| | | | ᠤᠷᠠᠳ ᠤᠨ ᠭᠤᠷᠪᠠᠨ ᠬᠦᠩ ᠤᠨ ᠬᠤᠰᠢᠭᠤᠨ ᠤ ᠨᠤᠳᠤᠭ ᠲᠡᠪᠢᠰᠭᠡᠷ ᠤᠨ ᠬᠤᠪᠢᠶᠠᠷᠢᠯᠠᠯᠲᠠ ᠨᠢ ᠪᠠᠷᠠᠭᠤᠨ ᠬᠦᠩ ᠤᠨ ᠬᠤᠰᠢᠭᠤ ᠬᠠᠳᠤᠨ ᠭᠤᠤᠯ ᠤᠨ | ᠬᠤᠶᠢᠳᠤ ᠬᠦᠪᠡᠭᠡ᠂ ᠮᠤᠨᠠ ᠠᠭᠤᠯᠠ ᠶᠢᠨ ᠠᠷᠤ ᠦᠪᠦᠷ ᠢᠶᠠᠷ ᠮᠠᠯᠵᠢᠨ ᠰᠠᠭᠤᠷᠢᠰᠢᠵᠤ᠂ ᠲᠤᠮᠳᠠᠳᠤ ᠬᠦᠩ ᠤᠨ ᠬᠤᠰᠢᠭᠤ ᠬᠤᠶᠠᠷ ᠪᠤᠭᠲᠠ ᠶᠢᠨ ᠠᠷᠤ ᠪᠠᠷ | ᠪᠠᠷᠠᠭᠤᠨ ᠬᠦᠩ ᠤᠨ ᠬᠤᠰᠢᠭᠤᠨ ᠤ ᠵᠡᠬᠦᠨ ᠬᠤᠶᠢᠳᠤ ᠪᠡᠶ᠎ᠡ ᠪᠠᠷ ᠲᠤᠰ ᠲᠤᠰ ᠮᠠᠯᠵᠢᠨ᠂ ᠵᠡᠬᠦᠨ ᠬᠤᠰᠢᠭᠤ ᠨᠢ ᠲᠠᠷᠬᠠᠨ ᠮᠤᠤᠮᠢᠩᠭᠠᠨ ᠬᠤᠰᠢᠭᠤ ᠲᠠᠢ ᠵᠠᠬᠠᠲᠠᠨ | ᠰᠠᠭᠤᠷᠢᠰᠢᠵᠤ ᠪᠠᠶᠢᠵᠠᠢ᠃ ᠭᠤᠷᠪᠠᠨ ᠬᠤᠰᠢᠭᠤ ᠨᠤᠳᠤᠭ ᠲᠡᠪᠢᠰᠭᠡᠷ ᠢᠶᠠᠨ ᠠᠭᠤᠯᠠ ᠤᠰᠤ ᠪᠠᠷ ᠶᠡᠭᠡ ᠲᠦᠯᠦᠪ ᠵᠠᠭᠠᠭᠯᠠᠭᠰᠠᠨ ᠠᠴᠠ ᠪᠢᠰᠢ ᠲᠤᠳᠤᠷᠬᠠᠢ ᠬᠤᠪᠢᠶᠠᠵᠤ | ᠲᠤᠭᠲᠠᠭᠠᠭᠰᠠᠨ ᠦᠬᠡᠢ ᠲᠤᠯᠠ ᠭᠤᠷᠪᠠᠨ ᠬᠤᠰᠢᠭᠤᠨ ᠤ ᠠᠶᠢᠯ ᠤᠳ ᠬᠤᠯᠢᠯᠳᠤᠨ ᠰᠠᠭᠤᠷᠢᠰᠢᠭᠠᠳ ᠨᠢᠭᠡ ᠠᠶᠢᠯ ᠬᠡᠵᠡᠭᠡᠳᠡᠭ ᠪᠠᠶᠢᠵᠠᠢ᠃ ᠭᠤᠷᠪᠠᠨ ᠭᠦᠩ ᠤᠨ | ᠬᠤᠰᠢᠭᠤ ᠨᠢ ᠵᠦᠪᠬᠡᠨ ᠬᠦᠮᠦᠨ᠂ ᠮᠠᠯ᠂ ᠡᠳ᠋ ᠬᠦᠷᠦᠩᠭᠡ ᠪᠠᠨ ᠬᠤᠪᠢᠶᠠᠭᠰᠠᠨ ᠠᠴᠠ ᠪᠢᠰᠢ᠂ ᠪᠡᠯᠴᠢᠭᠡᠷ ᠪᠠ ᠬᠤᠰᠢᠭᠤ ᠵᠠᠭᠠᠭ ᠢᠶᠠᠨ ᠲᠤᠲᠤᠷᠬᠠᠢ ᠬᠤᠪᠢᠲᠠᠭᠰᠠᠨ | ᠦᠬᠡᠢ ᠤᠴᠢᠷ ᠠᠴᠠ ᠵᠠᠬ᠎ᠠ ᠵᠠᠭᠠᠭ ᠤᠨ ᠦᠵᠡᠯᠲᠡ ᠰᠤᠯᠠ ᠭᠠᠵᠠᠷ ᠨᠤᠳᠤᠭ ᠪᠡᠯᠴᠢᠭᠡᠷ ᠤᠰᠤ ᠪᠠᠨ ᠲᠠᠷᠬᠠᠢ ᠪᠠᠷ ᠡᠵᠡᠮᠰᠢᠭᠰᠡᠭᠡᠷ ᠢᠷᠡᠭᠰᠡᠨ ᠶᠤᠮ᠃ ᠤᠷᠠᠳ ᠤᠨ | ᠲᠤᠮᠳᠠᠳᠤ ᠬᠦᠩ ᠤᠨ ᠬᠤᠰᠢᠭᠤ ᠬᠡᠳᠦᠶᠢᠪᠡᠷ ᠮᠤᠨᠠ ᠠᠭᠤᠯᠠ ᠶᠢᠨ ᠠᠷᠤ ᠪᠠᠷ ᠰᠠᠭᠤᠷᠢᠰᠢᠨ ᠮᠠᠯᠵᠢᠵᠤ ᠪᠠᠶᠢᠭᠰᠠᠨ ᠪᠤᠯᠪᠠᠴᠤ ᠨᠡᠭᠡ ᠪᠦᠯᠦᠭ ᠰᠤᠮᠤ ᠶᠢᠨ ᠮᠠᠯᠴᠢᠨ | ᠡᠷᠦᠬᠡ ᠨᠢ ᠪᠠᠷᠠᠭᠤᠨ ᠬᠦᠩ ᠤᠨ ᠬᠤᠰᠢᠭᠤᠨ ᠤ ᠵᠠᠬ᠎ᠠ ᠲᠤᠳᠤᠷᠠᠬᠢ ᠮᠤᠨᠠ ᠠᠭᠤᠯᠠ ᠶᠢᠨ ᠠᠷᠤ ᠦᠪᠦᠷ ᠬᠤᠷᠮᠤᠢ ᠪᠠᠷ ᠤᠷᠳᠤ ᠬᠤᠭᠤᠴᠠᠭ᠎ᠠ ᠪᠠᠷ ᠰᠠᠭᠤᠷᠢᠰᠢᠵᠤ᠂ | ᠮᠠᠯ ᠲᠠᠷᠢᠶᠠᠯᠠᠩ ᠢ ᠡᠷᠬᠢᠯᠡᠨ ᠠᠮᠢᠳᠤᠷᠠᠵᠤ ᠪᠠᠶᠢᠪᠠ᠃ | 1913 ᠠᠴᠠ 1940 ᠤᠨ ᠬᠦᠷᠳᠡᠯᠡᠬᠢ ᠤᠷᠠᠳ ᠤᠨ ᠭᠤᠷᠪᠠᠨ ᠬᠤᠰᠢᠭᠤᠨ ᠤ ᠪᠠᠶᠢᠷᠢᠰᠢᠯ ᠨᠢ ᠶᠡᠭᠡ ᠲᠦᠯᠦᠪ ᠲᠤ ᠪᠠᠨ ᠪᠠᠷᠠᠭᠤᠨ ᠲᠠᠯ᠎ᠠ ᠪᠠᠷ ᠢᠶᠠᠨ | ᠠᠯᠠᠱᠠ ᠬᠤᠰᠢᠭᠤ ᠲᠠᠢ ᠵᠠᠬ᠎ᠠ ᠨᠡᠶᠢᠯᠡᠵᠤ᠂ ᠬᠦᠨᠳᠦᠰ ᠴᠠᠭᠠᠨ ᠠᠭᠤᠯᠠ ᠨᠢ ᠵᠠᠬ᠎ᠠ ᠪᠤᠯᠵᠤ ᠪᠠᠶᠢᠪᠠ᠃ ᠪᠠᠷᠠᠭᠤᠨ ᠡᠮᠦᠨᠡᠬᠦᠷ ᠪᠠ ᠤᠷᠢᠳᠤᠭᠤᠷ ᠢᠶᠠᠨ ᠬᠠᠩᠭᠢᠨ | ᠬᠤᠰᠢᠭᠤ ᠲᠠᠢ ᠵᠠᠭᠠᠭᠯᠠᠵᠤ᠂ ᠵᠡᠬᠦᠨ ᠡᠮᠦᠨᠡᠬᠦᠷ ᠢᠶᠠᠨ ᠲᠠᠯᠠᠳ ᠬᠤᠰᠢᠭᠤ ᠲᠠᠢ ᠵᠠᠬ᠎ᠠ ᠨᠡᠶᠢᠯᠡᠵᠤ ᠪᠠᠶᠢᠪᠠ᠃ ᠵᠡᠬᠦᠨ ᠪᠠ ᠵᠡᠬᠦᠨ ᠬᠤᠶᠢᠲᠤ ᠲᠠᠯ᠎ᠠ ᠪᠠᠷ ᠢᠶᠠᠨ ᠲᠦᠮᠡᠳ | ᠪᠤᠯᠤᠨ ᠲᠠᠷᠬᠠᠨ ᠪᠠᠶᠢᠯ᠎ᠠ ᠶᠢᠨ ᠬᠤᠰᠢᠭᠤ ᠲᠠᠢ ᠵᠠᠬ᠎ᠠ ᠨᠡᠶᠢᠯᠡᠵᠤ ᠪᠠᠶᠢᠭᠰᠠᠨ ᠶᠤᠮ᠃ | ᠢᠷᠬᠡᠨ ᠤᠯᠤᠰ ᠤᠨ ᠬᠤᠷᠢᠨ ᠵᠢᠷᠭᠤᠳᠤᠭᠠᠷ ᠤᠨ ︵1937 ᠤᠨ︶ ᠤ ᠪᠦᠷᠢᠳᠭᠡᠯ ᠢ ᠦᠨᠳᠦᠰᠦᠯᠡᠨ᠂ ᠤᠷᠠᠳ ᠤᠨ ᠲᠤᠮᠳᠠᠳᠤ ᠬᠦᠩ ᠤᠨ ᠬᠤᠰᠢᠭᠤ | ᠨᠤᠳᠤᠭ ᠲᠡᠪᠢᠰᠭᠡᠷ ᠤᠨ ᠶᠡᠷᠤᠩᠬᠡᠢ ᠲᠠᠯᠠᠪᠠᠢ ᠨᠢ 35000 ᠭᠠᠷᠤᠢ ᠲᠡᠭᠰᠢ ᠲᠦᠷᠪᠡᠯᠵᠢᠨ ᠺᠢᠯᠤᠮᠧᠲᠷ ᠪᠠᠶᠢᠭᠰᠠᠨ ᠶᠤᠮ᠃ ᠪᠠᠷᠠᠭᠤᠨ ᠪᠡᠶ᠎ᠡ ᠶᠢᠨ ᠠᠷᠤ ᠭᠤᠪᠢ | ᠠᠴᠠ ᠵᠡᠬᠦᠨ ᠪᠡᠶ᠎ᠡ ᠶᠢᠨ ᠰᠤᠯᠤᠨ ᠠᠭᠤᠯᠠ ᠬᠦᠷᠳᠡᠯᠡᠬᠢ ᠪᠠᠷᠤᠭ 400 ᠺᠢᠯᠤᠮᠧᠲᠷ ᠤᠨ ᠤᠷᠳᠤ ᠬᠢᠯᠢ ᠶᠢᠨ ᠤᠷᠤᠨ ᠪᠤᠯ ᠵᠠᠬ᠎ᠠ ᠬᠢᠵᠠᠭᠠᠷ ᠦᠬᠡᠢ ᠠᠩᠭᠠᠮᠠᠯ | ᠪᠡᠯᠴᠢᠭᠡᠷ ᠪᠠᠶᠢᠭᠰᠠᠨ ᠪᠦᠬᠡᠳ ᠠᠲᠠᠷ ᠲᠠᠯ᠎ᠠ ᠠᠭᠯᠠᠭ ᠠᠭᠤᠯᠠ ᠪᠠᠷ ᠵᠡᠭᠡᠷ᠎ᠡ ᠬᠦᠷᠦᠭᠡᠰᠦ ᠰᠦᠷᠦᠭᠯᠡᠨ ᠪᠡᠯᠴᠢᠭᠡᠷᠯᠠᠵᠤ ᠠᠷᠭᠠᠯᠢ ᠤᠭᠠᠯᠵᠠ ᠶᠠᠩᠭᠢᠷ ᠲᠤᠭᠯᠠᠯᠳᠤᠨ | ᠬᠦᠶᠤᠯᠳᠤᠭᠡᠳ ᠠᠩᠴᠢᠨ ᠬᠦᠮᠦᠨ ᠤ ᠠᠳᠠᠭ᠎ᠠ ᠶᠢ ᠬᠦᠳᠡᠯᠭᠡᠳᠡᠭ ᠰᠠᠶᠢᠬᠠᠨ ᠤᠷᠤᠨ ᠪᠠᠶᠢᠭᠰᠠᠨ ᠪᠠᠶᠢᠪᠠ᠃ | ᠬᠤᠰᠢᠭᠤ ᠨᠤᠳᠤᠭ ᠤᠨ ᠭᠠᠵᠠᠷ ᠲᠡᠪᠢᠰᠭᠡᠷ ᠲᠡᠭᠡᠷ᠎ᠡ ᠠᠭᠤᠯᠠ ᠨᠢᠷᠤᠭᠤ ᠰᠦᠨᠳᠡᠷᠯᠡᠨ ᠭᠤᠤᠯ ᠮᠦᠷᠡᠨ ᠮᠡᠯᠮᠡᠯᠵᠡᠵᠤ᠂ ᠲᠠᠪᠤᠨ ᠬᠤᠰᠢᠭᠤ ᠮᠠᠯ ᠢ ᠤᠮᠲᠠᠯᠠᠨ | ᠦᠰᠭᠡᠵᠤ᠂ ᠲᠠᠪᠤᠨ ᠲᠠᠷᠢᠶᠠᠨ ᠦᠷ᠎ᠡ ᠶᠢ ᠡᠯᠪᠡᠭ ᠬᠤᠷᠢᠶᠠᠳᠠᠭ ᠪᠠᠶᠢᠵᠠᠢ᠃ ᠨᠡᠷ᠎ᠡ ᠠᠯᠳᠠᠷᠰᠢᠭᠰᠠᠨ ᠬᠦᠢᠰᠦ ᠶᠢᠨ ᠵᠤ᠂ ᠬᠠᠪᠲᠠᠭᠠᠢ ᠶᠢᠨ ᠵᠤ ︵ᠲᠠᠯ᠎ᠠ︶᠂ ᠪᠢᠴᠢᠭᠳᠦ | ᠶᠢᠨ ᠲᠠᠯ᠎ᠠ᠂ ᠤᠯᠠᠨ ᠮᠤᠳᠤᠨ ᠤ ᠵᠤ ᠵᠡᠷᠭᠡ ᠨᠡᠷ᠎ᠡ ᠲᠠᠢ ᠲᠠᠯ᠎ᠠ ᠴᠠᠶᠢᠳᠠᠮ ᠤᠷᠤᠰᠢᠵᠤ ᠪᠠᠶᠢᠬᠤ ᠠᠴᠠ ᠭᠠᠳᠠᠨ᠎ᠠ᠂ ᠪᠠᠰᠠ ᠤᠯᠢᠶᠠᠰᠤᠲᠠᠢ ᠠᠭᠤᠯᠠ᠂ ᠬᠤᠷᠭᠤ ᠶᠢᠨ | ᠠᠭᠤᠯᠠ᠂ ᠬᠤᠶᠠᠷ ᠪᠤᠭᠲᠠ ᠶᠢᠨ ᠠᠭᠤᠯᠠ᠂ ᠪᠠᠷᠠᠭ᠎ᠠ ᠶᠢᠨ ᠠᠭᠤᠯᠠ᠂ ᠮᠤᠨᠠ ᠠᠭᠤᠯᠠ᠂ ᠰᠤᠯᠤᠨ ᠠᠭᠤᠯᠠ ᠵᠡᠷᠭᠡ ᠶᠡᠭᠡ ᠬᠠᠶᠢᠷᠬᠠᠨ ᠲᠠᠢ ᠪᠢᠯᠡ᠃ ᠠᠭᠤᠯᠠᠷᠬᠠᠭ | ᠤᠷᠤᠨ ᠤ ᠬᠦᠷᠦᠰᠦ ᠰᠢᠷᠦᠢ ᠦᠩ ᠰᠢᠮᠡᠯᠢᠭ ᠡᠪᠡᠰᠦ ᠪᠡᠯᠴᠢᠭᠡᠷ ᠰᠠᠬᠤᠯᠢᠭ ᠰᠠᠶᠢᠬᠠᠨ᠂ ᠠᠳᠤᠭᠤ ᠦᠬᠡᠷ ᠲᠡᠮᠡᠭᠡ ᠬᠤᠨᠢ ᠢᠮᠠᠭ᠎ᠠ ᠨᠢ ᠠᠭᠤᠯᠠ ᠲᠠᠯ᠎ᠠ ᠦᠬᠡᠢ | ᠪᠡᠯᠴᠢᠵᠤ᠂ ᠠᠯᠤᠰ ᠬᠤᠯᠠ ᠠᠴᠠ ᠪᠠᠷᠠᠭᠠᠯᠠᠬᠤ ᠳᠤ ᠲᠡᠭᠷᠢ ᠶᠢᠨ ᠤᠳᠤᠨ ᠮᠡᠴᠢᠳ ᠮᠢᠷᠠᠯᠵᠠᠬᠤ ᠮᠡᠳᠤ ᠭᠤᠶᠤᠬᠠᠨ ᠬᠠᠷᠠᠭᠳᠠᠳᠠᠭ ᠰᠠᠨ᠃ | ᠬᠤᠰᠢᠭᠤ ᠨᠤᠳᠤᠭ ᠤᠨ ᠢᠶᠠᠨ ᠴᠢᠮᠡᠭ ᠪᠤᠯᠤᠭᠰᠠᠨ ᠦᠯᠵᠡᠶᠢᠳᠤ ᠬᠡᠬᠡᠷ ᠤᠨ ᠭᠤᠤᠯ᠂ ᠨᠠᠷᠢᠨ ᠬᠡᠬᠡᠷ ᠤᠨ ᠭᠤᠤᠯ᠂ ᠵᠢᠷᠭᠠᠯᠠᠩᠳᠤ ᠶᠢᠨ ᠭᠤᠤᠯ᠂ ᠪᠡᠷᠭᠡ | ᠶᠢᠨ ᠭᠤᠤᠯ᠂ ᠠᠪᠤᠷᠠᠭ᠎ᠠ ᠶᠢᠨ ᠭᠤᠤᠯ᠂ ᠲᠠᠮᠠᠭᠠᠳᠤ ᠶᠢᠨ ᠭᠤᠤᠯ᠂ ᠬᠠᠷᠭᠠᠨᠠᠳᠤ ᠶᠢᠨ ᠭᠤᠤᠯ᠂ ᠪᠦᠬᠡᠷ᠎ᠡ ᠶᠢᠨ ᠭᠤᠤᠯ᠂ ᠪᠠᠶᠠᠨ ᠤ ᠭᠤᠤᠯ᠂ ᠵᠡᠬᠦᠨ ᠪᠠᠷᠠᠭᠤᠨᠤᠤ | ᠶᠢᠨ ᠭᠤᠤᠯ᠂ ᠴᠤᠩᠵᠢ ᠶᠢᠨ ᠭᠤᠤᠯ᠂ ᠬᠠᠯᠢᠭᠤᠳᠤ ᠶᠢᠨ ᠭᠤᠤᠯ᠂ ᠠᠷᠴᠠ ᠶᠢᠨ ᠭᠤᠤᠯ᠂ ᠳ᠋ᠠᠷᠬᠢ ᠶᠢᠨ ᠭᠤᠤᠯ᠂ ᠬᠤᠯᠤᠰᠤᠲᠠᠢ ᠶᠢᠨ ᠭᠤᠤᠯ᠂ ᠴᠢᠨᠳᠠᠮᠤᠨᠢ ᠶᠢᠨ | ᠭᠤᠤᠯ᠂ ᠪᠤᠮᠪᠠ ᠴᠠᠭᠠᠨ ᠭᠤᠤᠯ ᠬᠡᠬᠦ ᠮᠡᠳᠦ ᠶᠢᠨ ᠤᠯᠠᠨ ᠭᠤᠤᠯ ᠤᠳ ᠲᠤᠩᠭᠠᠯᠠᠭᠰᠢᠨ ᠤᠷᠤᠰᠴᠤ ᠪᠠᠶᠢᠳᠠᠭ᠃ | ᠡᠳᠡᠭᠡᠷ ᠭᠤᠤᠯ ᠮᠦᠷᠡᠨ᠂ ᠠᠭᠤᠯᠠ ᠤᠰᠤ ᠨᠢ ᠤᠷᠠᠳᠴᠤᠳ ᠢ ᠦᠶ᠎ᠡ ᠶᠢᠨ ᠦᠶ᠎ᠡ ᠳᠤ ᠪᠠᠨ ᠤᠮᠳᠠᠯᠠᠨ ᠲᠡᠵᠢᠬᠡᠵᠤ ᠢᠷᠡᠭᠰᠡᠨ ᠲᠤᠯᠠ ᠪᠠᠶᠢᠭᠠᠯᠢ ᠠᠴᠠ | ᠦᠭᠬᠦᠭᠰᠡᠨ ᠬᠡᠰᠢᠭ ᠬᠦᠷᠳᠡᠭᠡᠯ ᠢ ᠤᠪᠤᠭ᠎ᠠ ᠤᠰᠤ ᠲᠠᠬᠢᠬᠤ ᠪᠠᠷ ᠬᠡᠳᠡᠷᠬᠦ ᠪᠠᠨ ᠬᠠᠷᠢᠭᠤᠯᠳᠠᠭ ᠵᠠᠩᠰᠢᠯ ᠲᠠᠢ ᠪᠢᠯᠡ᠃ | | ︽ᠤᠷᠠᠳ ᠵᠠᠩ ᠦᠢᠯᠡ ᠶᠢᠨ ᠰᠤᠳᠤᠯᠤᠯ︾ ᠠᠴᠠ ᠪᠠᠭᠤᠯᠭᠠᠪᠠ | | |