| | ᠤᠷᠠᠳ ᠮᠤᠩᠭᠤᠯᠴᠤᠳ ᠲᠡᠤᠬᠡᠨ ᠠᠴᠠ ᠪᠠᠨ ᠨᠡᠬᠦᠳᠡᠯ ᠮᠠᠶ᠋ᠢᠭ ᠤᠨ ᠴᠤᠯ ᠮᠠᠯᠵᠢᠬᠤ ᠦᠢᠯᠡᠳᠪᠦᠷᠢᠯᠡᠯ ᠡᠷᠬᠢᠯᠡᠵᠤ ᠡᠪᠡᠰᠦᠨ ᠤ ᠰᠤᠷᠭᠤᠭ᠂ ᠤᠰᠤᠨ ᠤ | ᠲᠤᠩᠭᠠᠯᠠᠭ ᠢ ᠲᠠᠭᠠᠵᠤ ᠠᠵᠤ ᠲᠦᠷᠦᠨ ᠠᠮᠢᠳᠤᠷᠠᠵᠤ ᠢᠷᠡᠭᠰᠡᠨ ᠪᠤᠯᠬᠤᠷ ᠮᠠᠯ ᠤᠨ ᠰᠦ ᠪᠠᠨ ᠠᠰᠢᠭᠯᠠᠵᠤ ᠴᠠᠭᠠᠨ ᠢᠳᠡᠭᠡᠨ ᠪᠤᠯᠭᠠᠬᠤ ᠲᠠᠯ᠎ᠠ ᠪᠠᠷ ᠦᠪᠡᠷᠮᠢᠴᠡ | ᠠᠷᠭ᠎ᠠ ᠲᠤᠷᠰᠢᠯᠭ᠎ᠠ ᠪᠠ ᠠᠪᠢᠶᠠᠰ ᠲᠠᠢ ᠪᠠᠶᠢᠳᠠᠭ᠃ ᠲᠡᠶᠢᠮᠦ ᠠᠴᠠ ᠲᠠᠲᠡᠨ ᠤ ᠴᠠᠭᠠᠨ ᠢᠳᠡᠭᠡᠨ ᠤ ᠨᠡᠷᠡᠶᠢᠳᠤᠯ ᠵᠢᠴᠢ ᠴᠠᠭᠠᠨ ᠢᠳᠡᠭᠡᠨ ᠢ ᠡᠳ᠋ᠰᠢᠬᠦᠯᠦᠨ | ᠪᠤᠯᠪᠠᠰᠤᠷᠠᠭᠤᠯᠬᠤ ᠨᠢ ᠴᠤ ᠦᠪᠡᠷᠮᠢᠴᠡ ᠤᠨᠴᠠᠯᠢᠭ ᠲᠠᠢ ᠪᠢᠯᠡ᠃ | ᠤᠷᠠᠳᠴᠤᠳ ᠠᠷᠠᠴᠢᠯᠠᠵᠤ ᠮᠠᠯᠵᠢᠭᠰᠠᠨ ᠲᠠᠪᠤᠨ ᠬᠤᠰᠢᠭᠤ ᠮᠠᠯ ᠢᠶᠠᠨ ᠪᠦᠬᠦᠨ ᠢ ᠰᠠᠭᠠᠵᠤ ᠴᠠᠭᠠᠨ ᠢᠳᠡᠭᠡᠨ ᠪᠤᠯᠪᠠᠰᠤᠷᠠᠭᠤᠯᠳᠠᠭ᠃ ᠭᠡᠪᠡᠴᠤ ᠬᠡᠬᠦᠦ ᠪᠠᠨ | ᠰᠠᠭᠠᠵᠤ ᠵᠦᠪᠬᠡᠨ ᠴᠡᠭᠡ ᠨᠡᠷᠡᠬᠦ ᠠᠴᠠ ᠪᠢᠰᠢ ᠪᠤᠰᠤᠳ ᠢᠳᠡᠭᠡᠨ ᠪᠤᠯᠪᠠᠰᠤᠷᠠᠭᠤᠯᠳᠠᠭ ᠦᠬᠡᠢ᠃ ᠬᠠᠷᠢᠨ ᠦᠨᠢᠶ᠎ᠡ ᠢᠩᠭᠡ ᠬᠤᠨᠢ ᠢᠮᠠᠭ᠎ᠠ ᠪᠠᠨ ᠰᠠᠭᠠᠵᠤ ᠤᠯᠠᠨ | ᠵᠦᠢᠯ ᠤᠨ ᠨᠡᠷᠡᠶᠢᠳᠦᠯ ᠲᠠᠢ ᠴᠠᠭᠠᠨ ᠢᠳᠡᠭᠡᠨ ᠪᠤᠯᠪᠠᠰᠤᠷᠠᠭᠤᠯᠵᠤ᠂ ᠢᠳᠡᠭᠡᠨ ᠪᠠ ᠤᠮᠳᠠᠭᠠᠨ ᠡᠳ᠋ᠰᠢᠬᠦᠯᠦᠨ ᠪᠤᠯᠪᠠᠰᠤᠷᠠᠭᠤᠯᠳᠠᠭ ᠵᠠᠩ ᠠᠷᠠᠨᠰᠢᠨ ᠠᠷᠭ᠎ᠠ ᠲᠡᠮ ᠲᠠᠢ | ᠪᠠᠶᠢᠳᠠᠭ ᠶᠤᠮ᠃ | | | | ᠴᠠᠭᠠᠨ ᠢᠳᠡᠭᠡᠨ ᠤ ᠨᠡᠷᠡᠶᠢᠳᠦᠯ ᠲᠦᠷᠦᠯ ᠵᠦᠢᠯ ᠠᠴᠠ ᠲᠦᠬᠦᠮ ᠲᠤᠷᠠᠳᠪᠠᠯ᠄ | ᠰᠠᠭᠠᠮᠠᠯ ᠰᠦ — — — ᠰᠠᠶ᠋ᠢᠬᠠᠨ ᠰᠠᠭᠠᠵᠤ ᠭᠠᠷᠭᠠᠭᠰᠠᠨ ᠲᠦᠬᠦᠬᠡᠢ ᠰᠦ ᠪᠠᠨ ︽ᠰᠠᠭᠠᠮᠠᠯ ᠰᠦ︾ ᠭᠡᠳᠡᠭ᠃ ᠰᠠᠭᠠᠮᠠᠯ ᠭᠡᠰᠡᠨ ᠨᠢ ᠰᠠᠶ᠋ᠢᠬᠠᠨ ᠰᠠᠭᠠᠵᠤ | ᠭᠠᠷᠭᠠᠭᠰᠠᠨ ᠰᠦ ᠭᠡᠳᠡᠭ ᠤᠳᠬ᠎ᠠ ᠲᠠᠢ ᠨᠡᠷ᠎ᠡ ᠦᠬᠡ ᠶᠤᠮ᠃ ᠰᠠᠭᠠᠮᠠᠯ ᠰᠦ ᠪᠠᠨ ᠤᠤᠭᠤᠬᠤ᠂ ᠬᠡᠤᠬᠡᠳ ᠲᠡᠵᠢᠬᠡᠬᠦ᠂ ᠴᠠᠢ ᠰᠦᠯᠡᠬᠦ ᠪᠠ ᠲᠠᠬᠢᠨ | ᠪᠤᠯᠪᠠᠰᠤᠷᠠᠭᠤᠯᠳᠠᠭ᠃ | ᠦᠷᠦᠮ᠎ᠡ — — — ᠨᠡᠶᠢᠳᠡ ᠲᠦᠷᠪᠡᠨ ᠵᠦᠢᠯ ᠪᠠᠶᠢᠳᠠᠭ᠃ ᠡᠬᠦᠨ ᠳᠤ ᠬᠠᠮᠤᠭᠰᠠᠨ ᠦᠷᠦᠮ᠎ᠡ᠂ ᠪᠤᠯᠭᠤᠭᠰᠠᠨ ᠦᠷᠦᠮ᠎ᠡ᠂ ᠪᠦᠯᠢᠭᠰᠡᠨ ᠦᠷᠦᠮ᠎ᠡ᠂ ᠬᠠᠳᠠᠭᠠᠭᠰᠠᠨ | ᠦᠷᠦᠮ᠎ᠡ ᠬᠡᠵᠤ ᠲᠤᠰ ᠲᠤᠰ ᠢᠯᠭᠠᠨ ᠰᠠᠯᠭᠠᠵᠤ ᠨᠡᠷᠡᠯᠡᠳᠡᠭ᠃ | 1᠂ ᠰᠠᠭᠠᠭᠰᠠᠨ ᠰᠠᠭᠠᠮᠠᠯ ᠰᠦ ᠪᠠᠨ ᠰᠠᠪᠠᠨ ᠳᠤ ᠲᠠᠯᠪᠢᠭᠠᠳ ᠡᠭᠡᠳᠡᠬᠦᠯᠵᠤ ᠲᠡᠭᠡᠷᠡᠬᠢ ᠦᠷᠦᠮ᠎ᠡ ᠶᠢ ᠨᠢ ᠬᠠᠮᠤᠵᠤ ᠠᠪᠤᠭᠰᠠᠨ ᠢᠶᠠᠨ ︽ᠬᠠᠮᠤᠭᠰᠠᠨ | ᠦᠷᠦᠮ᠎ᠡ ᠬᠡᠬᠦ ᠪᠤᠶᠤ ᠲᠦᠭᠦᠬᠡᠢ ᠦᠷᠦᠮ᠎ᠡ︾ ᠬᠡᠳᠡᠭ᠃ | 2᠂ ᠰᠠᠭᠠᠭᠰᠠᠨ ᠰᠠᠭᠠᠮᠠᠯ ᠰᠦ ᠪᠠᠨ ᠲᠡᠷᠡ ᠲᠤᠤᠷ᠎ᠠ ᠨᠢ ᠲᠤᠭᠤᠭᠠᠨ ᠳᠤ ᠬᠢᠵᠤ ᠬᠦᠭᠡᠷᠦᠬᠦᠯᠵᠤ ᠪᠤᠴᠠᠯᠭᠠᠨ ᠲᠡᠷᠡ ᠲᠤᠤᠷ᠎ᠠ ᠨᠢ ᠲᠠᠬᠢᠨ ᠭᠠᠷᠭᠠᠵᠤ | ᠠᠪᠤᠭᠠᠳ ᠰᠠᠪᠠᠨ ᠳᠤ ᠲᠡᠪᠰᠢᠯᠡᠵᠤ ᠲᠠᠯᠪᠢᠨ ᠡᠭᠡᠳᠡᠬᠦᠯᠵᠤ ᠲᠡᠭᠡᠷᠡᠬᠢ ᠦᠷᠦᠮ᠎ᠡ ᠶᠢ ᠨᠢ ᠬᠠᠮᠤᠵᠤ ᠠᠪᠤᠭᠰᠠᠨ ᠢᠶᠠᠨ ︽ᠪᠤᠯᠭᠤᠭᠰᠠᠨ ᠦᠷᠦᠮ᠎ᠡ︾ ᠭᠡᠳᠡᠭ᠃ | 3᠂ ᠰᠠᠭᠠᠭᠰᠠᠨ ᠰᠠᠭᠠᠮᠠᠯ ᠰᠦ ᠪᠠᠨ ᠲᠡᠷᠡ ᠲᠠᠷᠤᠢ ᠳᠤ ᠨᠢ ᠲᠤᠭᠤᠭᠠᠨ ᠳᠤ ᠬᠢᠵᠤ ᠠᠷᠭᠠᠯ ᠲᠦᠯᠡᠬᠡᠨ ᠭᠠᠯ ᠢᠶᠠᠷ ᠵᠦᠭᠡᠯᠡᠨ ᠬᠦᠬᠡᠷᠦᠬᠦᠯᠵᠤ ᠤᠬᠤᠷ ︵ | ᠵᠢᠭᠠᠬᠠᠨ︶ ᠰᠢᠨᠠᠭ᠎ᠠ ᠪᠠᠷ ᠤᠯᠠᠨ ᠤᠳᠠᠭ᠎ᠠ ᠰᠠᠮᠤᠷᠤᠭᠠᠳ ᠲᠡᠭᠡᠷ᠎ᠡ ᠨᠢ ᠤᠪᠤᠶᠢᠲᠠᠯᠠ ᠬᠦᠭᠡᠰᠦ ᠭᠠᠷᠭᠠᠭᠰᠠᠨ ᠤ ᠲᠠᠷᠠᠭ᠎ᠠ ᠭᠠᠯ ᠤᠨ ᠬᠦᠴᠦᠨ ᠢᠶᠠᠨ ᠪᠠᠭᠠᠰᠬᠠᠨ | ᠲᠠᠷᠤᠭᠠᠳ ᠬᠦᠷᠦᠭᠡᠭᠰᠡᠨ ᠤ ᠲᠠᠷᠠᠭ᠎ᠠ ᠲᠡᠭᠡᠷ᠎ᠡ ᠨᠢ ᠬᠠᠳᠠᠭᠤᠷᠠᠨ ᠴᠠᠷᠴᠠᠭᠰᠠᠨ ᠦᠷᠦᠮ᠎ᠡ ᠪᠠᠨ ᠲᠤᠰᠬᠠᠢ ᠵᠤᠬᠢᠶᠠᠭᠰᠠᠨ ᠰᠠᠪᠬ᠎ᠠ ᠮᠤᠳᠤ ᠪᠠᠷ ᠭᠤᠤᠯ ᠢᠶᠠᠷ ᠨᠢ | ᠤᠷᠤᠭᠤᠯᠵᠤ ᠡᠯᠬᠦᠨ ᠲᠠᠪᠬᠤᠷᠯᠠᠵᠤ ᠠᠪᠤᠭᠠᠳ ᠰᠠᠯᠬᠢᠨ ᠨᠠᠷᠠᠨ ᠳᠤ ᠠᠷᠢᠭᠤᠨ ᠴᠡᠪᠡᠷ ᠭᠠᠵᠠᠷ ᠠᠭᠤᠷᠰᠢᠭᠤᠯᠤᠨ ᠬᠠᠳᠠᠭᠠᠵᠤ ᠲᠠᠯ᠎ᠠ ᠲᠤᠭᠤᠷᠢᠭ ᠬᠡᠯᠪᠡᠷᠢ ᠲᠠᠢ | ᠪᠤᠯᠭᠠᠨ ᠬᠠᠳᠠᠭᠠᠭᠰᠠᠨ ᠢᠶᠠᠨ ︽ᠬᠠᠳᠠᠭᠠᠭᠰᠠᠨ ᠦᠷᠦᠮ᠎ᠡ︾ ᠭᠡᠳᠡᠭ᠃ ᠬᠠᠳᠠᠭᠠᠭᠰᠠᠨ ᠦᠷᠦᠮ᠎ᠡ ᠠᠪᠤᠭᠰᠠᠨ ᠰᠦ ᠪᠠᠨ ︽ᠬᠦᠭᠡᠷᠦᠬᠦᠯᠦᠭᠰᠡᠨ ᠰᠦ︾ ᠬᠡᠵᠤ | ᠨᠡᠷᠡᠯᠡᠭᠡᠳ᠂ ᠤᠤᠭᠤᠬᠤ᠂ ᠬᠡᠤᠬᠡᠳ ᠲᠡᠵᠢᠬᠡᠬᠦ᠂ ᠴᠠᠢ ᠰᠦᠯᠡᠬᠦ ᠂ ᠡᠭᠡᠳᠡᠭᠰᠡᠨ ᠰᠦ ᠲᠠᠢ ᠪᠠᠨ ᠬᠠᠮᠳᠤᠷᠠᠭᠤᠯᠵᠤ ᠸᠠᠭᠠᠷ ᠰᠠᠪᠠᠨ ᠳᠤ ᠰᠠᠪᠠᠯᠠᠵᠤ ᠠᠶᠢᠷᠠᠭ ᠪᠤᠯᠭᠠᠨ | ᠲᠠᠬᠢᠨ ᠪᠤᠴᠠᠯᠭᠠᠵᠤ ᠰᠢᠷᠠᠰᠤ ᠶᠢ ᠰᠢᠬᠠᠨ ᠭᠠᠷᠭᠠᠭᠠᠳ ᠠᠭᠠᠷᠤᠤᠯ ᠬᠤᠷᠤᠳ ᠪᠠᠵᠠᠵᠤ ᠬᠡᠪᠯᠡᠳᠡᠭ ᠵᠠᠩᠰᠢᠯ ᠲᠠᠢ᠃ | 4᠂ ᠰᠠᠭᠠᠭᠰᠠᠨ ᠰᠠᠭᠠᠮᠠᠯ ᠰᠦ ᠪᠠᠨ ᠪᠠᠭ᠎ᠠ ᠰᠢᠭ᠋ ᠠᠮᠠᠰᠠᠷ ᠲᠠᠢ ᠪᠦᠭᠡᠷᠡᠩᠬᠡᠢ ᠬᠡᠯᠪᠡᠷᠢ ᠲᠠᠢ ᠸᠠᠭᠠᠷ ᠲᠤ ᠰᠠᠪᠠᠯᠠᠵᠤ ᠲᠠᠯᠪᠢᠭᠠᠳ ᠦᠷᠦᠮ᠎ᠡ ᠲᠠᠢ ᠨᠢ | ᠡᠭᠡᠳᠡᠬᠦᠯᠦᠭᠰᠡᠨ ᠤ ᠰᠡᠭᠦᠯᠡᠷ ᠪᠦᠯᠢᠵᠤ ᠦᠷᠦᠮ᠎ᠡ ᠰᠦ ᠶᠢ ᠨᠢ ᠢᠯᠭᠠᠵᠤ ᠬᠠᠮᠤᠵᠤ ᠠᠪᠤᠭᠰᠠᠨ ᠢᠶᠠᠨ ︽ᠪᠦᠯᠢᠭᠰᠡᠨ ᠦᠷᠦᠮ᠎ᠡ︾ ᠬᠡᠳᠡᠭ᠃ | ᠰᠢᠷ᠎ᠠ ᠲᠤᠰᠤ — — — ᠤᠷᠠᠳᠴᠤᠳ ᠬᠠᠮᠤᠭᠰᠠᠨ ︵ᠲᠦᠬᠦᠬᠡᠢ︶ ᠪᠠ ᠪᠦᠯᠢᠭᠰᠡᠨ ᠬᠤᠶᠠᠷ ᠵᠦᠢᠯ ᠤᠨ ᠦᠷᠦᠮ᠎ᠡ ᠪᠠᠨ ᠲᠤᠭᠤᠭᠠᠨ ᠳᠤ ᠬᠢᠵᠤ ᠪᠤᠴᠠᠯᠭᠠᠨ | ᠬᠠᠶᠢᠯᠤᠭᠤᠯᠤᠭᠠᠳ ᠰᠢᠬᠠᠵᠤ ᠭᠠᠷᠭᠠᠭᠰᠠᠨ ᠲᠤᠰᠤ ᠪᠠᠨ ︽ᠰᠢᠷ᠎ᠠ ᠲᠤᠰᠤ︾ ᠭᠡᠳᠡᠭ᠃ ᠰᠢᠷ᠎ᠠ ᠲᠤᠰᠤ ᠪᠤᠯ ᠴᠠᠭᠠᠨ ᠢᠳᠡᠭᠡᠨ ᠤ ᠤᠬᠢ ᠪᠤᠯᠤᠨ᠎ᠠ᠃ | ᠵᠦᠭᠡᠭᠡᠢ — — — ᠰᠢᠷ᠎ᠠ ᠲᠤᠰᠤ ᠠᠴᠠ ᠰᠠᠯᠭᠠᠵᠤ ᠦᠯᠡᠳᠡᠭᠡᠭᠰᠡᠨ ᠬᠦᠷᠡᠩ ᠦᠩᠭᠡᠲᠠᠢ ᠰᠢᠭᠠᠷᠤ ᠶᠢ ︽ᠵᠦᠭᠡᠭᠡᠢ︾ ᠭᠡᠳᠡᠭ᠃ | ᠡᠭᠡᠳᠡᠭᠰᠡᠨ ᠰᠦ — — — ᠰᠠᠪᠠᠨ ᠳᠤ ᠲᠡᠪᠰᠢᠯᠡᠭᠡᠳ ᠡᠭᠡᠳᠡᠬᠦᠯᠵᠤ ᠦᠷᠦᠮ᠎ᠡ ᠶᠢ ᠨᠢ ᠬᠠᠮᠤᠭᠠᠳ ᠬᠤᠴᠤᠷᠤᠭᠰᠠᠨ ᠰᠦ ᠪᠠᠨ ︽ᠡᠭᠡᠳᠡᠭᠰᠡᠨ ᠰᠦ︾ ᠬᠡᠳᠡᠭ᠃ | ᠲᠠᠷᠤᠢ ᠰᠠᠭᠠᠮᠠᠯ ᠡᠭᠡᠳᠡᠭᠡᠭᠰᠡᠨ ᠪᠠ ᠪᠤᠯᠭᠤᠵᠤ ᠡᠭᠡᠳᠡᠭᠡᠭᠰᠡᠨ ᠰᠦ ᠬᠡᠵᠤ ᠢᠯᠭᠠᠨ ᠰᠠᠯᠭᠠᠵᠤ ᠨᠡᠷᠡᠯᠡᠳᠡᠭ ᠵᠠᠩᠰᠢᠯ ᠲᠠᠢ᠃ | ᠪᠦᠯᠢᠭᠰᠡᠨ ᠰᠦ — — — ᠸᠠᠭᠠᠷ ᠲᠤ ᠰᠠᠪᠠᠯᠠᠵᠤ ᠡᠭᠡᠳᠡᠬᠦᠯᠦᠭᠡᠳ ᠪᠦᠯᠢᠵᠤ ᠦᠷᠦᠮ᠎ᠡ ᠶᠢ ᠨᠢ ᠢᠯᠭᠠᠷᠠᠭᠤᠯᠵᠤ ᠠᠪᠤᠭᠰᠠᠨ ᠰᠦ ᠪᠠᠨ ︽ᠪᠦᠯᠢᠭᠰᠡᠨ ᠰᠦ︾ | ᠭᠡᠳᠡᠭ᠃ | | | | | ᠤᠷᠠᠳᠴᠤᠳ ᠪᠤᠯᠭᠤᠭᠰᠠᠨ ᠪᠠ ᠬᠠᠳᠠᠭᠠᠭᠰᠠᠨ ᠦᠷᠦᠮ᠎ᠡ ᠪᠠᠷ ᠰᠢᠷ᠎ᠠ ᠲᠤᠰᠤ ᠰᠢᠬᠠᠳᠠᠭ ᠦᠬᠡᠢ᠃ ᠵᠦᠪᠬᠡᠨ ᠪᠤᠯᠭᠤᠭᠰᠠᠨ ᠪᠤᠳᠠᠭ᠎ᠠ᠂ ᠪᠤᠤᠪᠤ᠂ ᠠᠭᠠᠷᠤᠤᠯ᠂ | ᠵᠡᠷᠭᠡ ᠢᠳᠡᠭᠡᠨ ᠲᠠᠢ ᠴᠠᠢ ᠤᠤᠭᠤᠬᠤ ᠳᠤ ᠪᠠᠨ ᠬᠤᠯᠢᠰᠢ ᠠᠮᠲᠠ ᠪᠤᠯᠭᠠᠳᠠᠭ ᠵᠠᠩᠰᠢᠯ ᠲᠠᠢ᠃ | ᠱᠦᠬᠦᠮᠡᠯ — — — ᠡᠭᠡᠳᠡᠬᠦᠯᠦᠭᠰᠡᠨ ︵ᠰᠠᠭᠠᠮᠠᠯ ᠪᠤᠯᠭᠤᠭᠰᠠᠨ ᠪᠦᠷ ᠪᠠᠭᠳᠠᠨ᠎ᠠ︶ ᠪᠦᠯᠢᠭᠰᠡᠨ ᠰᠦ ᠶᠢᠨ ᠦᠷᠦᠮ᠎ᠡ ᠪᠠᠨ ᠬᠠᠮᠤᠵᠤ ᠢᠯᠭᠠᠷᠠᠭᠤᠯᠤᠨ ᠠᠪᠤᠮᠠᠭᠴᠠ | ᠰᠦ ᠶᠢ ᠨᠢ ᠲᠤᠭᠤᠭᠠᠨ ᠳᠤ ᠬᠢᠵᠤ ᠵᠦᠭᠡᠯᠡᠨ ᠭᠠᠯ ᠢᠶᠠᠷ ᠵᠤᠬᠢᠮᠵᠢᠲᠠᠢ ᠬᠠᠯᠠᠭᠤᠯᠤᠨ ᠠᠭᠠᠷᠴᠠ ᠱᠦᠬᠦᠳᠡᠭ ᠪᠦᠰ ᠤᠭᠤᠲᠠᠨ ᠳᠤ ᠪᠠᠨ ᠰᠠᠪᠠᠯᠠᠵᠤ ᠲᠠᠷᠤᠭᠠᠳ | ᠰᠠᠷᠠᠰᠤ ᠶᠢ ᠨᠢ ᠰᠢᠬᠠᠵᠤ ᠭᠠᠷᠭᠠᠭᠰᠠᠨ ᠤ ᠲᠠᠷᠠᠭ᠎ᠠ ᠭᠠᠷ ᠢᠶᠠᠷ ᠪᠠᠵᠠᠬᠤ ᠦᠬᠡᠢ ᠪᠠᠷ ᠪᠤᠲᠠᠷᠠᠭᠠᠨ ᠬᠠᠳᠠᠭᠠᠭᠰᠠᠨ ᠠᠭᠠᠷᠤᠤᠯ ᠢᠶᠠᠨ ︽ᠱᠦᠬᠦᠮᠡᠯ︾ ᠭᠡᠳᠡᠭ᠃ | ᠱᠦᠬᠦᠮᠡᠯ ᠪᠤᠯ ᠬᠦᠴᠢᠯᠢᠭ ᠦᠬᠡᠢ ᠪᠦᠭᠡᠳ ᠬᠠᠳᠠᠭᠤᠯᠢᠭ ᠴᠢᠨᠠᠷ ᠲᠠᠢ ᠪᠠᠶᠢᠳᠠᠭ᠃ | ᠴᠠᠭ᠎ᠠ — — — ᠡᠭᠡᠳᠡᠬᠦᠯᠦᠭᠰᠡᠨ ︵ᠰᠠᠭᠠᠮᠠᠯ ᠪᠤᠯᠭᠤᠭᠰᠠᠨ ᠪᠦᠷ ᠪᠠᠭᠳᠠᠨ᠎ᠠ︶ ᠪᠦᠯᠢᠭᠰᠡᠨ ᠰᠦ ᠪᠠᠨ ᠪᠦᠳᠦᠬᠦᠨ ᠰᠢᠭ ᠪᠡᠶ᠎ᠡ ᠲᠠᠢ ᠠᠮᠠᠰᠠᠷ ᠪᠠᠭ᠎ᠠ ᠸᠠᠭᠠᠷ ᠲᠤ | ᠴᠤᠭᠯᠠᠭᠤᠯᠤᠨ ᠬᠠᠳᠠᠭᠠᠯᠠᠵᠤ ᠲᠠᠯᠪᠢᠭᠠᠳ ᠲᠤᠯᠠᠭᠠᠨ ᠢ ᠠᠩᠬᠠᠷᠤᠨ ᠵᠤᠬᠢᠴᠠᠭᠤᠯᠵᠤ ᠦᠷᠬᠦᠯᠵᠢ ᠪᠦᠯᠢᠵᠤ ᠬᠦᠳᠡᠯᠭᠡᠵᠤ ᠪᠠᠶᠢᠭᠠᠳ ᠬᠦᠴᠢᠯᠢᠭ ᠴᠢᠨᠠᠷ ᠲᠠᠢ ᠪᠤᠯᠭᠠᠬᠤ | ᠪᠠᠨ ︽ᠴᠠᠭ᠎ᠠ︾ ᠭᠡᠳᠡᠭ᠃ | ᠠᠭᠠᠷᠤᠤᠯ ᠬᠤᠷᠤᠳ — — — ᠴᠠᠭ᠎ᠠ ᠪᠠᠨ ᠴᠢᠨᠠᠵᠤ ᠲᠤᠰᠬᠠᠢ ᠤᠭᠤᠲᠠ ᠪᠠᠷ ᠰᠢᠷᠠᠰᠤ ᠶᠢ ᠨᠢ ᠱᠦᠭᠦᠷᠡᠬᠦᠯᠦᠨ ᠭᠠᠷᠭᠠᠭᠰᠠᠨ ᠤ ᠲᠠᠷᠠᠭ᠎ᠠ ᠠᠭᠠᠷᠤᠤᠯ ᠪᠠᠵᠠᠵᠤ | ᠬᠤᠷᠤᠳ ᠬᠡᠪᠯᠡᠳᠡᠭ᠃ ᠲᠡᠬᠦᠨ ᠢ ᠪᠠᠨ ᠲᠡᠳᠡ ᠬᠦᠴᠢᠯᠢᠭ ︽ᠠᠭᠠᠷᠤᠤᠯ ᠬᠤᠷᠤᠳ︾ ᠬᠡᠳᠡᠭ᠃ ᠭᠠᠷ ᠢᠶᠠᠷ ᠢᠶᠠᠨ ᠪᠠᠵᠠᠵᠤ ᠲᠠᠪᠤᠨ ᠬᠤᠷᠤᠭᠤᠨ ᠤ ᠵᠠᠪᠰᠠᠷ ᠢᠶᠠᠷ | ᠭᠠᠷᠭᠠᠭᠰᠠᠨ ᠢᠶᠠᠨ ︽ᠠᠭᠠᠷᠤᠤᠯ︾ ᠬᠡᠵᠤ᠂ ᠲᠤᠰᠬᠠᠢ ᠬᠡᠪ ᠵᠠᠭᠪᠤᠷ ᠢᠶᠠᠷ ᠵᠤᠬᠢᠶᠠᠭᠰᠠᠨ ᠢᠶᠠᠨ ︽ᠬᠤᠷᠤᠳ︾ ᠬᠡᠳᠡᠭ᠃ | ᠠᠶᠢᠷᠠᠭ — — — ᠴᠠᠭ᠎ᠠ ᠳᠤ ᠪᠠᠨ ᠬᠦᠷᠦᠩᠭᠡ ᠤᠷᠤᠭᠤᠯᠵᠤ᠂ ᠭᠤᠤᠯᠳᠠᠭᠤ ᠤᠨᠠᠭᠠᠨ ᠤ ᠵᠠᠭᠤᠰᠢ ᠲᠠᠢ ᠲᠤᠰᠬᠠᠢ ᠬᠦᠷᠦᠩᠭᠡ ᠵᠠᠯᠠᠳᠠᠭ᠃ ᠦᠷᠬᠦᠯᠵᠢᠯᠡᠨ | ᠢᠰᠭᠡᠵᠤ ᠤᠨᠴᠠ ᠬᠦᠴᠢᠯᠢᠭ ᠠᠮᠲᠠ ᠲᠠᠢ ᠪᠤᠯᠭᠠᠬᠤ ᠪᠠᠨ ︽ᠠᠶᠢᠷᠠᠭ︾ ᠬᠡᠳᠡᠭ᠃ | ᠠᠭᠠᠷᠴᠠ — — — ᠤᠷᠠᠳᠴᠤᠳ ᠡᠭᠡᠳᠡᠭᠰᠡᠨ ᠪᠠ ᠬᠦᠴᠢᠯᠢᠭ ᠰᠦ ᠪᠠᠨ ᠴᠢᠨᠠᠭᠠᠳ ᠴᠡᠪᠡᠷ ᠴᠠᠭᠠᠨ ᠪᠦᠰ ᠤᠭᠤᠳᠠᠨ ᠳᠤ ᠰᠠᠪᠠᠯᠠᠵᠤ ᠰᠢᠷᠠᠰᠤ ᠶᠢ ᠨᠢ ᠰᠢᠬᠠᠵᠤ | ᠭᠠᠷᠭᠠᠭᠰᠠᠨ ᠠᠭᠰᠢᠭᠤᠨ ᠰᠦ ᠪᠠᠨ ︽ᠠᠭᠠᠷᠴᠠ︾ ᠭᠡᠳᠡᠭ᠃ | ᠲᠤᠭᠤᠭ᠎ᠠ ᠨᠡᠷᠡᠭᠰᠡᠨ ᠠᠶᠢᠷᠠᠭ ᠲᠤᠳᠤᠷ᠎ᠠ ᠪᠠᠨ ᠲᠠᠬᠢᠨ ᠵᠤᠬᠢᠬᠤ ᠬᠠᠷᠢᠴᠠᠯ ᠤᠨ ᠬᠦᠭᠡᠷᠦᠬᠦᠯᠦᠭᠰᠡᠨ ᠰᠦ ᠨᠡᠮᠡᠵᠤ ᠬᠤᠳᠬᠤᠵᠤ ᠨᠠᠶᠢᠷᠠᠭᠤᠯᠤᠭᠠᠳ ᠠᠭᠠᠷᠴᠠ ᠶᠢᠨ | ᠤᠭᠤᠳᠠ ᠪᠠᠷ ᠰᠢᠷᠠᠰᠤ ᠶᠢ ᠨᠢ ᠰᠢᠬᠠᠵᠤ ᠭᠠᠷᠭᠠᠭᠠᠳ ᠠᠭᠠᠷᠤᠤᠯ ᠪᠠᠵᠠᠵᠤ ᠬᠤᠷᠤᠳ ᠬᠡᠪᠯᠡᠳᠡᠭ ᠶᠤᠮ᠃ ᠠᠶᠢᠷᠠᠭ ᠢᠶᠠᠷ ᠬᠠᠳᠠᠭᠠᠵᠤ ᠭᠠᠷᠭᠠᠭᠰᠠᠨ ᠠᠭᠠᠷᠤᠤᠯ | ᠬᠤᠷᠤᠳ ᠪᠤᠯ ᠤᠨᠴᠠ ᠰᠠᠶᠢᠨ ᠢᠳᠡᠭᠡᠨ ᠪᠦᠭᠡᠳ ᠡᠪᠡᠳᠴᠢᠨ ᠬᠡᠮ ᠬᠢᠵᠢᠭ ᠵᠠᠰᠠᠬᠤ᠂ ᠬᠤᠤᠷᠳᠠᠭᠳᠠᠯ ᠢ ᠲᠠᠶᠢᠯᠠᠬᠤ ᠤᠨᠴᠠ ᠦᠢᠯᠡᠳᠦᠯ ᠲᠠᠢ ᠢᠳᠡᠭᠡᠨ ᠶᠤᠮ᠃ | ᠲᠠᠰᠢᠯᠭ᠎ᠠ᠂ ᠡᠭᠡᠵᠡᠭᠡᠢ — — — ᠤᠷᠠᠳᠴᠤᠳ ᠨᠠᠮᠤᠷ ᠤᠨ ᠰᠡᠬᠦᠯᠴᠢ ᠡᠪᠦᠯ ᠤᠨ ᠤᠯᠠᠷᠢᠯ ᠳᠤ ᠦᠨᠢᠶ᠎ᠡ᠂ ᠢᠩᠭᠡ ᠪᠠᠨ ᠰᠠᠭᠠᠭᠠᠳ ᠰᠢᠷ᠎ᠠ ᠤᠰᠤᠨ ᠳᠤ | ᠢᠳᠡᠭᠡᠯᠡᠵᠤ ᠪᠤᠯᠪᠠᠰᠤᠷᠠᠭᠤᠯᠤᠭᠰᠠᠨ ᠬᠦᠵᠡᠭᠡ ᠡᠰᠡᠬᠦᠯ᠎ᠡ ᠴᠡᠪᠡᠷ ᠴᠠᠭᠠᠨ ᠪᠦᠰ ᠢᠶᠠᠷ ᠲᠠᠪᠬᠤᠷᠯᠠᠵᠤ ᠤᠶᠤᠭᠰᠠᠨ ᠤᠭᠤᠳᠠ ᠪᠤᠶᠤ ᠬᠤᠨᠢ ᠢᠮᠠᠭᠠᠨ ᠤ ᠠᠷᠠᠰᠤ ᠪᠠᠷ | ᠢᠳᠡᠭᠡᠯᠡᠵᠤ ᠤᠷᠠᠯᠠᠨ ᠤᠶᠤᠭᠰᠠᠨ ᠬᠦᠬᠦᠷ ᠲᠤᠯᠤᠮ ᠳᠤ ᠪᠠᠨ ᠰᠠᠭᠠᠮᠠᠯ ᠰᠦ ᠪᠠᠨ ᠲᠡᠷᠡ ᠬᠡᠪ ᠢᠶᠠᠷ ᠨᠢ ᠰᠠᠪᠠᠯᠠᠵᠤ ᠬᠤᠷᠠᠮᠳᠤᠭᠤᠯᠤᠭᠠᠳ ᠢᠳᠡᠭᠡᠨ ᠪᠤᠯᠭᠠᠳᠠᠭ᠃ | ᠲᠡᠬᠦᠨ ᠢ ᠪᠠᠨ ︽ ᠲᠠᠰᠢᠯᠭ᠎ᠠ ᠪᠤᠶᠤ ᠡᠭᠡᠵᠡᠭᠡᠢ︾ ᠬᠡᠳᠡᠭ᠃ ᠲᠡᠷᠡ ᠨᠢ ᠲᠤᠰᠤᠯᠢᠭ ᠪᠦᠭᠡᠳ ᠠᠮᠳᠠᠯᠢᠭ᠂ ᠡᠪᠦᠯ ᠬᠠᠪᠤᠷ ᠤᠨ ᠰᠦ ᠴᠠᠭ᠎ᠠ ᠬᠤᠪᠤᠷ ᠴᠤᠬᠠᠭ | ᠤᠯᠠᠷᠢᠯ ᠳᠤ ᠢᠳᠡᠬᠦ ᠭᠤᠶᠤ ᠰᠠᠶᠢᠬᠠᠨ ᠴᠠᠭᠠᠨ ᠢᠳᠡᠭᠡᠨ ᠪᠤᠯᠳᠠᠭ᠃ | ᠴᠡᠭᠡ — — — ᠭᠡᠭᠦᠦ ᠰᠠᠭᠠᠵᠤ ᠴᠡᠭᠡ ᠢᠰᠭᠡᠳᠡᠭ᠃ ᠴᠡᠭᠡ ᠶᠢᠨ ᠬᠦᠷᠦᠩᠭᠡ ᠪᠠᠨ ᠤᠨᠠᠭᠠᠨ ᠤ ᠵᠠᠭᠤᠰᠢ ᠪᠠᠨ ᠤᠬᠢᠶᠠᠵᠤ ᠴᠡᠪᠡᠷ ᠴᠠᠭᠠᠨ ᠪᠦᠰ ᠲᠤ ᠬᠢᠵᠤ | ᠤᠶᠤᠭᠠᠳ ᠴᠡᠭᠡ ᠰᠦ ᠲᠤᠳᠤᠷ᠎ᠠ ᠪᠠᠨ ᠲᠠᠯᠪᠢᠵᠤ ᠬᠦᠷᠦᠩᠭᠡ ᠪᠤᠯᠭᠠᠬᠤ ᠪᠠ ᠪᠤᠰᠤᠳ ᠠᠴᠠ ᠬᠦᠷᠦᠩᠭᠡ ᠵᠠᠯᠠᠬᠤ ᠶᠢ ᠤᠶᠠᠯᠳᠤᠭᠤᠯᠳᠠᠭ᠃ ᠴᠡᠭᠡ ᠪᠤᠯ ᠢᠳᠡᠭᠡᠨ | ᠮᠦᠷᠲᠡᠭᠡᠨ ᠤᠮᠳᠠᠭᠠᠨ ᠪᠤᠯᠳᠠᠭ᠂ ᠪᠠᠰᠠ ᠡᠪᠡᠳᠴᠢᠨ ᠠᠷᠬᠠᠭ ᠵᠠᠰᠠᠬᠤ ᠡᠮ ᠤᠨ ᠦᠢᠯᠡᠳᠦᠯ ᠲᠠᠢ ᠪᠠᠶᠢᠳᠠᠭ᠃ | | | | | | | ᠵᠤᠷᠢᠭᠪᠠᠭᠠᠳᠤᠷ ᠤᠨ ᠨᠠᠶᠢᠷᠠᠭᠤᠯᠤᠨ ᠵᠤᠬᠢᠶᠠᠭᠰᠠᠨ ︽ᠤᠷᠠᠨ ᠲᠠᠷᠬᠠᠨ ᠤᠷᠠᠳ ᠤᠨ ᠵᠠᠩ ᠦᠢᠯᠡ︾ ᠬᠡᠬᠦ ᠨᠤᠮ ᠠᠴᠠ ᠪᠠᠭᠤᠯᠭᠠᠪᠠ |