮᠡᠯᠮᠡᠯᠵᠡᠵᠦ᠂ ᠤᠰᠤᠨ ᠤ ᠲᠤᠩᠭᠠᠯᠠᠭ᠂ ᠡᠪᠡᠰᠤᠨ ᠤ ᠰᠤᠷᠭᠤᠭ ᠢ ᠡᠷᠢᠵᠦ ᠨᠡᠬᠦᠳᠡᠯᠯᠡᠳᠡᠭ ᠨᠡᠬᠦᠲᠡᠯᠴᠢᠨ ᠦᠨᠲᠦᠰᠦᠲᠡᠨ ᠳᠤ | ᠠᠪᠴᠤ ᠭᠡᠯᠡᠪᠡᠯ ᠠᠷᠤ ᠭᠤᠪᠢ ᠶᠢᠨ ᠬᠤᠪᠢᠯᠭᠠᠨ ᠤᠷᠤᠨ ᠭᠡᠵᠤ ᠮᠡᠲᠡ᠃ ᠬᠠᠯᠢᠭᠤᠲᠤ ᠭᠤᠤᠯ ᠨᠢ ᠤᠲᠤ ᠶᠢᠨ ᠤᠷᠠᠳ ᠤᠨ ᠲᠤᠮᠲᠠᠲᠤ ᠬᠤᠰᠢᠭᠤᠨ ᠤ | ᠪᠠᠶ᠋ᠬᠠᠤᠯᠠᠭᠠᠨ ᠰᠤᠮᠤ ᠶᠢᠨ ᠰᠢᠷ᠎ᠠ ᠬᠤᠸᠠ ᠭᠡᠲᠡᠭ ᠭᠠᠵᠠᠷ ᠠᠴᠠ ᠡᠬᠢ ᠠᠪᠴᠤ᠂ ᠬᠦᠮᠦᠨ ᠠᠮᠢᠲᠠᠨ᠂ ᠡᠪᠡᠰᠤ ᠤᠷᠭᠤᠮᠠᠯ ᠢᠶᠠᠨ ᠤᠮᠲᠠᠯᠠᠨ 91 ᠺᠢᠯᠤᠮᠧᠲᠷ | ᠦᠷᠬᠦᠯᠵᠢᠯᠡᠭᠰᠡᠨ ᠪᠠᠶᠢᠲᠠᠭ ᠁ | ᠤᠷᠠᠳ ᠨᠤᠲᠤᠭ ᠨᠠᠶᠢᠷᠠᠮᠲᠠᠯ ᠢᠶᠠᠷ ᠴᠢᠯᠦᠭᠡᠯᠡᠭᠲᠡᠬᠦ ᠦᠶ᠎ᠡ᠂ ᠤᠷᠠᠳ ᠤᠨ ᠲᠤᠮᠲᠠᠲᠤ ᠬᠤᠰᠢᠭᠤᠨ ᠤ ᠵᠠᠰᠠᠭ ᠤᠨ ᠤᠷᠲᠤᠨ ᠨᠢ ᠤᠲᠤ ᠶᠢᠨ | ᠬᠤᠯᠤᠰᠤᠲᠠᠢ ᠰᠤᠮᠤᠨ ᠤ ᠪᠤᠮᠪᠠᠲᠠᠢ ᠭᠡᠲᠡᠭ ᠭᠠᠵᠠᠷ ᠪᠠᠶᠢᠭᠰᠠᠨ ᠪᠢᠯᠡ᠃ ᠲᠤᠰ ᠨᠤᠲᠤᠭ ᠨᠢ ᠵᠠᠮ ᠬᠠᠷᠢᠯᠴᠠᠭ᠎ᠠ ᠪᠤᠶᠢᠲᠠ ᠪᠦᠭᠯᠡᠬᠦᠦ᠂ ᠨᠠᠰᠢ ᠴᠠᠰᠢ ᠶᠠᠪᠤᠬᠤ ᠳᠤ | ᠲᠤᠩ ᠲᠦᠬᠦᠮ ᠦᠭᠡᠢ ᠲᠤᠯᠠ ᠤᠨᠲᠤᠤ ᠭᠠᠵᠠᠷ ᠰᠤᠩᠭᠤᠨ ᠬᠤᠰᠢᠭᠤᠨ ᠲᠦᠪ ᠢᠶᠠᠨ ᠰᠢᠯᠵᠢᠬᠦᠯᠬᠦ ᠴᠢᠬᠤᠯᠠ ᠲᠠᠢ ᠪᠤᠯᠵᠠᠢ᠃ ᠢᠩᠬᠢᠭᠡᠳ ᠤᠲᠤ ᠶᠢᠨ ᠤᠩᠭᠤᠨ | ᠰᠤᠮᠤᠨ ᠤ ᠡᠮᠦᠨ᠎ᠡ ᠲᠠᠯ᠎ᠠ ᠳᠤ ᠪᠠᠶᠢᠭ᠎ᠠ ᠪᠢᠴᠢᠭᠲᠦ ᠶᠢᠨ ᠲᠠᠯ᠎ᠠ ᠡᠷᠭᠡ ᠪᠠᠷᠢᠭᠴᠢᠳ ᠤᠨ ᠬᠠᠷᠠᠭᠠᠨ ᠳᠤ ᠤᠷᠤᠭᠰᠠᠨ ᠪᠠᠶᠢᠨ᠎ᠠ᠃ ᠲᠤᠰ ᠭᠠᠵᠠᠷ ᠬᠤᠶᠢᠨ᠎ᠠ ᠲᠠᠯ᠎ᠠ ᠪᠠᠷ | ᠢᠶᠠᠨ ᠠᠭᠤᠯᠠ ᠲᠠᠢ᠂ ᠲᠠᠯ᠎ᠠ ᠨᠢ ᠲᠡᠯᠭᠡᠭᠰᠡᠨ ᠴᠠᠭᠠᠰᠤ ᠰᠢᠭ᠋ ᠲᠡᠪ ᠲᠡᠭᠰᠢᠭᠡᠨ ᠪᠠᠶᠢᠭᠰᠠᠨ ᠴᠦ ᠤᠰᠤ ᠮᠠᠭᠤᠲᠠᠢ ᠠᠴᠠ ᠪᠤᠯᠵᠤ ᠵᠡᠬᠦᠨᠰᠢᠯᠡᠭᠡᠳ ᠤᠲᠤ ᠶᠢᠨ | ᠲᠤᠭᠤᠯᠲᠠᠢ ᠶᠢᠨ ᠲᠠᠯ᠎ᠠ ᠳᠤ ᠢᠷᠡᠵᠦ ᠦᠵᠡᠯ᠎ᠡ᠃ ᠲᠤᠭᠤᠯᠲᠠᠢ ᠶᠢᠨ ᠲᠠᠯ᠎ᠠ ᠨᠢ ᠠᠭᠤᠵᠢᠮ ᠲᠡᠨᠢᠭᠡᠷ ᠪᠠᠶᠢᠵᠤ᠂ ᠬᠠᠯᠢᠭᠤᠲᠤ ᠶᠢᠨ ᠭᠤᠤᠯ ᠵᠡᠬᠦᠨ ᠵᠠᠬ᠎ᠠ ᠪᠠᠷ ᠨᠢ | ᠮᠤᠷᠤᠶᠢᠯᠵᠢᠨ ᠤᠷᠤᠰᠴᠤ᠂ ᠡᠮᠦᠨᠡᠰᠢ ᠪᠤᠷᠤᠲᠤᠬᠤᠢ ᠶᠢᠨ ᠲᠠᠯ᠎ᠠ ᠠᠴᠠ ᠤᠶᠢᠷ᠎ᠠ ᠪᠠᠶᠢᠲᠠᠭ ᠢᠶᠠᠷ ᠬᠤᠰᠢᠭᠤᠨ ᠲᠦᠪ ᠢᠶᠠᠨ ᠠᠲᠡ ᠪᠠᠶᠢᠷᠢᠯᠠᠭᠤᠯᠬᠤ ᠳᠤ ᠰᠠᠨᠠᠭᠠᠨ ᠳᠤ | ᠨᠡᠶᠢᠴᠡᠮᠠ ᠰᠠᠶᠢᠬᠠᠨ ᠭᠠᠵᠠᠷ ᠪᠢᠯᠡ᠃ ᠤᠯᠤᠰ ᠪᠠᠶᠢᠭᠤᠯᠤᠭᠲᠠᠭᠠᠳ ᠤᠲᠠᠭ᠎ᠠ ᠦᠭᠡᠢ ᠪᠠᠶᠢᠭᠰᠠᠨ ᠤᠨ ᠵᠢᠯ ᠤᠳ ᠲᠤ᠂ ᠨᠡᠶᠢᠭᠡᠮ ᠤᠨ ᠪᠠᠶᠢᠲᠠᠯ ᠤᠷᠪᠠᠭᠠᠨ | ᠬᠦᠷᠪᠡᠭᠡᠨ ᠲᠠᠢ ᠪᠠᠶᠢᠵᠤ᠂ ᠲᠦᠮᠡᠨ ᠤ ᠰᠡᠳᠬᠢᠯ ᠲᠤᠭᠲᠠᠪᠤᠷᠢᠵᠢᠭᠠ ᠦᠭᠡᠢ ᠪᠠᠶᠢᠭᠰᠠᠨ ᠤ ᠬᠠᠷᠠᠭ᠎ᠠ ᠪᠠᠷ ᠡᠨᠡ ᠨᠤᠲᠤᠭ ᠨᠢ ᠭᠡᠲᠦᠢ ᠰᠠᠨᠠᠭᠠᠨ ᠳᠤ ᠨᠡᠶᠢᠴᠡᠵᠦ | ᠪᠠᠶᠢᠭᠰᠠᠨ ᠴᠦ ︿︿ᠲᠠᠶᠢᠰᠤᠨ ᠡᠲᠡᠭᠡᠳ﹀﹀ ᠲᠤ ᠠᠷᠠᠢ ᠢᠯᠡ ᠪᠠᠶᠢᠪᠠ᠃ ᠢᠩᠭᠢᠭᠡᠳ ᠬᠤᠶᠢᠰᠢ ᠨᠢ ᠲᠡᠬᠢᠨ ᠠᠷᠪᠠ ᠭᠠᠷᠤᠢ ᠭᠠᠵᠠᠷ ᠤᠬᠤᠷᠢᠨ᠂ ᠤᠲᠤ ᠶᠢᠨ | ᠬᠠᠯᠢᠭᠤᠲᠤ ᠶᠢᠨ ᠬᠤᠲᠤᠭᠤᠷ ᠲᠤ ᠰᠢᠯᠵᠢᠬᠦᠯᠦᠭᠰᠡᠨ ᠭᠡᠵᠤ ᠬᠤᠰᠢᠭᠤ ᠪᠠᠶᠢᠭᠤᠯᠬᠤ ᠳᠤ ᠤᠷᠤᠯᠴᠠᠵᠤ ᠪᠠᠶᠢᠭᠰᠠᠨ ᠪᠤᠷᠬᠠᠨ ᠪᠤᠯᠤᠭᠰᠠᠨ ᠨᠠᠭ᠎ᠠ ᠠᠪᠤ ᠮᠢᠨᠢ ᠨᠠᠲᠠ ᠶᠢ | ᠪᠠᠭ᠎ᠠ ᠪᠠᠶᠢᠬᠤ ᠳᠤ ᠶᠠᠷᠢᠵᠦ ᠪᠠᠶᠢᠭᠰᠠᠨ ᠰᠠᠨ᠃ ᠭᠠᠲᠠᠨ᠎ᠠ ᠶᠢᠨ ᠬᠦᠮᠦᠨ ᠳᠤ ᠶᠤᠮ ᠪᠤᠯ ᠠᠲᠡ ᠪᠠᠰᠠ ᠡᠶᠢᠮᠤ ᠭᠠᠵᠠᠷ ᠪᠠᠶᠢᠨ᠎ᠠ ᠭᠡᠰᠡᠨ ᠢ ᠮᠡᠲᠡᠬᠦ ᠪᠠᠷ ᠦᠭᠡᠢ | ᠪᠢᠲᠡᠬᠦᠦ ᠲᠡᠷᠡᠰᠤ ᠲᠠᠢ ︿︿ᠨᠢᠭᠤᠴᠠᠬᠠᠢ﹀﹀ ᠬᠤᠲᠤᠭᠤᠷ ᠪᠢᠯᠡ᠃ ᠬᠠᠯᠢᠭᠤᠲᠤ ᠭᠤᠤᠯ ᠤᠨ ᠪᠠᠷᠠᠭᠤᠨ ᠲᠠᠨᠵᠢ ᠭᠡᠵᠤ ᠬᠤᠶᠢᠭᠤᠷ ᠢᠶᠠᠨ ᠬᠠᠷ᠎ᠠ ᠤᠪᠤᠭ᠎ᠠ ᠠᠭᠤᠯᠠᠨ ᠤ | ᠬᠤᠷᠮᠤᠢ ᠳᠤ ᠬᠦᠷᠴᠤ᠂ ᠵᠡᠬᠦᠨᠰᠢ ᠪᠠᠷᠠᠭᠤᠨᠰᠢ ᠪᠠᠨ 2.8 ᠺᠢᠯᠤᠮᠧᠲᠷ ᠦᠷᠭᠡᠨ᠂ ᠡᠮᠤᠨᠡᠰᠢ ᠤᠮᠠᠷᠠᠰᠢ ᠪᠠᠨ 3 ᠺᠢᠯᠤᠮᠧᠲᠷ ᠤᠷᠳᠤ ᠪᠠᠶᠢᠵᠤ᠂ ᠪᠠᠷᠠᠭᠤᠨ ᠬᠤᠶᠢᠳᠤ | ᠲᠠᠯ᠎ᠠ ᠨᠢ ᠦᠨᠳᠤᠷ᠂ ᠵᠡᠬᠦᠨ ᠡᠮᠤᠨ᠎ᠡ ᠨᠢ ᠲᠤᠤᠷ᠎ᠠ᠂ ᠳᠡᠪᠢᠬᠦᠷ ᠤᠨ ᠬᠡᠯᠪᠡᠷᠢ ᠲᠠᠢ᠂ ᠨᠠᠯᠠᠤ ᠶᠢᠨ ᠬᠡᠮᠵᠢᠶ᠎ᠡ ᠨᠢ 12‰᠂ ᠲᠠᠯᠠᠢ ᠶᠢᠨ ᠲᠦᠪᠰᠢᠨ ᠠᠴᠠ ᠳᠡᠭᠡᠭᠰᠢ | ᠡᠷᠭᠦᠭᠳᠡᠴᠡ ᠨᠢ 1260 —1300 ᠮᠧᠲᠷ ᠲᠤ ᠪᠠᠶᠢᠵᠤ᠂ ᠳᠤᠮᠳᠠᠴᠢ ᠦᠨᠳᠤᠷ ᠨᠢ 1288.2 ᠮᠧᠲᠷ ᠪᠠᠶᠢᠳᠠᠭ᠃ | ᠨᠠᠮᠵᠢᠭᠤᠬᠠᠨ ᠤᠷᠤᠰᠬᠤ ᠬᠠᠯᠢᠭᠤᠲᠤ ᠭᠤᠤᠯ ᠳᠤᠨᠢ ᠤᠮᠲᠠᠯᠠᠭᠲᠠᠵᠤ | ᠨᠠᠬᠢᠯᠵᠠᠨ ᠱᠤᠤᠬᠢᠬᠤ ᠰᠢᠷᠭᠠᠯ ᠲᠡᠷᠡᠰᠦᠨ ᠳᠤᠨᠢ ᠢᠯᠪᠢᠬᠦᠯᠵᠦ | ᠦᠷ ᠤᠨ ᠰᠤᠪᠤᠷᠠᠬᠤ ᠭᠡᠭᠡ ᠪᠠᠷ ᠲᠤᠭᠤᠯ ᠢᠶᠠᠨ ᠲᠡᠲᠡᠵᠦ ᠦᠨᠢᠶ᠎ᠡ ᠪᠠᠨ ᠢᠪᠢᠯᠦᠬᠦᠯᠦᠭᠰᠡᠨ | ᠦᠲᠡᠰᠢ ᠶᠢᠨ ᠲᠠᠰᠤᠷᠠᠬᠤ ᠪᠦᠷᠦᠢ ᠪᠠᠷ ᠮᠠᠯ ᠢᠶᠠᠨ ᠬᠤᠲᠠᠯᠠᠵᠤ ᠬᠦᠯ ᠢᠶᠠᠨ ᠠᠮᠠᠷᠠᠭᠠᠭᠰᠠᠨ ᠬᠤᠶᠠᠷ ᠭᠤᠷᠪᠠᠭ᠋ᠠᠨ ᠮᠠᠯᠴᠢᠨ ᠠᠶᠢᠯ ᠦᠭᠡᠬᠦᠨ ᠴᠠᠭᠠᠨ | ᠮᠤᠩᠭᠤᠯ ᠭᠡᠷ ᠲᠠᠢ ᠪᠠᠨ ᠠᠲᠡ ᠰᠠᠭᠤᠵᠤ ᠪᠠᠶᠢᠭᠰᠠᠨ ᠪᠢᠯᠡ᠃ | 1951 ᠤᠨ᠂ ᠬᠠᠪᠤᠷ ᠤᠨ ᠨᠠᠷᠠᠨ ᠤ ᠬᠠᠯᠠᠭᠤᠨ ᠢᠯᠴᠢᠨ ᠳᠤ ᠬᠦᠷᠰᠢᠭᠰᠡᠨ ᠴᠠᠰᠤ ᠤᠶᠠᠷᠠᠨ ᠬᠠᠶᠢᠯᠵᠤ᠂ ᠭᠤᠤ ᠵᠢᠯᠠᠭ᠎ᠠ ᠪᠠᠷ ᠬᠠᠭᠲᠠ ᠴᠤᠭᠤᠯᠵᠤ | ᠨᠢᠯᠬ᠎ᠠ ᠨᠤᠭᠤᠭ᠎ᠠ ᠴᠤᠬᠤᠯᠵᠠᠨ᠂ ᠮᠠᠯᠴᠢᠳ ᠲᠦᠯ ᠲᠤᠰᠤᠭᠠᠳ ᠶᠠᠭᠠᠷᠠᠯᠲᠤᠨ᠎ᠠ᠃ ᠤᠯᠤᠰ ᠪᠠᠶᠢᠭᠤᠯᠤᠭᠲᠠᠭᠠᠳ ᠬᠠᠷᠠᠬᠠᠨ ᠤᠲᠠᠭᠠᠲᠤᠢ ᠤᠴᠢᠷ ᠤᠷᠠᠳ ᠨᠤᠲᠤᠭ | ᠢᠶᠠᠷ ᠬᠤᠪᠴᠠᠰᠤ ᠵᠠᠰᠠᠯ ᠨᠢ ᠡᠲᠡᠭᠡᠳ ᠤᠨᠲᠤᠤ ᠱᠠᠯ ᠲᠠᠨᠢᠬᠤ ᠦᠭᠡᠢ ᠵᠢᠰᠤ ᠪᠤᠷᠤᠭᠤ ᠬᠦᠮᠦᠰ ᠬᠠᠶᠠ ᠶᠠᠪᠤᠬᠤ ᠲᠠᠭᠠᠷᠠᠯᠲᠤᠲᠠᠭ ᠴᠦ ᠶᠠᠮᠠᠷ ᠬᠦᠮᠦᠨ ᠶᠠᠭᠤ ᠭᠡᠵᠤ | ᠶᠠᠪᠤᠭ᠎ᠠ ᠶᠢ ᠮᠡᠲᠡᠲᠡᠭ ᠦᠭᠡᠢ ᠪᠠᠶᠢᠯ᠎ᠠ᠃ ᠬᠠᠪᠤᠷ ᠤᠨ ᠠᠭᠤᠷ ᠤᠷᠤᠭᠰᠠᠨ ᠠᠴᠠ ᠨᠠᠰᠢ ᠲᠠᠪᠤ ᠠᠷᠪᠠᠨ ᠮᠤᠷᠢᠲᠠᠢ ᠬᠦᠮᠦᠰ ᠬᠠᠯᠢᠭᠤᠲᠤ ᠶᠢᠨ ᠬᠤᠲᠤᠭᠤᠷ ᠲᠤ ᠭᠡᠲᠦ | ᠤᠲᠠᠭ᠎ᠠ ᠢᠷᠡᠵᠦ᠂ ᠬᠠᠯᠢᠭᠤᠲᠤ ᠭᠤᠤᠯ ᠢ ᠦᠭᠰᠦᠭᠡᠳ ᠴᠦ ᠶᠠᠪᠤᠬᠤ ᠶᠤᠮ᠂ ᠬᠠᠷ᠎ᠠ ᠤᠪᠤᠭ᠎ᠠ ᠠᠭᠤᠯᠠ ᠲᠡᠭᠡᠷ᠎ᠡ ᠭᠠᠷᠤᠭᠠᠳ ᠴᠦ ᠬᠠᠷᠠᠬᠤ ᠶᠤᠮ᠂ ᠲᠡᠭᠡᠵᠦ | ᠪᠠᠶᠢᠲᠠᠯ᠎ᠠ ᠵᠡᠬᠦᠨᠰᠢ ᠪᠠᠷᠠᠭᠤᠨᠰᠢ ᠴᠦ ᠲᠠᠪᠬᠢᠯᠲᠤᠬᠤ ᠶᠤᠮ᠂ ᠶᠠᠭᠤ ᠪᠤᠯᠵᠤ ᠪᠠᠶᠢᠭ᠎ᠠ ᠶᠢ ᠮᠠᠯᠴᠢᠳ ᠠᠰᠠᠭᠤᠬᠤ ᠵᠤᠷᠢᠭ ᠪᠠᠶᠢᠭ᠎ᠠ ᠦᠭᠡᠢ᠃ ᠬᠠᠪᠤᠷ ᠤᠨ ᠲᠤᠮᠲᠠᠴᠢ | ᠠᠴᠠ ᠡᠬᠢᠯᠡᠨ ᠤᠯᠠᠨ ᠬᠦᠮᠦᠰ ᠢᠷᠡᠵᠡᠭᠡᠨ ᠪᠠᠷᠢᠯᠭ᠎ᠠ ᠶᠢᠨ ᠠᠵᠢᠯ ᠢᠶᠠᠨ ᠡᠬᠢᠯᠡᠬᠦᠯᠵᠦ᠂ ᠲᠤᠰ ᠵᠢᠯ ᠤᠨ ᠠᠷᠪᠠᠨ ᠨᠢᠭᠡᠨ ᠰᠠᠷ᠎ᠠ ᠪᠤᠯᠬᠤ ᠳᠤ ᠬᠤᠶᠠᠷ ᠵᠠᠭᠤ ᠭᠠᠷᠤᠢ | ᠬᠦᠮᠦᠨ ᠪᠠᠭᠲᠠᠬᠤ ᠵᠢᠵᠢᠭ ᠲᠤᠰᠬᠤᠨ ᠬᠠᠯᠢᠭᠤᠲᠤ ᠭᠤᠤᠯ ᠤᠨ ᠪᠠᠷᠠᠭᠤᠨ ᠬᠦᠪᠡᠭᠡᠨ ᠳᠤ ᠪᠠᠶᠢᠭᠤᠯᠤᠭᠲᠠᠯ᠎ᠠ᠃ ᠡᠨᠡ ᠨᠢ ᠲᠠ ᠪᠢᠲᠠᠨ ᠤ ᠰᠠᠶᠢᠨ ᠮᠡᠲᠡᠲᠡᠭ ᠤᠷᠠᠳ | ᠤᠨ ᠲᠤᠮᠲᠠᠲᠤ ᠬᠤᠰᠢᠭᠤᠨ ᠤ ᠲᠦᠪ — ᠬᠠᠯᠢᠭᠤᠲᠤ ᠪᠠᠯᠭᠠᠰᠤ ᠪᠤᠯᠤᠨ᠎ᠠ᠃ | ᠬᠠᠯᠢᠭᠤᠲᠤ ᠨᠢ ᠲᠡᠤᠭᠡᠨ ᠠᠴᠠ ᠠᠪᠤᠭᠠᠳ ᠠᠷᠤ ᠦᠪᠦᠷ ᠢ ᠬᠤᠯᠪᠤᠭᠰᠠᠨ ᠴᠢᠬᠤᠯᠠ ᠭᠠᠵᠠᠷ ᠤᠨ ᠨᠢᠭᠡ ᠭᠡᠲᠡᠭ ᠢ ᠦᠤᠭᠡ ᠲᠡᠤᠭᠡ ᠳᠤ ᠨᠠᠷᠢᠨ | ᠲᠠᠮᠲᠡᠭᠯᠡᠵᠦ ᠪᠤᠢ᠃ ᠵᠠᠷᠢᠮ ᠡᠷᠲᠡᠮᠲᠡᠳ ᠤᠷᠲᠤ ᠦᠬᠦᠯᠡᠯ ᠢᠶᠠᠨ ᠰᠤᠨᠢᠨ ᠳᠤ ᠨᠡᠶᠢᠲᠡᠯᠡᠨ᠂ ᠤᠲᠤ ᠦᠶ᠎ᠠ ᠶᠢᠨ ᠦᠨᠲᠦᠰᠦᠲᠡᠨ ᠤ ᠪᠦᠯᠬᠦᠮᠲᠡᠯ ᠤᠨ ︿︿ᠪᠡᠯᠭᠡ | ᠲᠡᠮᠲᠡᠭ﹀﹀ ᠪᠤᠯᠤᠭᠰᠠᠨ ᠸᠠᠩ ᠵᠤᠤ ᠵᠢᠶᠦ᠋ᠨ ᠢ ᠮᠤᠲᠤᠨ ᠴᠠᠨ ᠢᠤᠢ ᠬᠠᠲᠤᠨ ᠢᠶᠠᠨ ᠪᠤᠯᠭᠠᠨ ᠪᠠᠭᠤᠯᠭᠠᠵᠤ ᠠᠪᠬᠤ ᠳᠤ ᠪᠠᠨ ᠡᠲᠦᠭᠡ ᠶᠢᠨ ᠤᠷᠠᠳ ᠤᠨ ᠲᠤᠮᠲᠠᠲᠤ | ᠬᠤᠰᠢᠭᠤᠨ ᠤ ᠤᠤᠪᠤᠯᠠᠭ ᠤᠨ ᠠᠮᠠ ᠪᠠᠷ ᠲᠠᠮᠵᠢᠨ ᠬᠠᠯᠢᠭᠤᠲᠤ ᠪᠠᠷ ᠲᠠᠭᠠᠷᠢᠵᠤ ᠠᠷᠤ ᠭᠠᠵᠠᠷ ᠮᠤᠷᠲᠠᠭᠰᠠᠨ ᠭᠡᠵᠤ ᠤᠯᠠᠨ ᠲᠠᠯ᠎ᠠ ᠠᠴᠠ ᠨᠤᠲᠠᠯᠠᠯᠲᠠ ᠬᠢᠭᠰᠡᠨ | ᠪᠠᠶᠢᠲᠠᠭ᠃ ᠠᠷᠠᠰᠣ ᠨᠤᠤᠰᠤ᠂ ᠴᠠᠢ ᠲᠠᠪᠤᠰᠤ ᠲᠦᠬᠦᠷᠡᠩ ᠠᠴᠢᠭᠰᠠᠨ ᠵᠢᠩ ᠤᠨ ᠴᠤᠪᠤᠭ᠎ᠠ ᠡᠪᠤᠭᠡᠳ ᠤᠨ ᠶᠠᠷᠢᠶᠠᠨ ᠳᠤ ᠬᠠᠶᠠ ᠰᠤᠨᠤᠰᠲᠠᠵᠤ᠂ ᠲᠡᠷᠡ ᠴᠤᠪᠤᠭ᠎ᠠ | ᠪᠠᠷ ᠲᠠᠰ ᠬᠠᠷ᠎ᠠ ᠲᠤᠰᠤᠨ ᠵᠠᠮ ᠲᠡᠭᠷᠢ ᠶᠢᠨ ᠬᠠᠶᠠᠭᠠᠨ ᠳᠤ ᠬᠠᠷᠠᠭᠳᠠᠨ᠎ᠠ᠃ ᠬᠠᠲᠠᠨ ᠬᠤᠩᠬᠢᠯ ᠢᠶᠠᠷ ᠢᠰᠭᠡᠷᠬᠦ ᠰᠠᠯᠬᠢᠨ ᠠᠴᠠ ᠡᠭᠡ ᠪᠠᠶᠢᠭᠠᠯᠢ ᠶᠢᠨ ᠤᠩᠭᠤᠨ | ᠡᠭᠡᠰᠢᠭ ᠤᠶᠠᠩᠭᠠᠷᠠᠵᠤ᠂ ᠯᠤᠤᠭᠠᠷ ᠤᠨ ᠬᠤᠩᠬᠤᠨ ᠲᠠᠭᠤᠨ ᠦᠶ᠎ᠠ ᠦᠶ᠎ᠠ ᠰᠤᠨᠤᠰᠲᠠᠬᠤ ᠰᠢᠭ᠋ ᠰᠠᠨᠠᠭᠲᠠᠨ᠎ᠠ᠃ | ᠤᠷᠤᠰᠬᠠᠯ ᠨᠢ ᠨᠠᠷᠢᠬᠠᠨ ᠤᠰᠤ ᠨᠢ ᠲᠤᠩᠭᠠᠯᠠᠭ ᠬᠠᠯᠢᠭᠤᠲᠤ ᠭᠤᠤᠯ ᠠᠭᠤᠷᠯᠠᠵᠤ ᠬᠢᠯᠢᠩᠨᠡᠬᠦ ᠴᠠᠭ ᠪᠠᠰᠠ ᠭᠠᠷᠲᠠᠭ᠃ ᠠᠭᠤᠷᠯᠠᠵᠤ ᠬᠢᠯᠢᠩᠨᠡᠬᠦ ᠪᠠᠷ | ᠬᠦᠴᠦᠲᠦ ᠠᠷᠰᠯᠠᠨ ᠴᠦ ᠶᠤᠮ ᠰᠢᠭ᠋᠂ ᠤᠷᠤᠭᠰᠠᠨ ᠪᠤᠤᠷ᠎ᠠ ᠴᠦ ᠶᠤᠮ ᠰᠢᠭ᠋ ᠴᠠᠭᠠᠨ ᠬᠦᠭᠡᠰᠤ ᠰᠠᠭᠰᠠᠷᠠᠭᠤᠯᠤᠨ ᠤᠯᠠᠭᠠᠨ ᠢᠶᠠᠷ ᠡᠷᠬᠢᠯᠲᠦᠨ᠂ ᠦᠭᠲᠡᠭᠰᠡᠨ | ᠪᠦᠬᠦᠲᠡ ᠶᠢ ᠦᠨᠲᠦᠰᠦ ᠪᠠᠷ ᠨᠢ ᠤᠷᠪᠠᠭᠤᠯᠤᠭᠰᠠᠭᠠᠷ ᠠᠷᠬᠢᠷᠠᠨ ᠲᠠᠪᠠᠯᠭᠠᠯᠠᠨᠠ᠃ ᠲᠠᠰ ᠭᠡᠰᠡᠨ ᠲᠠᠪᠤ ᠶᠢᠰᠦ ᠶᠢᠨ ᠬᠦᠢᠲᠡᠨ ᠪᠤᠯᠬᠤ ᠳᠤ ᠬᠠᠯᠢᠭᠤᠲᠤ ᠶᠢᠨ ᠭᠤᠤᠯ | ᠡᠷᠬᠢ ᠪᠠᠨ ᠲᠠᠪᠠᠨ ᠲᠡᠯᠡᠷᠡᠨ ᠬᠦᠯᠲᠡᠲᠡᠭ ᠴᠦ ᠠᠮᠢᠲᠠᠨ ᠭᠤᠤᠯᠲᠠᠨ ᠢᠶᠠᠨ ᠣᠮᠲᠠᠯᠠᠬᠤ ᠭᠡᠰᠡᠨ ᠰᠢᠭ ᠨᠠᠮᠤᠭᠤᠬᠠᠨ ᠭᠠᠵᠠᠷ ᠢᠶᠠᠷ ᠬᠠᠷᠠᠵᠠ ᠶᠢᠨ ᠤᠰᠤ ᠨᠢ | ᠮᠡᠯᠮᠡᠯᠵᠡᠵᠦ ᠯᠡ ᠪᠠᠶᠢᠲᠠᠭ᠃ ᠭᠠᠩ ᠲᠠᠢ ᠵᠢᠯ ᠬᠠᠯᠢᠭᠤᠲᠤ ᠭᠤᠤᠯ ᠦᠲᠡ ᠶᠢᠨ ᠬᠤᠶᠢᠨ᠎ᠠ ᠪᠤᠯᠬᠤ ᠪᠠᠷ ᠭᠠᠵᠠᠷ ᠤᠨ ᠬᠦᠨ ᠳᠤ ᠨᠢᠭᠤᠭᠲᠠᠨ ᠲᠠᠰᠤᠷᠠᠲᠠᠭ ᠴᠦ | ᠦᠷᠯᠦᠭᠡ ᠪᠤᠰᠬᠤ ᠳᠤ ᠤᠤᠯ ᠶᠤᠰᠤᠭᠠᠷ ᠢᠶᠠᠨ ᠤᠷᠤᠰᠬᠤ ᠪᠠᠷ ᠢᠶᠠᠨ ᠤᠷᠤᠰᠤᠨ᠎ᠠ᠃ ᠠᠮᠢ ᠨᠠᠰᠤᠨ ᠤ ᠦᠷᠬᠦᠯᠵᠢᠯᠡᠯ ᠢ ᠡᠭᠡ ᠲᠡᠯᠡᠭᠡᠢ ᠦᠪᠡᠷ ᠤᠨ ᠢᠶᠠᠨ ᠵᠢᠮ᠎ᠠ | ᠪᠠᠷ ᠢᠶᠠᠨ ᠢᠩᠬᠢᠵᠦ ᠵᠤᠬᠢᠴᠠᠭᠤᠯᠲᠠᠭ ᠨᠢ ᠭᠠᠶᠢᠬᠠᠯᠲᠠᠢ᠃ ᠭᠡᠲᠦᠢ ᠡᠶᠢᠮᠦ ᠴᠦ ᠬᠠᠯᠢᠭᠤᠲᠤ ᠪᠠᠯᠭᠠᠰᠤᠨ ᠤ ᠲᠠᠪᠤᠨ ᠲᠦᠮᠡ ᠭᠠᠷᠤᠢ ᠠᠷᠠᠳ ᠲᠤ ᠠᠰᠢᠭ ᠰᠢᠮ᠎ᠡ ᠪᠠᠨ | ᠬᠠᠨᠲᠢᠪᠯᠠᠭᠰᠠᠭᠠᠷ ᠤᠲᠤ ᠳᠤ ᠬᠦᠷᠴᠡᠢ᠃ | ᠲᠠᠯᠠᠨ ᠵᠢᠯ ᠤᠨ ᠰᠠᠯᠬᠢ ᠪᠤᠷᠤᠭᠠᠨ ᠢ ᠦᠩᠭᠡᠷᠡᠭᠡᠳ ᠦᠨᠦᠲᠦᠷ ᠪᠤᠯᠬᠤ ᠳᠤ᠂ ᠬᠠᠯᠢᠭᠤᠲᠤ ᠭᠤᠤᠯ ᠤᠨ ᠬᠦᠪᠡᠭᠡᠨ ᠳᠤ ᠪᠠᠶᠢᠭᠰᠠᠨ ᠭᠡᠲᠦᠨ ᠮᠠᠯᠴᠢᠨ | ᠠᠶᠢᠯ ᠤᠨ ᠪᠠᠭᠤᠷᠢ ᠬᠠᠮᠢᠭ᠎ᠠ ᠪᠠᠶᠢᠬᠤ ᠶᠢ ᠤᠯᠵᠤ ᠬᠠᠷᠠᠭ᠎ᠠ ᠦᠭᠡᠢ᠂ ᠤᠷᠤ ᠲᠠᠰᠤ ᠦᠭᠡᠢ ᠠᠷᠢᠯᠵᠠᠢ᠃ ᠦᠷᠭᠡᠨ ᠲᠠᠷᠲᠠᠩ ᠵᠠᠮ ᠠᠭᠠᠯᠵᠢᠨ ᠲᠤᠤᠷ ᠰᠢᠭ᠋ | ᠰᠦᠯᠵᠢᠯᠳᠦᠨ᠂ ᠦᠨᠲᠦᠷ ᠦᠨᠲᠦᠷ ᠠᠰᠠᠷ ᠲᠠᠭᠲᠤ ᠬᠠᠷᠠᠭ᠎ᠠ ᠬᠤᠭᠤᠯᠵᠤ᠂ ᠬᠦᠩᠭᠡᠨ ᠮᠠᠰᠢᠨ ᠨᠠᠰᠢ ᠴᠠᠰᠢ ᠵᠦᠷᠢᠯᠲᠦᠨ᠂ ᠡᠭᠡ ᠤᠷᠤᠨ ᠤ ᠤᠮᠠᠷᠠᠲᠤ ᠬᠢᠯᠢ ᠶᠢᠨ | ᠵᠢᠵᠢᠭ ᠪᠠᠯᠭᠠᠰᠤ —— ᠬᠠᠯᠢᠭᠤᠲᠤ ᠮᠢᠨᠢ ᠡᠲᠦᠷ ᠪᠦᠷᠢ ᠦᠭᠡᠷᠡᠴᠢᠯᠡᠭᠲᠡᠵᠦ᠂ ᠰᠠᠷ᠎ᠠ ᠪᠦᠷᠢ ᠰᠢᠨᠡᠴᠢᠯᠡᠭᠲᠡᠵᠦ᠂ ᠬᠦᠭᠵᠢᠯ ᠴᠡᠴᠡᠭᠯᠡᠯ ᠤᠨ ᠤᠶᠠᠩᠭᠠᠨ ᠡᠭᠡᠰᠢᠭ | ᠠᠲᠡ ᠠᠴᠠ ᠴᠤᠤᠷᠢᠶᠠᠲᠤᠨ᠎ᠠ᠃ ᠲᠡᠪᠢᠬᠦᠷ ᠭᠡᠯᠪᠡᠷᠢᠲᠡᠢ ᠬᠠᠯᠢᠭᠤᠲᠤ ᠶᠢᠨ ᠬᠤᠲᠤᠭᠤᠷ ᠴᠦ ᠪᠠᠭᠲᠠᠬᠤ ᠪᠠᠨ ᠪᠤᠯᠢᠭᠠᠳ ᠪᠠᠷᠠᠭᠤᠨ ᠲᠠᠪᠰᠡᠭ ᠢᠶᠠᠨ ᠲᠠᠪᠠᠨ ᠤᠩᠭᠤᠨ | ᠪᠠᠯᠭᠠᠰᠤ ᠶᠢᠨ ᠬᠠᠷᠠᠴᠢᠯᠠᠭᠤ ᠭᠠᠴᠠᠭᠠᠨ ᠤ ᠲᠦᠪ ᠤᠷᠴᠢᠮ ᠪᠤᠯᠲᠠᠯ᠎ᠠ ᠲᠤᠯᠤᠭ᠎ᠠ ᠨᠠᠢᠮᠠᠨ ᠺᠢᠯᠤᠮᠧᠲᠷ ᠲᠡᠯᠡᠭᠲᠡᠵᠡᠢ᠃ ᠴᠠᠬᠢᠯᠲᠠᠭ ᠴᠡᠴᠡᠭᠯᠡᠨ᠂ ᠴᠡᠩᠭᠡᠯ ᠤᠨ ᠬᠠᠪᠤᠷ | ᠰᠠᠭᠠᠲᠠᠬᠤ ᠪᠠᠷ ᠵᠡᠭᠡᠯᠢ ᠶᠢᠨ ᠬᠤᠶᠠᠷ ᠲᠠᠯ᠎ᠠ ᠳᠤ ᠲᠤᠭᠤᠷ ᠤᠨ ᠴᠡᠴᠡᠭ᠂ ᠭᠤᠤᠯᠳᠤ ᠪᠤᠷᠤ ᠶᠢᠨ ᠴᠡᠴᠡᠭ᠂ ᠡᠯᠪᠡᠭᠡᠲᠥ ᠴᠡᠴᠡᠭ᠂ ᠰᠢᠷ᠎ᠠ ᠰᠣᠯᠣᠩᠭ᠎ᠠ ᠴᠡᠴᠡᠭ᠂ | ᠰᠠᠷᠭᠠᠢ ᠴᠡᠴᠡᠭ ᠮᠡᠲᠦ ᠶᠢᠨ ᠤᠯᠠᠨ ᠨᠠᠰᠤᠲᠤ ᠮᠤᠲᠤᠯᠢᠭ ᠤᠷᠭᠤᠮᠠᠯ ᠤᠨ ᠴᠠᠭᠠᠨ᠂ ᠰᠢᠷ᠎ᠠ᠂ ᠬᠤᠨᠲᠤᠨ᠂ ᠤᠯᠠᠭᠠᠨ᠂ ᠶᠠᠭᠠᠨ ᠵᠡᠷᠭᠡ ᠵᠦᠢᠯ ᠤᠨ ᠴᠡᠴᠡᠭ ᠦᠩᠭᠡ | ᠢᠯᠭᠠᠷᠠᠨ ᠲᠡᠯᠭᠡᠷᠡᠵᠦ᠂ ᠬᠦᠮᠦᠰ ᠤᠨ ᠬᠠᠷᠠᠴᠠ ᠶᠢ ᠦᠪᠡᠷ ᠤᠨ ᠡᠷᠭᠡ ᠦᠭᠡᠢ ᠪᠤᠯᠢᠶ᠋ᠨᠨᠠ᠃ ᠭᠡᠲᠦ ᠬᠤᠨᠤᠯ ᠦᠭᠡᠢ ᠤᠲᠠᠤᠯᠢᠶᠠᠰᠤ᠂ ᠬᠠᠶᠢᠯᠠᠰᠤ᠂ ᠬᠦᠢᠯᠡᠰᠦᠨ | ᠮᠤᠲᠤ ᠡᠬᠢᠯᠡᠨ ᠨᠠᠪᠴᠢᠯᠠᠬᠤ ᠪᠠᠷ ᠵᠠᠮ ᠬᠦᠪᠡᠭᠡᠲᠡᠭᠰᠡᠨ ᠬᠠᠷᠠᠪᠲᠤᠷ ᠦᠩᠭᠡ ᠲᠠᠢ ᠨᠠᠷᠠᠰᠤᠨ ᠨᠠᠪᠴᠢ ᠴᠦ ᠤᠷᠢᠨ ᠲᠤᠯᠠᠭᠠᠨ ᠳᠤ ᠦᠩᠭᠡᠵᠢᠨ ᠨᠤᠭᠤᠭᠠᠷᠠᠵᠤ᠂ ᠠᠮᠢ | ᠨᠠᠰᠤᠨ ᠤ ᠷᠢᠲᠢ ᠰᠢᠲᠢ ᠶᠢ ᠭᠠᠶᠢᠬᠠᠭᠤᠯᠤᠨ᠂ ᠵᠡᠭᠡᠯᠢ ᠶᠢᠨ ᠵᠠᠬ᠎ᠠ ᠪᠠᠷ ᠲᠦᠬᠦᠷᠡᠩ ᠲᠠᠷᠢᠭᠰᠠᠨ ᠠᠷᠴᠠ ᠶᠢᠨ ᠠᠩᠬᠢᠯᠤᠮ᠎ᠠ ᠰᠠᠶᠢᠬᠠᠨ ᠦᠨᠦᠷ ᠲᠤ ᠴᠡᠭᠡᠵᠢ | ᠠᠭᠤᠵᠢᠷᠠᠨ᠎ᠠ᠃ ᠵᠤᠯᠠᠢ ᠠᠴᠠ ᠭᠠᠯ ᠨᠠᠷᠠᠨ ᠲᠦᠭᠡᠨᠡᠭᠰᠡᠨ ᠵᠤᠨ ᠪᠤᠯᠬᠤ ᠪᠠᠷ ᠵᠡᠭᠡᠯᠢ ᠭᠤᠲᠤᠮᠵᠢ ᠦᠪᠴᠢ ᠨᠤᠭᠤᠭᠠᠨ ᠢᠶᠠᠷ ᠬᠤᠴᠢᠭᠲᠠᠵᠤ᠂ ᠲᠤᠭᠯᠬᠠᠤ ᠵᠡᠷᠭᠡᠯᠭᠡᠨ | ᠳᠤ ᠠᠰᠠᠷ ᠲᠠᠭᠲᠤ ᠦᠶ᠎ᠠ ᠬᠤᠯᠠᠲᠠᠵᠤ ᠦᠶ᠎ᠠ ᠤᠶᠢᠷᠠᠲᠤᠨ᠎ᠠ᠂ ᠭᠡᠰᠡᠭ ᠬᠦᠪᠪᠦᠯᠵᠡᠵᠦ ᠭᠡᠰᠡᠭ ᠪᠠᠯᠠᠷᠠᠨ᠎ᠠ᠃ ᠦᠲᠡᠰᠢ ᠶᠢᠨ ᠬᠦᠰᠢᠭᠡ ᠲᠠᠲᠠᠬᠤ ᠶᠢ ᠲᠠᠭᠠᠯᠲᠤᠨ | ᠤᠯᠠᠨ ᠵᠦᠢᠯ ᠤᠨ ᠭᠡᠯᠪᠡᠷᠢ ᠲᠠᠢ ᠵᠠᠮ ᠤᠨ ᠳ᠋ᠧᠩ ᠵᠢᠵᠢᠭᠬᠡᠨ ᠬᠠᠯᠢᠭᠤᠲᠤ ᠪᠠᠯᠭᠠᠰᠤ ᠶᠢ ᠭᠤᠶᠤᠯᠠᠨ ᠴᠢᠮᠡᠵᠦ᠂ ᠤᠷᠬᠢᠯᠤᠮᠠᠯ ᠪᠤᠯᠠᠭ ᠨᠢ ᠬᠦᠭᠵᠢᠮ ᠤᠨ ᠴᠤᠬᠢᠯᠭ᠎ᠠ | ᠲᠠᠢ ᠠᠶᠢᠵᠠᠮ ᠨᠡᠶᠢᠯᠡᠬᠦᠯᠦᠨ ᠶᠢᠰᠦᠨ ᠦᠩᠭᠡ ᠪᠠᠷ ᠰᠦᠷᠴᠢᠭᠲᠡᠵᠤ᠂ ᠠᠯᠢᠶ᠎ᠠ ᠭᠡᠤᠭᠡᠳ ᠤᠳ ᠱᠠᠯ ᠨᠤᠷᠤᠭᠰᠠᠨ ᠴᠦ ᠨᠢᠭᠤᠷ ᠲᠦᠬᠦᠷᠡᠩ ᠪᠠᠶᠠᠷ ᠤᠨ ᠮᠦᠰᠢᠶᠡᠲᠦ | ᠲᠠᠢ᠃ ᠲᠠᠪᠤᠨ ᠬᠤᠰᠢᠭᠤ ᠮᠠᠯ ᠨᠢ ᠲᠤᠰᠤᠨ ᠲᠠᠷᠭᠤ ᠠᠪᠴᠤ᠂ ᠲᠠᠪᠤᠨ ᠲᠠᠷᠢᠶ᠎ᠠ ᠡᠯᠪᠡᠭ ᠬᠤᠷᠢᠶᠠᠯᠲᠠ ᠤᠯᠤᠭᠰᠠᠨ ᠲᠠᠩᠰᠤᠭ ᠨᠠᠮᠤᠷ ᠦᠷᠦᠮ᠎ᠡ ᠪᠠᠷ ᠱᠠᠩᠲᠠᠭᠤᠷᠠᠵᠤ | ᠢᠷᠡᠬᠦ ᠳᠤ᠂ ᠨᠤᠭᠤᠭᠠᠨ᠂ ᠰᠢᠷ᠎ᠠ᠂ ᠰᠢᠷᠭᠠᠯ᠂ ᠤᠯᠠᠭᠠᠨ᠂ ᠤᠯᠠᠪᠢᠷ᠂ ᠬᠦᠷᠡᠩ ᠦᠩᠭᠡ ᠲᠠᠢ ᠨᠠᠪᠴᠢᠰ ᠦᠩᠭᠡ ᠪᠤᠯᠢᠶᠠᠯᠲᠤᠨ ᠪᠦᠵᠢᠭᠯᠡᠵᠦ᠂ ᠨᠠᠮᠤᠷ ᠤᠨ ᠰᠡᠷᠢᠬᠦᠨ | ᠰᠠᠯᠬᠢᠨ ᠳᠤ ᠨᠠᠪᠴᠢ ᠨᠠᠮᠠᠭᠠᠨ ᠲᠡᠭᠡᠷ᠎ᠡ ᠪᠠᠨ ᠲᠤᠭᠲᠠᠵᠤ ᠴᠢᠲᠠᠯ ᠦᠭᠡᠢ ᠨᠢᠭᠡ ᠬᠤᠶᠠᠷ ᠢᠶᠠᠷ ᠢᠶᠠᠨ ᠦᠨᠲᠦᠰᠤ ᠪᠠᠨ ᠲᠡᠷᠡᠯᠡᠨ ᠡᠭᠡ ᠲᠡᠯᠡᠭᠡᠢ ᠳᠤ ᠪᠠᠨ ᠰᠢᠮᠠᠲᠤᠨᠠ᠃ | ᠡᠨᠡ ᠯᠠ ᠦᠶ᠎ᠠ ᠤᠷᠠᠨ ᠵᠢᠷᠤᠭᠴᠢᠨ᠂ ᠭᠡᠷᠡᠯ ᠵᠢᠷᠤᠭ ᠲᠠᠲᠠᠬᠤ ᠪᠠᠭ᠋ᠠᠲᠠᠢ ᠬᠦᠮᠦᠰ ᠤᠨ ᠵᠢᠷᠭᠠᠯ ᠤᠨ ᠤᠷᠲᠤᠨ ᠪᠤᠯᠲᠠᠭ ᠰᠠᠨ᠃ ᠨᠠᠷᠠ ᠬᠤᠯᠠᠲᠠᠵᠤ ᠬᠦᠢᠲᠡᠨ | ᠰᠠᠯᠬᠢ ᠬᠠᠴᠠᠷ ᠵᠦᠰᠦᠭᠰᠡᠨ ᠮᠦᠩᠬᠦᠨ ᠡᠪᠤᠯ ᠬᠠᠨ ᠲᠠᠯᠡᠭᠡᠢ ᠳᠤ ᠮᠤᠷᠢᠯᠠᠬᠤ ᠪᠠᠷ ᠬᠦᠪᠦᠩ ᠴᠠᠰᠤ ᠬᠦᠨᠵᠢᠯᠡ ᠶᠤᠮ ᠰᠢᠭ᠋ ᠭᠦᠢᠲᠡᠨ ᠵᠢᠪᠡᠷ ᠢ ᠬᠠᠯᠬᠠᠯᠠᠨ | ᠬᠦᠷᠦᠰᠦᠲᠤ ᠲᠡᠯᠡᠭᠡᠢ ᠪᠠᠨ ᠬᠤᠴᠢᠵᠤ᠂ ᠬᠠᠷ᠎ᠠ ᠤᠪᠤᠭ᠎ᠠ ᠠᠭᠤᠯᠠᠨ ᠤ ᠦᠪᠦᠷ ᠲᠤ ᠪᠦᠪᠡᠶᠢᠯᠡᠭᠲᠡᠭᠰᠡᠨ ᠬᠠᠯᠢᠭᠤᠲᠤ ᠪᠠᠯᠭᠠᠰᠤ ᠠᠮᠤᠭᠤᠯᠠᠩ ᠲᠠᠶᠢᠪᠤᠩ᠃ ᠠᠶᠢᠯ ᠤᠨ | ᠡᠬᠦᠲᠡᠨ ᠳᠤ ᠭᠡᠤᠭᠡᠳ ᠤᠳ ᠴᠠᠰᠤᠨ ᠬᠦᠮᠦᠨ ᠪᠠᠷᠢᠭᠠᠳ ᠬᠦᠭᠡᠷᠦᠨᠡ᠂ ᠵᠠᠷᠢᠮ ᠨᠢ ᠴᠠᠰᠤᠨ ︿︿ᠪᠠᠶᠢᠯᠲᠤᠭᠠᠨ﹀﹀ ᠬᠢᠭᠡᠳ ᠬᠦᠭᠵᠢᠯᠲᠦᠨᠡ᠂ ᠨᠠᠪᠴᠢ ᠨᠠᠮᠠᠭ᠎ᠠ ᠨᠢ | ᠴᠠᠰᠤᠨ ᠳᠤ ᠲᠠᠷᠤᠭᠲᠠᠭᠰᠠᠨ ᠨᠠᠷᠠᠰᠤ ᠠᠭᠠᠷᠤ ᠵᠡᠭᠡᠯᠢ ᠶᠢᠨ ᠬᠤᠶᠠᠷ ᠲᠠᠯ᠎ᠠ ᠪᠠᠷ ᠴᠢᠮᠡᠭ ᠪᠤᠯᠤᠨ ᠬᠦᠲᠡᠯᠦᠯ ᠦᠭᠡᠢ ᠰᠡᠭᠦᠶᠢᠨ᠂ ᠬᠠᠷ᠎ᠠ ᠨᠤᠭᠤᠭᠠᠨ ᠨᠠᠪᠴᠢ ᠨᠢ | ᠬᠠᠪᠤᠷ ᠢᠶᠠᠨ ᠴᠢᠩᠨᠠᠵᠤ᠂ ᠭᠡᠤᠭᠡᠳ ᠤᠨ ᠢᠨᠢᠶᠡᠬᠦ ᠲᠠᠭᠤᠨ ᠢᠶᠠᠷ ᠪᠡᠶ᠎ᠡ ᠪᠠᠨ ᠰᠢᠯᠭᠡᠬᠦ ᠳᠤ᠂ ᠤᠨᠠᠭᠰᠠᠨ ᠴᠠᠰᠤ ᠨᠢ ᠦᠩᠭᠡᠷᠡᠬᠦ ᠬᠦᠮᠦᠰ ᠤᠨ ᠬᠦᠵᠦᠬᠦᠨ ᠳᠤ | ᠤᠷᠤᠵᠤ ᠲᠠᠭᠠᠷᠠᠳᠠᠰᠤ ᠭᠦᠷᠭᠡᠬᠦ ᠨᠢ ᠰᠠᠶᠢᠬᠠᠨ᠃ ᠵᠠᠪ ᠲᠠᠭᠠᠷᠠᠭᠠᠳ ᠵᠠᠪᠰᠢᠶᠠᠨ ᠲᠠᠢ ᠪᠤᠯ ᠤᠷᠠᠳ ᠤᠨ ᠲᠤᠮᠲᠠᠲᠤ ᠬᠤᠰᠢᠭᠤᠨ ᠤ ᠬᠠᠯᠢᠭᠤᠲᠤ ᠪᠠᠯᠭᠠᠰᠤᠨ ᠤ | ᠦᠨᠲᠦᠰᠦᠲᠡᠨ ᠤ ᠤᠨᠴᠠᠯᠢᠭ ᠲᠠᠢ ᠱᠤᠭᠤᠮᠠᠯ ᠢᠶᠠᠷ ᠭᠤᠤᠯᠲᠠᠭᠰᠠᠨ ︿︿ᠲᠡᠯᠭᠡᠷ ᠬᠠᠩᠭᠠᠢ﹀﹀ ᠠᠭᠤᠲᠠᠮ ᠲᠠᠯᠠᠪᠠᠢ᠂ ︿︿ᠬᠠᠰᠠᠷ﹀﹀ ᠠᠭᠤᠲᠠᠮ ᠲᠠᠯᠠᠪᠠᠢ᠂ ︿︿ᠬᠤᠨ | ᠭᠠᠯᠠᠭᠤ﹀﹀ ᠠᠭᠤᠲᠠᠮ ᠲᠠᠯᠠᠪᠠᠢ᠂ ︿︿ᠪᠠ ᠶᠦᠨ ᠶᠢᠩ﹀﹀ ᠠᠭᠤᠲᠠᠮ ᠲᠠᠯᠠᠪᠠᠢ ᠪᠠ ︿︿ᠪᠢᠩ ᠾᠧ﹀﹀ ᠤᠰᠤᠨ ᠰᠢᠰᠲ᠋ᠧᠮ ᠤᠨ ᠦᠵᠡᠮᠵᠢ᠂ ᠠᠮᠢ ᠠᠬᠤᠢ ᠶᠢᠨ | ᠬᠦᠷᠢᠶᠡᠯᠠᠩ ᠢᠶᠠᠷ ᠬᠦᠷᠦᠭᠡᠷᠡᠢ︕ ᠭᠤᠪᠢ ᠨᠤᠲᠤᠭ ᠤᠨ ᠠᠮᠢᠲᠤᠷᠠᠯ ᠤᠨ ᠦᠵᠡᠭᠲᠡᠯ᠂ ᠣᠷᠠᠳ ᠰᠤᠶᠤᠯ ᠤᠨ ᠭᠠᠶᠢᠬᠠᠮᠰᠢᠭ ᠬᠠᠷᠠᠭ᠎ᠠ ᠶᠢ ᠴᠢᠨᠢ ᠲᠡᠯᠡᠵᠦ᠂ ᠴᠡᠪᠠᠷ | ᠠᠷᠢᠭᠤᠨ ᠠᠭᠤᠷ ᠠᠮᠢᠰᠬᠤᠯ᠂ ᠶᠠᠲᠠᠷᠠᠭ᠎ᠠ ᠶᠢ ᠴᠢᠨᠢ ᠲᠡᠶᠢᠯᠵᠤ᠂ ᠤᠷᠮ᠎ᠠ ᠶᠢ ᠴᠢᠨᠢ ᠬᠦᠭᠵᠢᠭᠡᠨ᠎ᠡ᠃ | ᠲᠡᠷᠯᠢᠭ ᠤᠨ ᠡᠮᠵᠢᠶᠡᠷᠢ ᠭᠡᠮᠡᠷᠭᠡᠨ ᠬᠠᠯᠢᠭᠤᠲᠤ ᠭᠤᠤᠯ ᠤᠨ ᠬᠦᠪᠡᠭᠡ ᠪᠠᠷ ᠠᠯᠬᠤᠯᠠᠬᠤ ᠳᠤ ᠡᠰᠡᠷᠬᠦ ᠬᠦᠪᠡᠭᠡᠨ ᠳᠤ ᠢᠭᠴᠤ ᠤᠷᠭᠤᠭᠰᠠᠨ ᠮᠤᠲᠤᠨ | ᠤ ᠬᠠᠪᠢ ᠪᠠᠷ ᠮᠤᠩᠭᠤᠯ ᠢᠶᠠᠷ ᠢᠶᠠᠨ ᠭᠤᠶᠤᠭᠰᠠᠨ ᠬᠤᠶᠠᠷ ᠰᠢᠨ᠎ᠠ ᠬᠦᠮᠦᠨ ᠬᠤᠷᠢᠮ ᠤᠨ ᠰᠡᠬᠦᠲᠡᠷ ᠰᠡᠬᠦᠲᠡᠷᠯᠡᠨ᠂ ᠡᠭᠡ ᠪᠠᠶᠢᠭᠠᠯᠢ ᠶᠢᠨ ᠭᠤᠶᠤ ᠦᠵᠡᠮᠵᠢ ᠲᠠᠢ | ᠮᠦᠴᠡᠭᠡᠷᠭᠡᠵᠦ ᠶᠠᠭᠠᠷᠠᠯᠲᠤᠨ᠎ᠠ ᠁ | ︿︿ ᠁ ᠴᠡᠴᠡᠭᠯᠡᠵᠦ ᠪᠠᠶᠢᠭ᠎ᠠ ᠨᠢᠭᠡᠲᠦᠯ ᠳᠤ ᠪᠠᠨ | ᠴᠢᠷᠮᠡᠶᠢᠵᠦ ᠶᠠᠪᠤᠶ᠎ᠠ ᠬᠤᠶᠠᠭᠤᠯᠠ ᠪᠠᠨ | ᠠ ᠬᠠ ᠠ ᠬᠠ ᠬᠦ᠋ | ᠴᠡᠩᠭᠡᠯᠲᠦ ᠵᠢᠷᠭᠠᠯᠲᠤ ᠠᠮᠢᠲᠤᠷᠠᠯ ᠢᠶᠠᠨ | ᠪᠦᠲᠦᠭᠡᠵᠦ ᠶᠠᠪᠤᠶ᠎ᠠ ᠬᠤᠶᠠᠭᠤᠯᠠ ᠪᠠᠨ ᠬᠦ᠋﹀﹀᠃ | | | | | | | | |