ᠨᠣᠬᠠᠢ ᠶᠢᠨ ᠵᠠᠶᠠᠭ᠎ᠠ | | ᠰᠡᠴᠡᠨᠴᠢᠮᠡᠭ | | ᠭᠤᠯᠣᠭᠳᠠᠭᠰᠠᠨ ᠨᠣᠬᠠᠢ | | ᠨᠣᠬᠠᠢ ᠭᠡᠵᠦ ᠡᠵᠡᠨ ᠳᠤ ᠪᠠᠨ ᠰᠢᠳᠤᠷᠭᠤ᠂ ᠭᠡᠷ ᠢᠶᠠᠨ ᠰᠠᠬᠢᠨ ᠰᠠᠭᠤᠳᠠᠭ ᠠᠮᠢᠲᠠᠨ ᠳ᠋ᠠ᠃ | ᠣᠷᠴᠢᠮ ᠤᠨ ᠬᠡᠳᠦᠨ ᠵᠢᠯ ᠠᠴᠠ ᠭᠡᠷ ᠤᠨ ᠲᠡᠵᠢᠭᠡᠪᠦᠷᠢ ᠠᠮᠢᠲᠠᠨ ᠠᠴᠠ ᠡᠪᠡᠳᠴᠢᠨ ᠡᠮᠬᠡᠭ ᠲᠠᠷᠬᠠᠯ᠎ᠠ ᠭᠡᠳ ᠤᠤ᠂ ᠪᠠᠰᠠ ᠣᠯᠠᠩᠬᠢ ᠬᠦᠮᠦᠰ ᠠᠰᠠᠷ | ᠲᠠᠭᠲᠤ ᠳᠤ ᠰᠠᠭᠤᠯ᠎ᠠ ᠭᠡᠳ ᠤᠤ᠂ ᠥᠬᠦᠭᠡᠷᠳᠦᠨ ᠲᠡᠵᠢᠭᠡᠭᠰᠡᠨ ᠨᠣᠬᠠᠳ ᠢᠶᠠᠨ ᠳᠡᠮᠡᠢ ᠤᠳᠠᠯ ᠦᠭᠡᠢ ᠡᠪᠡᠳᠴᠢᠨ ᠲᠠᠢ ᠴᠤ ᠲᠡᠷᠡ᠂ ᠡᠪᠡᠳᠴᠢᠨ ᠦᠭᠡᠢ ᠴᠤ ᠲᠡᠷᠡ | ᠪᠦᠷ ᠭᠡᠷ ᠭᠡᠷ ᠠᠴᠠ ᠪᠠᠨ ᠥᠯᠳᠡᠨ ᠬᠥᠭᠡᠭᠡᠵᠦ ᠶᠠᠪᠤᠭᠤᠯᠪᠠ᠃ ᠮᠢᠨᠤ ᠡᠵᠡᠨ ᠴᠤ ᠨᠠᠮ᠎ᠠ ᠶᠢ ᠲᠡᠭᠡᠭᠰᠡᠨ᠃ | ᠭᠡᠷ ᠭᠡᠵᠦ ᠭᠡᠭᠡᠨ ᠰᠠᠷᠠᠭᠤᠯ ᠣᠷᠴᠢᠯᠠᠩ ᠪᠠᠶᠢᠯ᠎ᠠ᠃ ᠭᠡᠲᠡᠯ᠎ᠡ ᠣᠳᠣ ᠭᠡᠷ ᠴᠤ ᠦᠭᠡᠢ ᠡᠵᠡᠭᠦᠢ ᠲᠡᠨᠦᠬᠦ ᠪᠣᠯᠪᠠ᠃ ᠰᠢᠷ᠎ᠠ ᠡᠳᠦᠷ ᠪᠣᠷᠣ ᠬᠤᠨᠤᠭ ᠢ | ᠨᠥᠭᠴᠢᠭᠡᠵᠦ ᠶᠠᠪᠤᠬᠤ ᠭᠡᠭᠴᠢ ᠬᠡᠴᠡᠭᠦᠦ᠃ ᠢᠳᠡᠬᠦ ᠬᠤᠭᠤᠯᠠ ᠪᠠᠨ ᠣᠯᠵᠤ ᠶᠠᠳᠠᠨ ᠵᠡᠭᠡᠯᠢ ᠶᠢᠨ ᠵᠠᠬ᠎ᠠ ᠪᠠᠷ ᠬᠠᠶᠠᠭᠰᠠᠨ ᠬᠠᠶᠠᠭᠳᠠᠮᠠᠯ ᠢᠳᠡᠭᠡᠨ ᠤ ᠰᠢᠪᠬᠠᠷᠤᠤ ᠶᠢ | ᠴᠥᠯᠪᠡᠨ ᠢᠳᠡᠵᠦ ᠠᠮᠢ ᠭᠤᠣᠯ ᠢᠶᠠᠨ ᠲᠡᠵᠢᠭᠡᠳᠡᠭ ᠪᠣᠯᠪᠠ᠃ | ᠬᠦᠮᠦᠰ ᠤᠨ ᠠᠮᠲᠠᠲᠤ ᠬᠤᠭᠤᠯᠠ ᠰᠢᠮᠡᠲᠦ ᠢᠳᠡᠭᠡᠨ ᠢᠶᠠᠨ ᠠᠰᠬᠠᠨ ᠴᠢᠳᠬᠤᠨ ᠵᠣᠭᠤᠭᠯᠠᠵᠤ ᠪᠠᠶᠢᠭ᠎ᠠ ᠶᠢ ᠦᠵᠡᠬᠦ ᠪᠦᠷᠢ ᠰᠢᠯᠥᠰᠥ ᠪᠠᠨ ᠭᠤᠭᠤᠵᠢᠭᠤᠯᠤᠨ | ᠬᠤᠷᠣᠰᠣᠯ ᠲᠠᠢ ᠨᠢᠳᠦ ᠪᠠᠷ ᠬᠠᠷᠠᠵᠤ ᠮᠠᠯᠠᠷᠠᠨ ᠵᠣᠭᠰᠤᠳᠠᠭ ᠰᠠᠨ᠃ ᠪᠠᠰᠠ ᠨᠡᠯᠢᠶᠡᠳ ᠣᠯᠠᠨ ᠨᠠᠶᠢᠵᠠ ᠨᠠᠷ ᠮᠢᠨᠢ ᠲᠡᠭᠦᠵᠦ ᠢᠳᠡᠭᠰᠡᠨ ᠢᠳᠡᠭᠡᠨ ᠤ ᠬᠤᠣᠷᠳᠠᠯ ᠠᠴᠠ | ᠪᠣᠯᠵᠤ ᠠᠮᠢ ᠨᠠᠰᠤ ᠪᠠᠨ ᠠᠯᠳᠠᠭᠰᠠᠨ ᠡ᠃ | ᠨᠢᠭᠡᠨ ᠡᠳᠦᠷ ᠵᠡᠭᠡᠯᠢ ᠪᠠᠷ ᠲᠡᠨᠦᠵᠦ ᠪᠠᠶᠢᠭᠠᠳ ᠭᠡᠷ ᠤᠨ ᠡᠵᠡᠨ ᠢᠶᠠᠨ ᠣᠯᠵᠤ ᠦᠵᠡᠭᠡᠳ ᠲᠣᠩ ᠪᠠᠶᠠᠷᠯᠠᠵᠤ᠂ ᠬᠥᠯ ᠭᠠᠵᠠᠷ ᠬᠦᠷᠬᠦ ᠦᠭᠡᠢ ᠭᠦᠶᠦᠵᠦ | ᠳᠡᠷᠭᠡᠳᠡ ᠨᠢ ᠬᠦᠷᠬᠦ ᠳᠤ ᠲᠠᠨᠢᠬᠤ ᠦᠭᠡᠢ ᠶᠤᠮᠰᠢᠭ ᠥᠯᠥ ᠣᠶᠢᠰᠢᠶᠡᠨ ᠬᠠᠵᠠᠭᠤ ᠳᠤ ᠨᠢ ᠪᠠᠶᠢᠭᠰᠠᠨ ᠮᠣᠳᠣ ᠶᠢ ᠰᠢᠭᠦᠷᠦᠨ ᠠᠪᠴᠤ ᠰᠢᠪᠬᠠᠷᠤᠨ ᠴᠣᠬᠢᠪᠠ᠃ | ᠵᠢᠷᠦᠬᠡ ᠮᠢᠨᠢ ᠭᠤᠮᠤᠳᠠᠯ ᠢᠶᠠᠷ ᠳᠦᠭᠦᠷᠴᠦ ᠳᠣᠲᠣᠷ᠎ᠠ ᠬᠠᠷᠠᠩᠭᠤᠶᠢᠯᠠᠪᠠ᠃ ᠥᠰᠢᠶᠡᠷᠬᠡᠬᠦ ᠳᠤ ᠪᠠᠨ ᠰᠡᠳᠭᠢᠯ ᠢᠶᠠᠨ ᠪᠠᠷᠢᠵᠤ ᠶᠠᠳᠠᠨ ᠬᠥᠯ ᠢ ᠨᠢ ᠬᠠᠵᠠᠩᠭᠤᠳᠠ | ᠲᠦᠷᠭᠡᠨ ᠵᠠᠶᠢᠯᠠᠵᠤ ᠳᠠᠯᠳᠠᠯᠠᠪᠠ᠃ ᠡᠵᠡᠨ ᠨᠠᠮ᠎ᠠ ᠶᠢ ᠡᠷᠢᠵᠦ ᠣᠯᠣᠭᠰᠠᠨ ᠦᠭᠡᠢ ᠳᠤ ᠪᠠᠨ ᠠᠭᠤᠷ ᠳᠦᠭᠦᠷᠡᠩ ᠪᠤᠴᠠᠪᠠ᠃ | ᠰᠢᠳᠦᠨ ᠣᠷᠣᠮ ᠢᠶᠠᠨ ᠦᠯᠡᠳᠡᠭᠡᠵᠦ ᠥᠭᠭᠦᠭᠰᠡᠨ ᠪᠣᠯᠪᠠᠴᠤ ᠪᠠᠶᠠᠰᠴᠤ ᠴᠢᠳᠠᠯ ᠦᠭᠡᠢ ᠨᠥᠰᠡᠷ ᠴᠢᠯᠠᠭᠤ ᠵᠢᠷᠦᠬᠡ ᠶᠢ ᠮᠢᠨᠢ ᠳᠠᠷᠤᠭᠰᠠᠨ ᠰᠢᠭ᠋ ᠥᠪᠡᠷ ᠤᠨ | ᠡᠷᠬᠡ ᠦᠭᠡᠢ ᠨᠢᠯᠪᠤᠰᠤ ᠪᠥᠮᠪᠥᠷᠢᠯ᠎ᠡ᠃ ᠡᠨᠡ ᠪᠣᠯ ᠮᠢᠨᠤ ᠠᠩᠬᠠᠨ ᠤ ᠭᠤᠮᠤᠳᠠᠯ ᠤᠨ ᠨᠢᠯᠪᠤᠰᠤ᠃ ᠶᠠᠭᠤᠨ ᠤ ᠤᠴᠢᠷ ᠠᠴᠠ ᠪᠢᠯᠡ︖ ᠭᠡᠵᠦ ᠬᠥᠬᠡ ᠲᠡᠭᠷᠢ ᠶᠢ | ᠰᠢᠷᠲᠡᠨ ᠪᠠᠶᠢᠲᠠᠯ᠎ᠠ ᠬᠠᠷ᠎ᠠ ᠡᠭᠦᠯᠡᠰ ᠬᠤᠷᠠᠨ ᠪᠥᠭᠡᠮᠨᠡᠷᠡᠵᠦ ᠰᠠᠯᠬᠢ ᠰᠠᠯᠬᠢᠯᠠᠵᠤ᠂ ᠲᠡᠭᠷᠢ ᠳᠤᠤᠭᠠᠷᠤᠨ ᠪᠤᠷᠤᠭᠠᠨ ᠱᠠᠭᠢᠯᠠ᠃ ᠳᠠᠯᠳᠠᠯᠠᠬᠤ ᠭᠠᠵᠠᠷ ᠦᠭᠡᠢ ᠱᠠᠯ | ᠨᠣᠷᠪᠠ᠃ ᠪᠣᠷᠣᠭᠠᠨ ᠶᠠᠭ ᠯᠠ ᠨᠢᠭᠤᠷ ᠲᠣᠯᠣᠭᠠᠢ ᠶᠢ ᠮᠢᠨᠢ ᠢᠯᠪᠢᠵᠦ ᠰᠡᠳᠭᠢᠯ ᠰᠠᠨᠠᠭ᠎ᠠ ᠢ ᠮᠢᠨᠢ ᠲᠠᠶᠢᠳᠬᠤᠷᠠᠭᠤᠯᠵᠤ ᠪᠠᠶᠢᠭ᠎ᠠ ᠶᠤᠮᠰᠢᠭ ᠳᠣᠲᠣᠨᠤ ᠰᠠᠨᠠᠭᠳᠠᠪᠠ᠃ | ᠪᠣᠷᠤᠭᠠᠨ ᠤ ᠳᠠᠷᠠᠭᠠᠬᠢ ᠦᠵᠡᠮᠵᠢ ᠶᠠᠭᠤᠲᠠᠢ ᠰᠠᠶᠢᠬᠠᠨ ᠦᠵᠡᠭᠳᠡᠬᠦ ᠪᠤᠢ︕ ᠠᠯᠢᠪᠠ ᠪᠤᠳᠠᠰ ᠥᠩᠭᠡᠯᠢᠭ ᠰᠢᠨᠡᠬᠡᠨ ᠬᠠᠷᠠᠭᠳᠠᠵᠤ ᠪᠡᠶ᠎ᠡ ᠳᠡᠭᠡᠷᠡᠬᠢ ᠭᠬᠢᠷ | ᠲᠣᠭᠤᠰᠤ ᠳᠠᠷᠤᠭᠠᠰᠤ ᠲᠠᠢ ᠪᠠᠨ ᠤᠬᠢᠶᠠᠭᠳᠠᠨ ᠠᠷᠢᠯᠵᠤ ᠪᠡᠶ᠎ᠡ ᠪᠠᠨ ᠰᠡᠭᠰᠦᠷᠦᠮᠡᠭᠴᠡ ᠤᠯᠠᠮ ᠬᠥᠩᠭᠡᠷᠡᠵᠦ ᠨᠡᠯᠢᠶᠡᠳ ᠤᠷᠮ᠎ᠠ ᠪᠠᠬ᠎ᠠ ᠲᠠᠢ ᠪᠣᠯᠪᠠ᠃ ᠭᠡᠪᠡᠴᠦ | ᠬᠦᠮᠦᠨ ᠤ ᠨᠢᠭᠤᠷ ᠪᠠᠶᠢᠳᠠᠯ ᠲᠡᠶᠢᠮᠦ ᠡᠭᠡᠯᠢᠲᠡᠢ ᠬᠠᠷᠠᠭᠳᠠᠬᠤ ᠪᠠᠨ ᠪᠤᠯᠢᠵᠤ ᠴᠢᠳᠭᠦᠷ ᠱᠤᠯᠤᠮ ᠰᠢᠭ᠋ ᠬᠠᠷ᠎ᠠ ᠬᠤᠤᠷᠲᠠᠢ ᠦᠵᠡᠭᠳᠡᠬᠦ ᠪᠣᠯᠪᠠ᠃ | ᠬᠤᠷᠣᠮᠬᠠᠨ ᠵᠠᠭᠤᠷ᠎ᠠ ᠨᠠᠷᠠ ᠰᠢᠩᠭᠡᠵᠦ ᠰᠠᠷ᠎ᠠ ᠮᠠᠨᠳᠤᠭᠠᠳ ᠰᠥᠨᠢ ᠶᠢᠨ ᠪᠣᠯᠵᠤᠭᠠᠨ ᠤ ᠴᠠᠭ ᠪᠣᠯᠣᠯ᠎ᠠ᠃ ᠭᠠᠭᠴᠠ ᠪᠡᠶ᠎ᠡ ᠭᠤᠵᠣᠩ ᠲᠣᠯᠣᠭᠠᠢ ᠪᠠᠶᠢᠭᠰᠠᠨ | ᠢᠶᠠᠨ ᠡᠨᠡ ᠰᠥᠨᠢ ᠬᠠᠷᠢᠨ ᠬᠠᠨᠢ ᠨᠥᠬᠦᠷ ᠲᠠᠨᠢᠵᠤ ᠬᠠᠶᠢᠷ᠎ᠠ ᠬᠠᠶᠢᠷ᠎ᠠ ᠪᠠᠨ ᠣᠯᠣᠯᠴᠠᠵᠤ᠂ ᠪᠡᠶ᠎ᠡ ᠪᠡᠶ᠎ᠡ ᠪᠠᠨ ᠲᠦᠰᠢᠵᠦ ᠰᠠᠭᠤᠬᠤ ᠪᠠᠷ ᠪᠣᠯᠣᠯ᠎ᠠ᠃ ᠬᠡᠳᠦᠨ ᠰᠠᠷ᠎ᠠ | ᠶᠢᠨ ᠳᠠᠷᠠᠭ᠎ᠠ ᠪᠢᠳᠡ ᠬᠤᠶᠠᠷ ᠲᠤ ᠪᠤᠨᠳᠣᠭᠤᠷ ᠪᠤᠨᠳᠣᠭᠤᠷ ᠴᠠᠭᠠᠨ ᠬᠦᠦ ᠵᠠᠶᠠᠭᠠᠯ᠎ᠠ᠃ ᠭᠡᠷ ᠳᠦᠭᠦᠷᠡᠩ ᠪᠠᠶᠠᠷ ᠡ᠃ ᠬᠤᠶᠠᠭᠤᠯᠠ ᠪᠠᠶᠢᠭᠰᠠᠨ ᠠᠴᠠ ᠪᠠᠨ ᠨᠢᠭᠡ ᠭᠡᠷ | ᠬᠦᠦ ᠲᠠᠢ ᠪᠣᠯᠣᠭᠰᠠᠨ ᠶᠤᠮ ᠴᠢᠨᠢ ᠡᠳᠦᠷ ᠬᠤᠨᠤᠭ ᠥᠩᠭᠡᠷᠡᠬᠦ ᠶᠢ ᠳᠠᠭᠠᠯᠳᠤᠨ ᠬᠤᠭᠤᠯᠠᠨ ᠳᠤ ᠣᠷᠣᠭᠰᠠᠨ ᠠᠴᠠ ᠭᠡᠳᠡᠰᠦ ᠴᠠᠳᠬᠤᠯᠠᠩ ᠪᠠᠶᠢᠵᠤ ᠳᠡᠶᠢᠯᠬᠦ ᠦᠭᠡᠢ | ᠪᠣᠯᠵᠤ ᠭᠠᠵᠠᠷ ᠪᠣᠯᠭᠠᠨ ᠢᠶᠠᠷ ᠭᠦᠶᠦᠳᠡᠭ ᠪᠣᠯᠪᠠ᠃ | ᠦᠷ ᠤᠨ ᠭᠡᠭᠡ ᠪᠠᠷ ᠪᠢᠳᠡ ᠬᠤᠶᠠᠭᠤᠯᠠ ᠡᠷᠲᠡᠯᠡᠨ ᠪᠣᠰᠴᠤ ᠬᠡᠦᠬᠡᠳ ᠤᠳ ᠢᠶᠠᠨ ᠡᠭᠦᠷ ᠲᠤ ᠪᠠᠨ ᠤᠨᠲᠠᠭᠤᠯᠤᠨ ᠣᠷᠬᠢᠭᠠᠳ ᠢᠳᠡᠰᠢ ᠬᠤᠭᠤᠯᠠ ᠡᠷᠢᠨ | ᠭᠦᠶᠦᠭᠰᠡᠭᠡᠷ ᠭᠡᠨᠡᠳᠳᠡ ᠡᠵᠡᠨ ᠤ ᠪᠠᠨ ᠭᠡᠷ ᠢ ᠣᠯᠵᠤ ᠦᠵᠡᠭᠡᠳ ᠬᠤᠶᠠᠭᠤᠯᠠ ᠡᠭᠦᠳᠡᠨ ᠵᠠᠪᠰᠠᠷ ᠢᠶᠠᠷ ᠰᠢᠷᠭᠤᠨ ᠣᠷᠣᠵᠤ ᠢᠳᠡᠬᠦ ᠶᠠᠭᠤᠮ᠎ᠠ ᠡᠷᠢᠭᠰᠡᠭᠡᠷ ᠬᠥᠢᠲᠡᠨ | ᠪᠠᠶᠢᠰᠢᠩ ᠳᠤ ᠣᠷᠣᠬᠤ ᠲᠠᠢ ᠵᠡᠷᠭᠡ ᠬᠠᠷᠭᠢᠰ ᠡᠵᠡᠨ ᠮᠢᠨᠢ ᠣᠯᠵᠤ ᠦᠵᠡᠮᠡᠭᠴᠡ ᠬᠦᠷᠵᠡ ᠪᠠᠷᠢᠨ ᠭᠦᠶᠦᠵᠦ ᠢᠷᠡᠪᠡ᠃ ᠠᠶᠤᠵᠤ ᠰᠣᠴᠢᠬᠤ ᠳᠤ ᠪᠠᠨ ᠬᠥᠯ | ᠨᠤᠭᠤᠷᠤᠨ ᠴᠡᠴᠡᠷᠡᠵᠦ ᠬᠠᠨᠢ ᠪᠠᠨ ᠳᠠᠭᠠᠭᠤᠯᠤᠨ ᠭᠦᠶᠦᠲᠡᠯᠡ ᠲᠡᠭᠦᠨ ᠢ ᠴᠣᠬᠢᠨ ᠤᠨᠠᠭᠠᠪᠠ᠃ ᠪᠢ ᠱᠣᠯᠲᠤᠷᠤᠨ ᠭᠦᠶᠦᠵᠦ ᠭᠠᠷᠤᠨ ᠠᠷᠠᠢ ᠴᠢᠮᠠᠢ ᠠᠮᠢ ᠪᠦᠲᠦᠨ | ᠦᠯᠡᠳᠡᠭᠰᠡᠨ ᠴᠤ ᠬᠠᠨᠢ ᠮᠢᠨᠢ ᠭᠠᠷᠴᠤ ᠢᠷᠡᠭᠰᠡᠨ ᠦᠭᠡᠢ᠂ ᠵᠢᠷᠦᠬᠡ ᠰᠢᠮᠰᠢᠷᠡᠵᠦ ᠠᠯᠬᠤᠵᠤ ᠳᠡᠶᠢᠯᠬᠦ ᠪᠠᠨ ᠪᠣᠯᠢᠪᠠ᠃ ᠬᠡᠰᠡᠭ ᠤᠳᠠᠭᠠᠳ ᠲᠡᠭᠦᠨ ᠢ ᠡᠷᠭᠢᠵᠦ | ᠦᠵᠡᠬᠦ ᠪᠠᠷ ᠣᠴᠢᠬᠤ ᠳᠤ ᠡᠭᠦᠳᠡᠨ ᠤ ᠭᠠᠳᠠᠨ᠎ᠠ ᠬᠠᠮᠠᠷ ᠠᠴᠠ ᠪᠠᠨ ᠴᠢᠰᠤ ᠭᠤᠭᠤᠵᠢᠭᠤᠯᠤᠨ ᠠᠮᠠᠨ ᠳᠤ ᠪᠠᠨ ᠬᠡᠰᠡᠭ ᠮᠢᠬ᠎ᠠ ᠵᠠᠭᠤᠴᠢᠬᠠᠭᠰᠠᠨ ᠭᠠᠵᠠᠷ ᠬᠡᠪᠲᠡᠵᠦ | ᠪᠠᠶᠢᠯ᠎ᠠ᠃ ᠨᠠᠮ᠎ᠠ ᠶᠢ ᠦᠵᠡᠮᠡᠭᠴᠡ ︽ᠡᠨᠡ ᠮᠢᠬ᠎ᠠ ᠶᠢ ᠬᠡᠦᠬᠡᠳ ᠤᠳ ᠲᠤ ᠪᠠᠨ ᠡᠳᠦᠷ ᠤᠨ ᠬᠦᠨᠡᠰᠦ ᠪᠣᠯᠭᠠᠴᠢᠬ᠎ᠠ︕ ᠪᠢ᠂᠂᠂᠂︾ ᠭᠡᠵᠦ ᠬᠡᠯᠡᠵᠦ ᠪᠠᠶᠢᠬᠤ | ᠰᠢᠭ᠋ ᠬᠠᠷᠠᠭᠰᠠᠭᠠᠷ ᠠᠭᠠᠵᠢᠮ ᠢᠶᠠᠷ ᠨᠢᠳᠦ ᠪᠠᠨ ᠠᠨᠢᠵᠤ ᠳ᠋ᠧᠪᠠᠵᠠᠨᠳᠥ ᠪᠠᠨ ᠶᠠᠪᠤᠴᠢᠬᠠᠯ᠎ᠠ᠃ ᠠᠮᠠᠨ ᠳᠠᠬᠢ ᠮᠢᠬ᠎ᠠ ᠶᠢ ᠨᠢ ᠵᠠᠭᠤᠵᠤ ᠬᠡᠴᠢᠨᠡᠨ ᠳᠠᠭᠤᠳᠠᠨ | ᠬᠦᠯᠢᠶᠡᠭᠰᠡᠨ ᠴᠤ ᠪᠣᠰᠴᠤ ᠢᠷᠡᠭᠰᠡᠨ ᠦᠭᠡᠢ᠃ ᠬᠤᠶᠠᠳᠡᠬᠢ ᠤᠳᠠᠭᠠᠨ ᠤ ᠬᠤᠷᠣᠰᠣᠯ ᠤᠨ ᠨᠢᠯᠪᠤᠰᠤ ᠮᠢᠨᠢ ᠪᠥᠮᠪᠥᠷᠢᠯ᠎ᠡ᠃ | ᠡᠭᠦᠷ ᠲᠤ ᠪᠠᠨ ᠬᠠᠷᠢᠬᠤ ᠳᠤ ᠬᠡᠦᠬᠡᠳ ᠤᠳ ᠮᠢᠨᠢ ᠪᠠᠰᠠ ᠯᠠ ᠠᠮᠲᠠᠲᠤ ᠨᠣᠶᠢᠷ ᠲᠤ ᠪᠠᠨ ᠪᠠᠶᠢᠵᠤ ︽ᠠᠪᠤ ᠡ᠂ ᠡᠵᠢ ᠡ︕ ᠪᠢ ᠲᠠ ᠬᠤᠶᠠᠷ ᠲᠤ ᠪᠠᠨ | ᠬᠠᠶᠢᠷᠠᠲᠠᠢ︕︾ ᠭᠡᠵᠦ ᠰᠢᠪᠡᠨᠡᠵᠦ ᠪᠠᠶᠢᠬᠤ ᠰᠢᠭ᠋ ᠠᠮᠠ ᠪᠠᠨ ᠣᠮᠤᠭ ᠣᠮᠤᠭ ᠭᠡᠵᠦ ᠪᠠᠶᠢᠯ᠎ᠠ᠃ ᠰᠡᠳᠭᠢᠯ ᠤᠨ ᠬᠤᠷᠣᠰᠣᠯ ᠮᠠᠷᠲᠠᠭᠳᠠᠵᠤ ᠡᠬᠢᠯᠡᠯ᠎ᠡ᠃ | | ᠰᠥᠨᠢ ᠳᠤᠮᠳᠠ ᠶᠢᠨ ᠰᠢᠪᠡᠨᠡᠭᠡ | | ᠰᠥᠨᠢ ᠶᠢᠨ ᠭᠦᠨ ᠪᠣᠯᠣᠯ᠎ᠠ᠂ ᠵᠠᠮ ᠤᠨ ᠳ᠋ᠧᠩ ᠴᠤ ᠤᠨᠲᠠᠷᠠᠯᠠ᠃ ᠶᠠᠭ ᠯᠠ ᠠᠮᠠᠷᠠᠬᠤ ᠴᠠᠭ ᠪᠣᠯᠣᠭᠰᠠᠨ ᠶᠤᠮᠰᠢᠭ ᠴᠢᠬᠢ ᠪᠠᠨ ᠲᠠᠯᠪᠢᠨ ᠴᠢᠩᠨᠠᠬᠤ ᠳᠤ | ᠭᠠᠳᠠᠨ᠎ᠠ ᠮᠠᠰᠢᠨ ᠲᠡᠷᠭᠡᠨ ᠤ ᠰᠦᠯᠵᠢᠯᠳᠦᠨ ᠬᠦᠩᠭᠢᠨᠡᠬᠦ ᠳᠠᠭᠤ ᠴᠤ ᠦᠭᠡᠢ ᠪᠣᠯᠵᠤ ᠬᠠᠶᠠ ᠨᠢᠭᠡ ᠨᠣᠬᠠᠢ ᠶᠢᠨ ᠣᠶᠢᠳᠬᠠᠷ ᠲᠠᠢ ᠬᠤᠴᠠᠬᠤ ᠴᠢᠮᠡᠭᠡ ᠳᠤᠭᠤᠯᠳᠠᠨ᠎ᠠ᠃ | | ︽ᠡᠵᠡᠨ ᠨᠠᠮ᠎ᠠ ᠶᠢ ᠦᠭᠡᠶᠢᠯᠡᠬᠦ ᠪᠠᠨ ᠪᠣᠯᠢᠵᠤ | ᠥᠯᠳᠡᠵᠦ ᠭᠡᠷ ᠠᠴᠠ ᠪᠠᠨ ᠲᠠᠭᠤᠵᠤ ᠭᠠᠷᠭᠠᠭᠠᠳ | ᠣᠷᠣᠬᠤ ᠭᠡᠷ ᠦᠭᠡᠢ ᠪᠣᠯᠣᠭᠰᠠᠨ ᠳᠤ ᠪᠠᠨ | ᠭᠤᠨᠢᠭ ᠤᠨ ᠳᠠᠭᠤᠤ ᠪᠠᠨ ᠠᠶᠠᠯᠤᠨ ᠰᠠᠭᠤᠨ᠎ᠠ᠃ | ᠥᠯᠥᠰᠭᠦᠯᠡᠩ ᠭᠡᠳᠡᠰᠦ ᠪᠠᠨ ᠰᠢᠷᠲᠡᠨ ᠪᠠᠶᠢᠵᠤ | ᠥᠰᠢᠶ᠎ᠡ ᠬᠤᠷᠣᠰᠣᠯ ᠢᠶᠠᠷ ᠳᠦᠭᠦᠷᠡᠩ ᠪᠠᠶᠢᠵᠤ | ᠡᠳᠦᠷ ᠰᠥᠨᠢ ᠶᠢ ᠮᠡᠳᠡᠯ ᠦᠭᠡᠢ ᠪᠠᠶᠢᠵᠤ | ᠠᠮᠢ ᠵᠠᠭᠤᠨ ᠲᠡᠨᠦᠳᠡᠭ ᠪᠣᠯᠣᠯ᠎ᠠ᠃ | ᠨᠢᠭᠤᠷ ᠳᠦᠭᠦᠷᠡᠩ ᠭᠤᠨᠢᠭ ᠢᠶᠠᠷ ᠵᠢᠷᠤᠭᠯᠠᠵᠤ | ᠵᠠᠯᠠᠭᠤ ᠪᠠᠶᠢᠭᠰᠠᠨ ᠴᠤ ᠥᠲᠡᠯᠬᠦ ᠶᠢᠨ ᠲᠦᠷᠢ ᠲᠠᠢ ᠪᠣᠯᠵᠤ | ᠵᠡᠷᠭᠡᠯᠡᠳᠡᠭᠡ ᠠᠶᠢᠯ ᠤᠨ ᠨᠣᠬᠠᠳ ᠬᠦᠷᠲᠡᠯ᠎ᠡ | ᠵᠢᠭᠰᠢᠭᠡᠳ ᠨᠠᠮ᠎ᠠ ᠠᠴᠠ ᠬᠤᠯᠠᠲᠠᠬᠤ ᠪᠣᠯᠣᠯ᠎ᠠ᠃ | ᠠᠢ ᠬᠥᠭᠡᠷᠥᠬᠦᠢ ᠮᠢᠨᠤ ᠠᠮᠢᠳᠤᠷᠠᠯ | ᠡᠷᠢᠶᠡᠨ ᠪᠠᠷᠠᠭᠠᠨ ᠢᠶᠠᠷ ᠪᠢᠯᠬᠠᠮ᠎ᠠ | ᠡᠷᠭᠢᠬᠦ ᠲᠥᠷᠥᠯ ᠳᠤ ᠪᠠᠨ ᠪᠢ | ᠨᠣᠬᠠᠢ ᠯᠠ ᠶᠠᠭᠠᠬᠢᠭᠰᠠᠨ ᠴᠤ ᠪᠣᠯᠬᠤ ᠦᠭᠡᠢ︾ ᠭᠡᠳ ᠭᠤᠯᠣᠭᠳᠠᠭᠰᠠᠨ ᠨᠣᠬᠠᠢ ᠶᠢᠨ ᠭᠠᠩᠰᠠᠷᠠᠨ ᠳᠠᠭᠤᠯᠠᠬᠤ ᠶᠢ ᠮᠤᠤᠷ ᠣᠯᠵᠤ ᠰᠣᠨᠣᠰᠤᠭᠠᠳ᠄ | ︽ᠡᠷᠭᠢᠵᠦ ᠢᠷᠡᠬᠦ ᠦᠭᠡᠢ ᠵᠠᠯᠠᠭᠤ ᠨᠠᠰᠤ ᠪᠠᠨ ᠴᠢ ᠥᠪᠡᠷ ᠢᠶᠠᠨ ᠬᠠᠶᠢᠷᠠᠯᠠᠭᠠᠷᠠᠢ︕ ᠡᠵᠡᠨ ᠴᠢᠨᠢ ᠴᠢᠮ᠎ᠠ ᠶᠢ ᠭᠤᠯᠣᠭᠰᠠᠨ ᠴᠤ ᠠᠮᠢ ᠨᠠᠰᠤ ᠪᠣᠯ ᠪᠤᠷᠬᠠᠨ | ᠲᠡᠭᠷᠢ ᠠᠴᠠ ᠵᠠᠶᠠᠭᠠᠭᠰᠠᠨ ᠣᠯᠳᠠᠰᠢ ᠦᠭᠡᠢ ᠨᠠᠨᠳᠢᠨ ᠪᠡᠯᠡᠭ ᠶᠤᠮ︾ ᠭᠡᠵᠦ ᠲᠠᠶᠢᠳᠬᠤᠷᠠᠭᠤᠯᠪᠠ᠃ | ︽ᠡᠳᠡᠭᠡᠷ ᠤᠴᠢᠷ ᠢ ᠪᠢ ᠥᠪᠡᠷ ᠢᠶᠠᠨ ᠴᠤ ᠭᠡᠰᠡᠨ ᠮᠡᠳᠡᠵᠦ ᠪᠠᠶᠢᠨ᠎ᠠ᠂ ᠭᠡᠲᠡᠯ᠎ᠡ᠂᠂᠂᠂︾ ᠭᠡᠳ ᠬᠤᠭᠤᠯᠠᠢ ᠨᠢ ᠵᠠᠩᠭᠢᠷᠠᠵᠤ ᠦᠭᠡ ᠪᠠᠨ ᠶᠠᠷᠢᠵᠤ ᠳᠡᠶᠢᠯᠬᠦ | ᠪᠠᠨ ᠪᠣᠯᠢᠵᠤ ᠬᠡᠰᠡᠭ ᠪᠣᠯᠣᠭᠰᠠᠨ ᠤ ᠳᠠᠷᠠᠭ᠎ᠠ ᠦᠭᠡ ᠪᠠᠨ ᠡᠯᠭᠦᠵᠦ᠄ | ︽ᠮᠥᠩᠬᠡ ᠲᠡᠭᠷᠢ ᠠᠴᠠ ᠨᠠᠮ᠎ᠠ ᠳᠤ ᠳᠠᠭᠠᠭᠠᠯᠭᠠᠭᠰᠠᠨ ᠡᠭᠦᠷᠭᠡ ᠪᠣᠯ ᠡᠵᠡᠨ ᠤ ᠪᠠᠨ ᠭᠡᠷ ᠢ ᠬᠠᠷᠢᠭᠤᠴᠠᠯᠭ᠎ᠠ ᠲᠠᠢ ᠰᠠᠬᠢᠬᠤ ᠶᠠᠪᠤᠳᠠᠯ ᠪᠣᠯᠣᠨ᠎ᠠ᠃ | ᠮᠣᠩᠭᠤᠯᠴᠤᠳ ᠡᠷᠲᠡ ᠳᠡᠭᠡᠳᠦ ᠠᠴᠠ ᠪᠠᠨ ᠠᠮᠢᠲᠠᠨ ᠠᠷᠢᠶᠠᠲᠠᠨ ᠳᠤ ᠡᠭᠡᠯᠢᠲᠡᠢ ᠪᠠᠶᠢᠳᠠᠭ᠃ ᠭᠡᠲᠡᠯ᠎ᠡ ᠣᠳᠣ ᠬᠠᠷᠢᠨ ᠨᠣᠭᠤᠭᠠᠨ ᠯᠣᠩᠬᠤ ᠪᠠᠷ ᠬᠠᠨᠢ ᠬᠢᠵᠦ᠂ | ᠬᠤᠲᠠ ᠪᠠᠨ ᠬᠤᠷᠢᠶᠠᠵᠤ ᠬᠤᠲᠠ ᠳᠤ ᠣᠷᠤᠭᠠᠳ ᠨᠠᠮ᠎ᠠ ᠶᠢ ᠪᠤᠳᠠᠭᠠᠨ ᠤ ᠪᠠᠷᠠᠰᠢ ᠭᠡᠵᠦ ᠴᠣᠬᠢᠨ ᠭᠡᠷ ᠠᠴᠠ ᠪᠠᠨ ᠬᠥᠭᠡᠭᠡᠯ᠎ᠡ︾ ᠭᠡᠵᠦ ᠨᠢᠯᠪᠤᠰᠤ ᠴᠡᠶᠢᠯᠭᠡᠨᠡᠭᠦᠯᠦᠨ | ᠳᠣᠯᠤᠭᠠᠨ ᠪᠤᠯᠴᠢᠷᠬᠠᠢ ᠪᠠᠨ ᠲᠣᠭᠠᠴᠢᠯ᠎ᠠ᠃ | ᠮᠤᠤᠷ ᠭᠦᠨ ᠰᠢᠭᠦᠷᠡᠰᠦ ᠠᠯᠳᠠᠨ᠄ ︽ᠲᠡᠭᠡᠯ᠎ᠡ ᠭᠡᠳ ᠪᠢᠳᠡ ᠶᠠᠭᠠᠬᠢᠵᠤ ᠳᠡᠶᠢᠯᠬᠦ ᠪᠢᠯᠡ︕ ᠪᠢ ᠴᠤ ᠭᠡᠰᠡᠨ ᠥᠪᠡᠷ ᠤᠨ ᠲᠤᠰᠬᠠᠢ ᠠᠵᠢᠯ ᠳᠠᠭᠠᠭᠠᠯᠭᠠᠪᠤᠷᠢ | ᠲᠠᠢ ᠪᠠᠶᠢᠭᠰᠠᠨ᠂ ᠭᠡᠲᠡᠯ᠎ᠡ ᠣᠳᠣ ᠪᠠᠰᠠ ᠯᠠ ᠴᠢᠮ᠎ᠠ ᠲᠠᠢ ᠠᠳᠠᠯᠢ ᠣᠷᠣᠬᠤ ᠭᠡᠷ ᠣᠭᠤᠴᠢᠬᠤ ᠠᠶᠠᠭ᠎ᠠ ᠦᠭᠡᠢ ᠲᠡᠨᠦᠭᠦᠴᠢᠯᠡᠵᠦ ᠶᠠᠪᠤᠨ᠎ᠠ᠃ ᠬᠤᠯᠤᠭᠠᠨ᠎ᠠ ᠴᠤ | ᠪᠢᠳᠡᠨ ᠢ ᠳᠣᠷᠣᠰᠢᠶᠠᠨ ᠦᠵᠡᠬᠦ ᠪᠣᠯᠣᠯ᠎ᠠ᠃ ᠠᠢ᠂ ᠴᠠᠭ ᠦᠶ᠎ᠡ ᠬᠤᠪᠢᠷᠠᠵᠠᠢ᠂᠂᠂᠂︾ ᠭᠡᠵᠡᠢ᠃ | ᠲᠡᠷᠡ ᠬᠤᠶᠠᠷ ᠤᠨ ᠭᠠᠰᠢᠭᠤᠨ ᠭᠤᠨᠢᠷᠬᠠᠯᠲᠠᠢ ᠶᠠᠷᠢᠶ᠎ᠠ ᠶᠠᠪᠤᠬᠤ ᠳᠤᠲᠤᠮ ᠬᠤᠯᠠᠳᠠᠨ ᠨᠢᠭᠡ ᠮᠡᠳᠡᠬᠦ ᠳᠤ ᠦᠷ ᠴᠠᠶᠢᠯ᠎ᠠ᠃ ᠲᠡᠳᠡᠭᠡᠷ ᠤᠨ ᠠᠮᠢᠳᠤᠷᠠᠯ ᠬᠤᠵᠢᠮ | ᠶᠠᠮᠠᠷ ᠪᠣᠯᠬᠤ ᠪᠣᠯ ᠭᠡᠰᠡᠨ ᠠᠰᠠᠭᠤᠯᠲᠠ ᠶᠢᠨ ᠲᠡᠮᠳᠡᠭ ᠤᠭᠲᠠᠷᠭᠤᠢ ᠳᠤ ᠰᠢᠭᠤᠭᠳᠠᠬᠤ ᠣᠳᠣᠨ ᠮᠡᠴᠢᠳ ᠰᠢᠭ ᠠᠷᠢᠯᠤᠯ᠎ᠠ᠃ | | |