ᠤᠷᠠᠳ ᠬᠤᠷᠢᠮ ᠤᠨ ᠶᠤᠰᠤᠨ — — ᠬᠦᠷᠭᠡᠨ ᠲᠠᠯ᠎ᠠ ᠶᠢᠨ ᠬᠤᠷᠢᠮ ᠤᠨ ᠶᠤᠰᠤᠨ
ᠨᠡᠶᠢᠲᠡᠯᠡᠭᠰᠡᠨ ᠴᠠᠭ᠄
2019/6/11

   

   

     ᠬᠦᠷᠭᠡᠨ ᠲᠠᠯ᠎ᠠ ᠶᠢᠨ ᠬᠦᠮᠦᠰ ᠭᠡᠷ ᠤᠨ ᠤᠶᠢᠷᠠᠯᠴᠠᠭ᠎ᠠ ᠬᠦᠷᠬᠦ ᠦᠶᠡᠰ ᠬᠡᠤᠬᠡᠨ ᠲᠠᠯ᠎ᠠ ᠶᠢᠨ ᠵᠠᠯᠠᠭᠤᠴᠤᠳ ᠬᠦᠷᠭᠡᠨ ᠬᠦᠦ ᠶᠢᠨ ᠮᠠᠯᠠᠭᠠᠢ ᠶᠢ ᠪᠤᠯᠢᠶᠠᠬᠤ ᠪᠠᠷ

ᠬᠦᠭᠡᠭᠡᠴᠡᠯᠳᠤᠨ ᠲᠠᠪᠬᠢᠯᠳᠤᠵᠤ ᠨᠠᠭᠠᠳᠳᠠᠭ᠃ ᠲᠡᠭᠡᠬᠦ ᠳᠤ ᠬᠦᠷᠭᠡᠨ ᠲᠠᠯ᠎ᠠ ᠶᠢᠨ ᠬᠦᠮᠦᠰ ᠬᠦᠷᠭᠡᠨ ᠬᠦᠦ ᠪᠠᠨ ᠴᠢᠩᠭ᠎ᠠ ᠬᠠᠮᠠᠭᠠᠯᠠᠵᠤ ᠶᠠᠪᠤᠳᠠᠭ᠃ ᠬᠡᠷᠪᠡ ᠬᠦᠷᠭᠡᠨ

ᠬᠦᠦ ᠮᠠᠯᠠᠭᠠᠢ ᠪᠠᠨ ᠪᠤᠯᠢᠶᠠᠭᠳᠠᠬᠤ ᠳᠤ ᠬᠦᠷᠪᠡᠯ ᠬᠦᠷᠭᠡᠨ ᠲᠠᠯ᠎ᠠ ᠠᠴᠠ ᠰᠠᠮᠪᠠᠢ ᠬᠠᠳᠠᠭ ᠪᠠᠷᠢᠵᠤ ᠪᠠᠶᠢᠭᠠᠳ ᠮᠠᠯᠠᠭᠠᠢ ᠪᠠᠨ ᠭᠤᠶᠤᠵᠤ ᠠᠪᠳᠠᠭ ᠵᠠᠩᠰᠢᠯ ᠲᠠᠢ ᠪᠢᠯᠡ᠃

     ᠬᠦᠷᠭᠡᠨ ᠲᠠᠯ᠎ᠠ ᠨᠢ ᠡᠬᠦᠳᠡᠨ ᠭᠠᠳᠠᠨ᠎ᠠ ᠲᠤᠮᠤ ᠴᠠᠭᠠᠨ ᠢᠰᠡᠭᠡᠢ ᠲᠡᠪᠢᠰᠴᠤ ᠰᠢᠨ᠎ᠡ ᠪᠡᠷᠢ ᠪᠠᠨ ᠡᠰᠡᠭᠡᠢ ᠶᠢᠨ ᠲᠡᠭᠡᠷ᠎ᠡ ᠮᠤᠷᠢᠨ ᠠᠴᠠ ᠡᠮᠡᠭᠡᠯ ᠲᠠᠢ ᠨᠢ ᠬᠠᠮᠳᠤ

ᠪᠠᠭᠤᠯᠭᠠᠵᠤ ᠠᠪᠳᠠᠭ ᠵᠠᠩᠰᠢᠯ ᠲᠠᠢ᠃ ᠶᠠᠭ ᠡᠨᠡ ᠦᠶ᠎ᠡ ᠳᠤ ᠬᠦᠷᠭᠡᠨ ᠤ ᠨᠠᠭᠠᠴᠤ ᠪᠡᠷᠭᠡᠨ ᠤ ᠵᠢᠱᠢᠶ᠎ᠡ ᠲᠠᠢ ᠬᠦᠮᠦᠨ ᠭᠠᠷᠴᠤ ᠮᠦᠩᠭᠦᠨ ᠠᠶᠠᠭ᠎ᠠ ᠲᠠᠢ ᠰᠦ ᠶᠢ

ᠰᠢᠨ᠎ᠡ ᠪᠡᠷᠢ ᠳᠤ ᠬᠠᠮᠤᠭ ᠲᠡᠷᠢᠬᠦᠨ ᠳᠤ ᠠᠮᠰᠠᠭᠤᠯᠳᠠᠭ᠂ ᠡᠬᠦᠨ ᠢ ᠰᠢᠨ᠎ᠡ ᠪᠡᠷᠢ ᠳᠤ ᠴᠠᠭᠠᠨ ᠢᠳᠡᠭᠡ ᠠᠮᠰᠠᠭᠤᠯᠬᠤ ᠬᠡᠳᠡᠭ᠃ ᠲᠠᠷᠤᠢ ᠰᠢᠨ᠎ᠡ ᠪᠡᠷᠢ ᠶᠢᠨ ᠠᠯᠤᠰ

ᠢᠷᠡᠭᠡᠳᠦᠢ ᠶᠢᠨ ᠰᠠᠶᠢᠨ ᠰᠠᠶᠢᠬᠠᠨ ᠢ ᠪᠡᠯᠭᠡᠳᠡᠭᠰᠡᠨ ᠤᠳᠬ᠎ᠠ ᠲᠠᠢ ᠶᠤᠮ᠃

     ᠬᠡᠤᠬᠡᠨ ᠲᠠᠯ᠎ᠠ ᠶᠢᠨ ᠵᠤᠴᠢᠳ ᠤᠭᠳᠤᠯᠭ᠎ᠠ ᠶᠢᠨ ᠰᠢᠷᠡᠭᠡᠨ᠎ᠡ ᠬᠦᠷᠴᠦ ᠭᠤᠷᠪᠠᠨ ᠬᠤᠨᠳᠠᠭ᠎ᠠ ᠠᠷᠢᠬᠢ ᠠᠮᠰᠠᠭᠠᠳ ᠰᠠᠶ᠋ᠢ ᠭᠡᠷ ᠲᠤ ᠤᠷᠤᠨ᠎ᠠ᠃ ᠡᠨᠡ ᠦᠶ᠎ᠡ

 ᠳᠤ ᠲᠠᠭᠤᠴᠢᠳ ᠬᠠᠩᠭᠢᠨᠠᠳᠠᠯ᠎ᠠ ᠲᠠᠭᠤᠯᠠᠵᠤ ᠪᠠᠶᠢᠳᠠᠭ᠃  ᠭᠡᠷ ᠲᠤ ᠬᠠᠳᠠᠭ ᠬᠦᠬᠦᠷ ᠢᠶᠠᠨ ᠰᠤᠯᠢᠯᠴᠠᠨ ᠮᠡᠨᠳᠦᠴᠢᠯᠡᠭᠰᠡᠨ ᠤ ᠲᠠᠷᠠᠭ᠎ᠠ ᠲᠤᠰ ᠲᠤᠰ ᠤᠨ ᠤᠷᠤᠨ

ᠪᠠᠶᠢᠷᠢ ᠪᠠᠨ ᠤᠯᠵᠤ ᠰᠠᠭᠤᠳᠠᠭ᠃

     1᠂ ᠬᠦᠷᠭᠡᠨ ᠲᠠᠯ᠎ᠠ ᠠᠴᠠ ᠵᠤᠴᠢᠳ ᠲᠤ ᠴᠠᠢ ᠠᠶᠠᠭᠠᠯᠠᠵᠤ ᠠᠷᠢᠬᠢ ᠪᠠᠷᠢᠳᠠᠭ᠃ ᠭᠤᠷᠪᠠᠨ ᠬᠤᠨᠳᠠᠭ᠎ᠠ ᠠᠷᠢᠬᠢ ᠤᠤᠭᠤᠭᠰᠠᠨ ᠤ ᠬᠤᠶᠢᠨ᠎ᠠ ᠰᠠᠶ᠋ᠢ ᠬᠡᠤᠬᠡᠨ

ᠲᠠᠯ᠎ᠠ ᠶᠢᠨ ᠵᠤᠴᠢᠳ ᠰᠠᠪᠠ ᠢᠶᠠᠨ ᠲᠠᠯᠪᠢᠨ᠎ᠠ᠃ ᠰᠠᠪᠠ ᠪᠡᠯᠡᠭ ᠨᠢ ᠰᠠᠮᠪᠠᠢ ᠬᠠᠳᠠᠭ᠂ ᠬᠡᠪ ᠤᠨ ᠴᠠᠢ᠂ ᠲᠦᠷᠪᠡᠨ ᠲᠤᠭᠤᠢ ᠪᠤᠭᠤᠷᠰᠤᠭ᠂ ᠬᠤᠶᠠᠷ ᠯᠤᠩᠬᠤ ᠠᠷᠢᠬᠢ᠂

ᠠᠭᠠᠷᠤᠤᠯ ᠬᠤᠷᠤᠳ᠂ ᠰᠢᠬᠡᠷ ᠴᠢᠪᠠᠭ᠎ᠠ ᠪᠠᠷ ᠰᠠᠪᠠᠨ ᠤ ᠲᠡᠭᠡᠷ᠎ᠡ ᠪᠠᠨ ᠵᠢᠩᠰᠡ ᠬᠡᠵᠤ ᠲᠠᠯᠪᠢᠳᠠᠭ᠃ ᠰᠠᠪᠠᠨ ᠤ ᠰᠠᠷᠬᠤᠳ ᠬᠡᠮᠡᠨ ᠠᠪᠴᠢᠷᠠᠭᠰᠠᠨ ᠠᠷᠢᠬᠢ ᠪᠠᠨ

ᠠᠶᠢᠯ   ᠤᠨ ᠠᠷᠢᠬᠢᠨ ᠤ ᠬᠤᠤ ᠳᠤ ᠬᠢᠬᠡᠳ ᠰᠠᠶ᠋ᠢ ᠬᠦᠷᠭᠡᠨ ᠲᠠᠯ᠎ᠠ ᠶᠢᠨ ᠰᠠᠳᠤᠨ ᠲᠦᠷᠦᠯ ᠳᠤ ᠨᠢᠭᠡ ᠨᠢᠭᠡ ᠬᠤᠨᠳᠠᠭ᠎ᠠ ᠠᠷᠢᠬᠢ ᠪᠠᠷᠢᠨ᠎ᠠ᠃ ᠲᠠᠷᠠᠭ᠎ᠠ ᠨᠢ ᠬᠦᠷᠭᠡᠨ

ᠲᠠᠯ᠎ᠠ ᠠᠴᠠ ᠰᠠᠪᠠᠨ ᠤ ᠬᠠᠷᠢᠭᠤ ᠬᠡᠵᠤ ᠬᠡᠤᠬᠡᠨ ᠲᠠᠯ᠎ᠠ ᠠᠴᠠ ᠢᠷᠡᠭᠰᠡᠨ ᠵᠤᠴᠢᠳ ᠲᠤ ᠭᠤᠷᠪᠠᠨ ᠬᠤᠨᠳᠠᠭ᠎ᠠ ᠠᠷᠢᠬᠢ ᠪᠠᠷᠢᠨ᠎ᠠ᠃

     2᠂ ᠰᠢᠨ᠎ᠡ ᠪᠡᠷᠢ ᠮᠤᠷᠳᠠᠵᠤ ᠢᠷᠡᠮᠡᠭᠴᠡ ᠬᠠᠮᠤᠭ ᠤᠷᠢᠳ ᠢᠶᠠᠷ ᠬᠠᠳᠠᠮ ᠤᠨ ᠭᠡᠷ ᠲᠤ ᠤᠷᠤᠭᠤᠯᠵᠤ ᠪᠤᠷᠬᠠᠨ ᠳᠤ ᠮᠦᠷᠬᠦᠬᠦᠯᠵᠦ ᠰᠠᠩ ᠤᠨ ᠯᠠᠮᠠ ᠬᠦᠵᠢ

ᠠᠷᠴᠠ ᠤᠭᠤᠬᠢᠭᠤᠯᠵᠤ ᠬᠡᠤᠬᠡᠨ ᠤ ᠨᠢᠭᠤᠷ ᠭᠠᠷ ᠢ ᠤᠬᠢᠶᠠᠨ ᠠᠷᠢᠭᠤᠳᠬᠠᠭᠰᠠᠨ ᠤ ᠲᠠᠷᠠᠭ᠎ᠠ ᠰᠠᠶ᠋ᠢ ᠰᠢᠨ᠎ᠡ ᠭᠡᠷ ᠲᠤ ᠤᠷᠤᠭᠤᠯᠵᠤ ᠴᠠᠢ ᠬᠤᠭᠤᠯᠠ ᠢᠳᠡᠬᠦᠯᠳᠡᠭ

ᠶᠤᠮ᠃ ᠬᠡᠤᠬᠡᠨ ᠪᠤᠷᠬᠠᠨ ᠳᠤ ᠮᠦᠷᠬᠦᠭᠡᠳ ᠭᠠᠷᠴᠤ ᠢᠷᠡᠬᠦ ᠳᠤ ᠬᠡᠤᠬᠡᠨ ᠲᠠᠯ᠎ᠠ ᠶᠢᠨ ᠵᠤᠴᠢᠳ ᠰᠠᠪᠠ ᠰᠠᠭᠠᠯᠢ ᠪᠠᠨ ᠲᠠᠯᠪᠢᠵᠤ ᠪᠠᠷᠠᠭᠠᠳ ᠠᠭᠠᠵᠢᠤ ᠲᠠᠶᠢᠪᠤᠭᠤ

ᠰᠠᠭᠤᠵᠤ ᠴᠠᠢ ᠤᠭᠤᠤᠬᠤ ᠪᠤᠶᠤ ᠱᠦᠯᠦ ᠲᠠᠢ ᠬᠤᠭᠤᠯᠠ ᠢᠳᠡᠵᠡᠭᠡᠳᠡᠭ ᠪᠠᠶᠢᠨ᠎ᠠ᠃ ᠡᠬᠦᠨ ᠤ ᠬᠤᠶᠢᠨ᠎ᠠ ᠬᠤᠷᠢᠮ ᠤᠨ ᠲᠠᠭᠠᠭᠠᠮᠠᠯ ᠠᠴᠠ ᠨᠠᠶᠢᠷ ᠡᠬᠢᠯᠡᠬᠦ ᠶᠢ

ᠵᠠᠷᠯᠠᠨ᠎ᠠ᠃ ᠲᠡᠭᠡᠭᠦᠷ ᠰᠠᠭᠤᠭᠰᠠᠨ ᠬᠤᠳᠠ ᠶᠢᠨ ᠠᠮᠪᠠᠨ ᠲᠡᠷᠢᠬᠦᠯᠡᠨ ᠲᠠᠭᠤᠤ ᠶᠢᠨ ᠲᠦᠷᠡᠯᠭᠡ ᠡᠬᠢᠯᠡᠵᠤ᠂ ᠲᠠᠭᠤᠴᠢᠳ ᠨᠠᠶᠢᠷ ᠤᠨ ᠲᠠᠭᠤᠤ ᠪᠠᠨ ᠲᠠᠭᠤᠯᠠᠨ᠎ᠠ᠃

ᠭᠤᠷᠪᠠᠨ ᠲᠠᠭᠤᠤ ᠶᠢᠨ ᠲᠠᠷᠠᠭ᠎ᠠ ᠲᠠᠭᠤᠨ ᠱᠠᠩ ᠲᠠᠯᠪᠢᠵᠤ ᠲᠠᠭᠤᠴᠢᠳ ᠲᠤ ᠲᠠᠭᠤᠨ ᠤ ᠠᠷᠢᠬᠢ ᠪᠠᠷᠢᠨ᠎ᠠ᠂ ᠬᠤᠷᠢᠮ ᠤᠨ ᠡᠬᠢᠨ ᠲᠠᠭᠤᠤ ᠪᠤᠯ ᠠᠯᠢ ᠴᠤ ᠲᠠᠯ᠎ᠠ ᠳᠤ

ᠪᠦᠷ ᠭᠤᠷᠪᠠ ᠠᠴᠠ ᠵᠢᠷᠭᠤᠭᠠᠨ ᠲᠠᠭᠤᠤ ᠲᠠᠭᠤᠯᠠᠳᠠᠭ ᠶᠤᠮ᠃

     3᠂ ᠬᠦᠷᠭᠡᠨ ᠲᠠᠯ᠎ᠠ ᠶᠢᠨ ᠵᠢᠬᠡ ᠨᠠᠷ ᠪᠤᠶᠤ ᠡᠩ ᠤᠨ ᠬᠦᠮᠦᠰ ᠡᠬᠦᠳᠡ ᠶᠢ ᠲᠠᠷᠤᠵᠤ ᠬᠡᠤᠬᠡᠨ ᠢ ᠭᠠᠷᠭᠠᠬᠤ ᠦᠬᠡᠢ ᠡᠬᠦᠳᠡ ᠶᠢ ᠬᠦᠨᠳᠡᠯᠡᠨ ᠲᠠᠷᠤᠵᠤ

ᠪᠠᠶᠢᠭᠠᠳ ᠠᠰᠠᠭᠤᠬᠤ ᠨᠢ᠄

ᠬᠠᠷ᠎ᠠ ᠮᠤᠷᠢᠨ ᠤ ᠵᠢᠰᠦ ᠲᠠᠨᠢᠭᠳᠠᠬᠤ ᠭᠠᠵᠠᠷ ᠠᠴᠠ

ᠪᠠᠭᠤᠵᠤ ᠢᠷᠡᠳᠡᠭ ᠪᠡᠷᠢ ᠪᠠᠶᠢᠭᠠᠳ

ᠬᠠᠭᠠᠨ ᠠᠪᠤ ᠶᠢᠨ ᠭᠡᠷ ᠲᠤ ᠤᠷᠤᠴᠢᠬᠠᠭᠠᠳ

ᠭᠠᠷᠴᠤ ᠢᠷᠡᠬᠦ ᠦᠬᠡᠢ ᠬᠠᠮᠢᠭᠠᠰᠢ ᠭᠠᠵᠠᠷ ᠤᠨ ᠵᠠᠩ ᠵᠢᠷᠤᠮ ᠪᠤᠢ︖

ᠬᠡᠤᠬᠡᠨ ᠲᠠᠯ᠎ᠠ ᠶᠢᠨ ᠪᠡᠷᠭᠡᠨ ᠠᠴᠠ ᠬᠠᠷᠢᠭᠤᠯᠬᠤ ᠨᠢ᠄

ᠬᠠᠪᠤᠲᠠᠢ ᠰᠠᠶᠢᠬᠠᠨ ᠦᠷ᠎ᠡ ᠠᠴᠢ ᠨᠠᠷ ᠢ ᠴᠢᠨᠢ

ᠬᠠᠭᠠᠨ ᠠᠪᠤ ᠶᠢᠨ ᠴᠢᠨᠢ ᠪᠤᠷᠬᠠᠨ ᠳᠤ ᠮᠦᠷᠬᠦᠬᠦᠯᠵᠤ ᠪᠠᠶᠢᠬᠤ ᠳᠤ

ᠬᠠᠶᠢᠯᠠᠰᠤᠨ ᠪᠠᠭᠠᠨ᠎ᠠ ᠪᠠᠷ ᠡᠬᠦᠳᠡ ᠪᠠᠨ ᠲᠠᠷᠤᠴᠢᠬᠠᠭᠠᠳ ᠭᠠᠷᠭᠠᠬᠤ ᠦᠬᠡᠢ ᠨᠢ

ᠬᠠᠮᠢᠭᠠᠬᠢ ᠭᠠᠵᠠᠷ ᠤᠨ ᠵᠠᠩ ᠵᠢᠷᠤᠮ ᠪᠤᠢ︖ ᠬᠡᠵᠤ ᠠᠰᠠᠭᠤᠬᠤ ᠳᠤ

ᠬᠦᠷᠭᠡᠨ ᠲᠠᠯ᠎ᠠ ᠠᠴᠠ᠄

ᠠᠯᠠᠭ ᠮᠦᠷᠢᠨ ᠤ ᠵᠢᠰᠤ ᠲᠠᠨᠢᠭᠳᠠᠬᠤ ᠭᠠᠵᠠᠷ ᠠᠴᠠ

ᠠᠯᠬᠤᠵᠤ ᠢᠷᠡᠳᠡᠭ ᠪᠡᠷᠢ ᠪᠠᠶᠢᠭᠠᠳ

ᠠᠰᠠᠷᠠᠯᠳᠤ ᠠᠪᠤ ᠶᠢᠨ ᠭᠡᠷ ᠲᠤ ᠪᠠᠭᠤᠭᠠᠳ

ᠭᠠᠷᠴᠤ ᠢᠷᠡᠬᠦ ᠦᠬᠡᠢ ᠨᠢ ᠬᠠᠮᠢᠭᠠᠬᠢ ᠭᠠᠵᠠᠷ ᠤᠨ ᠵᠠᠩ ᠵᠢᠷᠤᠮ ᠪᠤᠢ︖

 ᠬᠡᠤᠬᠡᠨ ᠲᠠᠯ᠎ᠠ ᠠᠴᠠ᠄

ᠴᠢᠨ ᠴᠢ ᠮᠸᠠ ᠤ ᠡᠬᠦᠳᠡ ᠪᠠᠷ ᠭᠠᠷᠬᠤ ᠳᠤ

ᠲᠠᠪᠤᠨ ᠴᠢᠨ ᠤ ᠦᠨ᠎ᠡ ᠲᠠᠢ ᠪᠠᠶᠢᠳᠠᠭ

ᠲᠠᠨ ᠤ ᠠᠳᠡᠬᠢ ᠶᠢᠨ ᠮᠤᠷᠤᠢ ᠴᠠᠭᠠᠨ ᠬᠠᠭᠠᠯᠭ᠎ᠠ ᠪᠠᠷ ᠭᠠᠷᠬᠤ ᠳᠤ

ᠬᠡᠳᠤᠨ ᠴᠢᠨ ᠤ ᠮᠦᠩᠭᠦ ᠲᠠᠢ ᠪᠤᠢ︖ ᠬᠡᠮᠡᠨ ᠠᠮᠠᠨ ᠪᠠᠶᠢᠯᠳᠤᠭᠠᠨ ᠪᠤᠯᠵᠤ᠂ ᠬᠠᠳᠠᠭ ᠰᠠᠮᠪᠠᠢ ᠪᠤᠯᠬᠤ ᠪᠤᠯᠪᠠ ᠤᠤ ᠬᠡᠮᠡᠨ ᠬᠡᠯᠡᠬᠦ ᠳᠤ ᠭᠠᠳᠠᠨ᠎ᠠ ᠠᠴᠠ ︽ᠪᠤᠯᠤᠨ᠎ᠠ

︾ ᠬᠡᠵᠤ ᠬᠠᠷᠢᠭᠤᠯᠬᠤ ᠳᠤ ᠲᠤᠳᠤᠷ᠎ᠠ ᠠᠴᠠ ᠬᠠᠳᠠᠭ ᠴᠤᠬᠢᠵᠤ ᠦᠭᠬᠦ ᠳᠤ ᠰᠠᠶ᠋ᠢ ᠡᠬᠦᠳᠡ ᠨᠡᠬᠡᠬᠡᠨ ᠭᠠᠷᠭᠠᠳᠠᠭ ᠪᠢᠯᠡ᠃

     4᠂ ᠰᠢᠨ᠎ᠡ ᠪᠡᠷᠢ ᠶᠢ ᠭᠠᠯ ᠳᠤ ᠮᠦᠷᠬᠦᠬᠦᠯᠬᠦ᠄

     ᠨᠠᠶᠢᠷ ᠶᠠᠪᠤᠭᠳᠠᠭᠠᠳ ᠡᠷᠴᠢᠨ ᠲᠡᠭᠡᠷ᠎ᠡ ᠪᠠᠨ ᠪᠠᠶᠢᠬᠤ ᠳᠤ ᠰᠢᠨ᠎ᠡ ᠪᠡᠷᠢ ᠶᠢ ᠭᠠᠯ ᠳᠤ ᠮᠦᠷᠬᠦᠬᠦᠯᠬᠦ ᠴᠠᠭ ᠲᠤᠯᠵᠤ ᠢᠷᠡᠳᠡᠭ᠃ ᠰᠢᠨ᠎ᠡ ᠪᠡᠷᠢ ᠶᠢᠨ ᠭᠠᠯ

ᠪᠤᠷᠬᠠᠨ ᠳᠤ ᠮᠦᠷᠬᠦᠬᠦᠯᠬᠦ ᠴᠠᠭ ᠢ ᠶᠡᠷᠤ ᠨᠢ ᠦᠳᠡ ᠠᠴᠠ ᠡᠮᠦᠨ᠎ᠡ ᠲᠤᠬᠢᠷᠠᠭᠤᠯᠳᠠᠭ᠃ ᠨᠠᠶᠢᠷ ᠶᠠᠪᠤᠭᠳᠠᠵᠤ ᠪᠠᠶᠢᠬᠤ ᠦᠶ᠎ᠡ ᠳᠤ ᠪᠡᠷᠬᠡᠨ ᠨᠠᠷ ᠬᠡᠤᠬᠡᠨ ᠤ ᠪᠢᠳᠡᠬᠦᠦ

ᠦᠰᠦ ᠶᠢ ᠵᠠᠳᠠᠯᠵᠤ ᠦᠰᠦ ᠶᠢ ᠨᠢ ᠭᠤᠤᠯ ᠢᠶᠠᠷ ᠨᠢ ᠬᠤᠪᠢᠶᠠᠨ ᠰᠠᠮᠨᠠᠵᠤ ᠪᠤᠨᠳᠤᠤ ᠪᠤᠭᠤᠵᠤ ᠲᠤᠯᠤᠭᠠᠢ ᠶᠢᠨ ᠵᠠᠰᠠᠯ ᠰᠦᠢᠬᠡ ᠲᠠᠳᠠᠭᠤᠷ ᠵᠡᠬᠦᠯᠭᠡᠵᠤ ᠤᠤᠵᠢᠩᠬᠠᠢ

ᠡᠮᠦᠰᠦᠬᠦᠯᠵᠤ ᠪᠦᠰᠡᠬᠦᠢ ᠪᠤᠯᠭᠠᠳᠠᠭ ᠪᠢᠯᠡ᠃

     ᠰᠢᠨ᠎ᠡ ᠪᠡᠷᠢ ᠶᠢ ᠭᠠᠯ ᠳᠤ ᠮᠦᠷᠬᠦᠬᠦᠯᠬᠦ ᠴᠠᠭ ᠪᠤᠯᠤᠮᠠᠭᠴᠠ ᠮᠦᠷᠬᠦᠯᠦᠭᠰᠡᠨ ᠪᠡᠷᠭᠡᠨ ᠬᠡᠤᠬᠡᠨ ᠢ ᠪᠦᠰᠡᠬᠦᠢ ᠪᠤᠯᠭᠠᠨ ᠵᠠᠰᠠᠭᠠᠳ ᠬᠤᠷᠢᠮ ᠨᠠᠶᠢᠷ ᠤᠨ ᠭᠡᠷ ᠲᠤ

ᠲᠠᠭᠠᠭᠤᠯᠣᠨ ᠤᠷᠤᠳᠠᠭ᠃

     ᠡᠨᠡ ᠦᠶ᠎ᠡ ᠳᠤ ᠲᠤᠯᠭ᠎ᠠ ᠶᠢᠨ ᠡᠮᠦᠨ᠎ᠡ ᠤᠯᠪᠤᠭ ᠲᠡᠪᠢᠰᠴᠤ᠂ ᠬᠡᠤᠬᠡᠨ ᠬᠦᠷᠭᠡᠨ ᠬᠤᠶᠠᠭᠤᠯᠠ ᠶᠢ ᠤᠯᠪᠤᠭ ᠲᠠᠭᠡᠷ᠎ᠡ ᠰᠦᠭᠦᠳᠴᠤ ᠪᠠᠶᠢᠬᠤ ᠳᠤ ᠨᠠᠶᠢᠷ ᠤᠨ

ᠬᠦᠮᠦᠰ ᠠᠴᠠ ︽ᠲᠠᠨ ᠤ ᠪᠡᠷᠢ ᠴᠢᠨᠢ ᠢᠯᠡ ᠪᠡᠷᠢ ᠶᠤᠮ ᠤᠤ︖ ᠲᠠᠯᠳᠠ ᠪᠡᠷᠢ ᠶᠤᠮ ᠤᠤ︖︾ ᠬᠡᠵᠤ ᠠᠰᠠᠭᠤᠬᠤ ᠳᠤ ᠪᠡᠷᠭᠡᠨ ᠨᠢ ︽ᠢᠯᠡ ᠪᠡᠷᠢ︾ ᠬᠡᠵᠤ

ᠬᠡᠯᠡᠮᠡᠭᠴᠡ ᠨᠢᠭᠤᠷ ᠤᠨ ᠪᠦᠳᠡᠭᠡᠯᠬᠡ ᠶᠢ ᠨᠢ ᠠᠪᠤᠨ᠎ᠠ᠃

     ᠲᠠᠷᠠᠭ᠎ᠠ ᠳᠤ ᠨᠢ ᠪᠡᠷᠬᠡᠨ ᠠᠴᠠ ᠲᠠᠪᠤᠨ ᠠᠮᠳᠠᠳᠠᠨ᠂ ᠲᠠᠪᠤᠨ ᠦᠩᠭᠡ ᠶᠢᠨ ᠲᠤᠷᠭᠠᠨ ᠤᠳᠠᠰᠤ᠂ ᠠᠷᠴᠠ᠂ ᠠᠷᠢᠬᠢ ᠲᠠᠢ ᠨᠠᠶᠢᠷᠠᠭᠤᠯᠵᠤ ᠬᠢᠭᠰᠡᠨ ᠰᠠᠴᠤᠯᠢ

 ᠠᠴᠠ ᠭᠠᠯ ᠳᠤ ᠭᠤᠷᠪᠠᠨᠲᠠ ᠡᠷᠬᠦᠬᠦ ᠳᠤ ᠬᠡᠤᠬᠡᠨ ᠬᠦᠷᠭᠡᠨ ᠴᠤ ᠭᠠᠯ ᠳᠤ ᠭᠤᠷᠪᠠᠨᠲᠠ ᠮᠦᠷᠬᠦᠨ᠎ᠠ᠃

     ᠭᠠᠯ ᠳᠤ ᠮᠦᠷᠬᠦᠬᠦᠯᠦᠭᠰᠡᠨ ᠤ ᠲᠠᠷᠠᠭ᠎ᠠ ᠰᠢᠨ᠎ᠡ ᠪᠡᠷᠢ ᠰᠢᠨ᠎ᠡ ᠬᠦᠷᠬᠡᠨ ᠬᠤᠶᠠᠭᠤᠯᠠ ᠬᠤᠶᠠᠷ ᠲᠠᠯ᠎ᠠ ᠶᠢᠨ ᠰᠠᠳᠤᠨ ᠲᠦᠷᠦᠯ ᠳᠤ ᠪᠠᠨ ᠵᠤᠯᠭᠠᠵᠤ ᠮᠦᠷᠬᠦᠨ᠎ᠡ᠃

     ᠬᠤᠶᠠᠷ ᠰᠢᠨ᠎ᠡ ᠬᠦᠮᠦᠨ᠂ ᠰᠠᠳᠤᠨ ᠲᠦᠷᠦᠯ ᠶᠡᠬᠡᠴᠤᠳ ᠲᠤ ᠪᠠᠨ ᠵᠤᠯᠭᠠᠵᠤ ᠮᠦᠷᠬᠦᠬᠦ ᠳᠤ ᠶᠠᠬᠡᠴᠤᠳ ᠨᠢ ᠲᠡᠲᠡᠨ ᠳᠤ ᠬᠤᠪᠢ ︵ᠮᠦᠰᠦᠨ ᠰᠢᠬᠡᠷ᠂

ᠴᠢᠪᠠᠭ᠎ᠠ᠂ ᠲᠤᠷᠭ᠎ᠠ ᠲᠤᠷᠳᠤᠩ︶ ᠦᠭᠬᠦᠨ᠎ᠡ᠃ ᠡᠨᠡ ᠦᠶ᠎ᠡ ᠳᠤ ᠬᠤᠷᠢᠮ ᠤᠨ ᠲᠠᠭᠠᠭᠠᠮᠠᠯ ᠠᠴᠠ ᠬᠤᠶᠠᠷ ᠲᠠᠯ᠎ᠠ ᠶᠢᠨ ᠰᠠᠳᠤᠨ ᠲᠦᠷᠦᠯ ᠢ ᠲᠠᠨᠢᠯᠴᠠᠭᠤᠯᠳᠠᠭ᠃

     ᠡᠨᠡ ᠮᠡᠳᠦ ᠪᠠᠷ ᠵᠤᠯᠭᠠᠵᠤ ᠲᠠᠨᠢᠯᠴᠠᠭᠤᠯᠵᠤ ᠪᠠᠷᠠᠭᠰᠠᠨ ᠤ ᠬᠤᠶᠢᠨ᠎ᠠ᠂ ᠬᠠᠳᠠᠮ ᠡᠵᠢ ᠨᠢ ᠪᠡᠷᠢ ᠳᠤ ᠪᠠᠨ ᠲᠦᠯᠬᠢᠬᠦᠷ ᠴᠤᠤᠵᠢ ᠪᠠᠨ ᠲᠤᠰᠢᠶᠠᠨ᠎ᠠ᠃

     ᠬᠠᠳᠠᠭ ᠤᠨ ᠲᠡᠭᠡᠷ᠎ᠡ ᠪᠠᠨ ᠮᠦᠩᠭᠦᠨ ᠠᠶᠠᠭ᠎ᠠ ᠲᠠᠢ ᠰᠦ᠂ ᠲᠦᠯᠬᠢᠬᠦᠷ ᠲᠠᠯᠪᠢᠵᠤ ᠠᠯᠠᠭ᠎ᠠ ᠪᠠᠨ ᠲᠠᠭᠡᠷ᠎ᠡ ᠡᠷᠬᠦᠨ ᠰᠢᠨ᠎ᠡ ᠪᠡᠷᠢ ᠳᠤ ᠪᠠᠨ ᠠᠶᠢᠯ ᠭᠡᠷ ᠤᠨ

ᠴᠤᠤᠵᠢ ᠲᠦᠯᠬᠢᠬᠦᠷ ᠢ ᠲᠤᠰᠢᠶᠠᠨ ᠦᠭᠬᠦ ᠳᠤ ᠪᠡᠷᠢ ᠨᠢ ᠰᠦᠬᠦᠷᠡᠨ ᠮᠦᠷᠬᠦᠵᠤ ᠪᠠᠶᠢᠵᠤ ᠰᠦ ᠠᠴᠠ ᠠᠮᠰᠠᠵᠤ ᠲᠠᠷᠠᠭ᠎ᠠ ᠨᠢ ᠬᠠᠳᠠᠭ ᠪᠤᠯᠤᠨ ᠲᠦᠯᠬᠢᠬᠦᠷ ᠢ ᠭᠠᠷᠳᠠᠨ

ᠠᠪᠳᠠᠭ ᠪᠢᠯᠡ᠃

     5᠂ ᠰᠢᠨ᠎ᠡ ᠬᠦᠮᠦᠨ ᠤ ᠴᠠᠢ᠂ ᠠᠷᠢᠬᠢ ᠤᠤᠭᠤᠬᠤ

     ᠪᠡᠷᠢᠶᠡᠳ ᠨᠠᠷ ᠠᠴᠠ ᠰᠢᠨ᠎ᠡ ᠪᠡᠷᠢ ᠳᠤ ᠬᠡᠪ ᠤᠨ ᠴᠠᠢ ᠭᠠᠷᠭᠠᠨ ᠦᠭᠴᠤ ᠤᠯᠠᠨ ᠲᠠᠶᠠᠭᠠᠷ ᠤᠨ ᠡᠮᠦᠨ᠎ᠡ ᠡᠪᠤᠳᠦᠭ ᠢᠶᠠᠷ ᠨᠢ ᠡᠪᠤᠳᠦᠭᠯᠡᠬᠦᠯᠵᠤ

ᠬᠠᠭᠠᠯᠤᠭᠤᠯᠳᠠᠭ᠃ ᠨᠢᠬᠡ ᠯᠡ ᠡᠪᠤᠳᠦᠭᠯᠡᠬᠡᠳ ᠬᠠᠭᠠᠯᠵᠤ ᠴᠢᠳᠠᠪᠠᠯ ᠤᠷᠠᠨ ᠲᠠᠮ ᠲᠠᠢ ᠤᠬᠠᠭ᠎ᠠ ᠰᠠᠶᠢᠳᠠᠢ᠂ ᠠᠵᠢᠯᠴᠢ ᠰᠠᠶᠢᠨ ᠪᠡᠷᠢ ᠳᠤ ᠲᠤᠭᠠᠴᠠᠭᠳᠠᠵᠤ ᠤᠯᠠᠨ ᠤ

ᠮᠠᠭᠳᠠᠭᠠᠯ ᠢ ᠤᠯᠤᠨ᠎ᠠ᠃

     ᠢᠩᠬᠢᠵᠤ ᠬᠠᠭᠠᠯᠤᠭᠰᠠᠨ ᠴᠠᠢ ᠠᠴᠠ ᠪᠠᠨ ᠪᠤᠴᠠᠯᠵᠤ ᠪᠠᠶᠢᠬᠤ ᠤᠰᠤ ᠲᠠᠢ ᠲᠠᠪᠦᠷ᠎ᠡ ᠳᠤ ᠬᠢᠵᠤ ᠰᠢᠨᠡᠬᠡᠨ ᠨᠡᠷᠡᠭᠰᠡᠨ ᠴᠠᠢ ᠶᠢ ᠤᠯᠠᠨ ᠲᠦᠷᠦᠯ ᠰᠠᠳᠤᠨ

ᠪᠦᠬᠦᠢ ᠵᠤᠴᠢᠳ ᠲᠤ ᠠᠶᠠᠭᠠᠯᠠᠵᠤ ᠦᠭᠬᠦᠨ᠎ᠡ᠃

     ᠴᠠᠢ ᠶᠢᠨ ᠲᠠᠷᠠᠭ᠎ᠠ ᠬᠤᠶᠠᠷ ᠰᠢᠨ᠎ᠡ ᠬᠦᠮᠦᠨ ᠠᠴᠠ ᠪᠠᠶᠠᠷ ᠤᠨ ᠠᠷᠢᠬᠢ ᠭᠤᠷᠪᠠᠨ ᠬᠤᠨᠳᠠᠭ᠎ᠠ ᠪᠠᠷᠢᠳᠠᠭ᠃

     ᠲᠤᠰᠬᠠᠢ ᠪᠡᠯᠡᠳᠭᠡᠭᠰᠡᠨ ᠭᠤᠶᠤ ᠰᠠᠶᠢᠬᠠᠨ ᠬᠢᠴᠡ ᠲᠠᠢ ᠰᠢᠪ ᠰᠢᠨᠡᠬᠡᠨ ᠠᠷᠢᠬᠢᠨ ᠰᠠᠪᠠ ᠪᠤᠯᠤᠨ ᠮᠦᠩᠭᠦᠨ ᠬᠤᠨᠳᠠᠭ᠎ᠠ ᠶᠢ ᠬᠡᠷᠡᠭᠯᠡᠳᠡᠭ᠃ ᠠᠷᠢᠬᠢ ᠪᠠᠷᠢᠬᠤ

 ᠳᠤ ᠪᠠᠨ ᠮᠦᠩᠭᠦ ᠪᠤᠶᠤ ᠭᠠᠤᠯᠢᠨ ᠲᠠᠪᠠᠭ ᠲᠤ ᠵᠠᠰᠠᠳᠠᠭ᠂ ᠠᠷᠢᠬᠢ ᠶᠢ ᠰᠢᠨ᠎ᠡ ᠬᠦᠷᠭᠡᠨ ᠵᠠᠰᠠᠵᠤ᠂ ᠬᠤᠨᠳᠠᠭ᠎ᠠ ᠲᠠᠢ ᠠᠷᠢᠬᠢ ᠶᠢ ᠰᠢᠨ᠎ᠡ ᠪᠡᠷᠢ ᠦᠨᠳᠦᠷ ᠡᠷᠬᠦᠵᠤ

ᠬᠤᠷᠢᠮ ᠤᠨ ᠲᠡᠷᠢᠬᠦᠨ ᠠᠮᠪᠠᠨ ᠨᠠᠷ ᠠᠴᠠ ᠡᠬᠢᠯᠡᠨ ᠶᠡᠭᠡ ᠪᠠᠭ᠎ᠠ ᠶᠢᠨ ᠲᠠᠷᠠᠭᠠᠯᠠᠯ ᠢᠶᠠᠷ ᠶᠤᠰᠤ ᠵᠢᠷᠤᠮ ᠲᠠᠢ ᠪᠠᠷᠢᠳᠠᠭ᠃ ᠬᠤᠷᠢᠮ ᠤᠨ ᠲᠡᠷᠢᠬᠦᠨ ᠠᠮᠪᠠᠨ ᠰᠢᠨ᠎ᠡ

ᠪᠡᠷᠢ ᠶᠢᠨ ᠬᠤᠨᠳᠠᠭ᠎ᠠ ᠲᠠᠢ ᠠᠷᠢᠬᠢ ᠶᠢ ᠲᠤᠰᠴᠤ ᠠᠪᠤᠭᠠᠳ ᠬᠦᠷᠬᠡᠨ ᠬᠦᠦ ᠶᠢᠨ ᠢᠷᠦᠭᠡᠯ ᠬᠡᠮᠡᠨ ᠤᠩᠰᠢᠳᠠᠭ᠃ ᠠᠳᠡ ᠰᠡᠶᠢᠷᠡᠬᠦᠯᠪᠡᠰᠦ᠄

ᠤᠸ᠋ᠮ ᠰᠠᠶᠢᠨ ᠠᠮᠤᠭᠤᠯᠠᠩ ᠪᠤᠯᠳᠤᠭᠠᠢ

ᠡᠩᠭᠡ ᠰᠠᠶᠢᠨ ᠵᠢᠷᠭᠠᠯᠠᠩ ᠪᠤᠯᠳᠤᠭᠠᠢ

ᠠᠯᠳᠠᠨ ᠬᠢᠩᠭᠠᠨ ᠠᠭᠤᠯᠠ   ᠪᠠᠨ ᠠᠪᠤ ᠯᠤᠭ᠎ᠠ ᠪᠠᠨ ᠠᠳᠠᠯᠢ ᠪᠤᠳᠤ

ᠷᠠᠰᠢᠶᠠᠨ ᠭᠤᠷᠪᠠᠨ ᠭᠤᠤᠯ ᠢᠶᠠᠨ ᠡᠵᠢ ᠯᠦᠭᠡ ᠪᠠᠨ ᠠᠳᠠᠯᠢ ᠪᠤᠳᠤ

ᠠᠪᠠ ᠳᠤ ᠶᠠᠪᠤᠪᠠᠯ ᠤᠯᠵᠠ ᠲᠠᠢ

ᠠᠶᠠᠨ ᠳᠤ ᠶᠠᠪᠤᠪᠠᠯ ᠭᠠᠨᠵᠤᠭ᠎ᠠ ᠲᠠᠢ

ᠲᠠᠷᠢᠪᠠᠯ ᠲᠠᠷᠢᠶ᠎ᠠ ᠨᠢ ᠲᠦᠷᠦᠵᠤ

ᠲᠡᠵᠢᠭᠡᠪᠡᠯ ᠮᠠᠯ ᠨᠢ ᠤᠰᠦᠭᠳᠤᠨ︕ ᠬᠡᠵᠤ ᠲᠡᠷᠢᠬᠦᠨ ᠬᠤᠨᠳᠠᠭ᠎ᠠ ᠲᠠᠢ ᠠᠷᠢᠬᠢ ᠶᠢ ᠬᠦᠨᠳᠦᠷᠦᠨ᠎ᠡ᠃ ᠬᠤᠶᠠᠳᠤᠭᠠᠷ ᠬᠤᠨᠳᠠᠭ᠎ᠠ ᠠᠷᠢᠬᠢ ᠪᠠᠨ ᠪᠠᠷᠢᠬᠤ ᠳᠤ᠄

ᠠᠪᠤ ᠡᠵᠢ ᠪᠠᠨ ᠠᠰᠠᠷᠠᠵᠤ ᠶᠠᠪᠤ

ᠠᠬ᠎ᠠ ᠲᠡᠬᠦᠦ ᠰᠠᠳᠤᠨ ᠢᠶᠠᠨ ᠬᠦᠨᠳᠦᠯᠡᠵᠤ ᠶᠠᠪᠤ

ᠮᠢᠩᠭᠠᠨ ᠠᠭᠳᠠ ᠶᠢᠨ ᠨᠢᠷᠤᠭᠤᠨ ᠲᠡᠭᠡᠷ᠎ᠡ

ᠠᠯᠳᠠᠨ ᠲᠦᠷᠦᠭᠡ ᠢᠰᠬᠦᠯᠵᠤ ᠶᠠᠪᠤ

ᠲᠦᠮᠡᠨ ᠠᠭᠲᠠ ᠶᠢᠨ ᠨᠢᠷᠤᠭᠤᠨ ᠲᠡᠭᠡᠷ᠎ᠡ

ᠮᠦᠩᠭᠦᠨ ᠲᠦᠷᠦᠭᠡ ᠢᠰᠬᠦᠯᠵᠤ ᠶᠠᠪᠤ

ᠨᠠᠷᠠ ᠲᠠᠢ ᠭᠠᠵᠠᠷ ᠲᠠᠷᠢᠶ᠎ᠠ ᠪᠠᠨ ᠲᠠᠷᠢᠵᠤ

ᠨᠠᠪᠴᠢ ᠲᠠᠢ ᠭᠠᠵᠠᠷ ᠮᠠᠯ ᠢᠶᠠᠨ ᠮᠠᠯᠯᠠᠵᠤ

ᠨᠠᠰᠤᠨ ᠲᠤᠷᠰᠢᠲᠠ ᠪᠠᠨ ᠵᠢᠷᠭᠠᠵᠤ ᠶᠠᠪᠤ︕ ᠬᠡᠵᠤ ᠬᠤᠶᠠᠳᠡᠬᠢ ᠬᠤᠨᠳᠠᠭ᠎ᠠ ᠶᠢ ᠬᠦᠨᠳᠦᠷᠦᠨ᠎ᠡ᠃ ᠭᠤᠷᠪᠠᠳᠤᠭᠠᠷ ᠬᠤᠨᠳᠠᠭ᠎ᠠ ᠶᠢ ᠲᠤᠰᠴᠤ ᠠᠪᠤᠭᠠᠳ᠄

ᠠᠷᠤ ᠶᠢᠨ ᠠᠭᠤᠯᠠ ᠶᠢ ᠪᠦᠷᠬᠦᠭᠰᠡᠨ

ᠠᠢ ᠲᠦᠮᠡᠨ ᠠᠳᠤᠭᠤ ᠲᠠᠢ

ᠦᠪᠦᠷ ᠤᠨ ᠬᠦᠨᠳᠡᠢ ᠶᠢ ᠲᠦᠭᠦᠷᠭᠡᠭᠰᠡᠨ

ᠦᠢ ᠲᠦᠮᠡᠨ ᠦᠬᠡᠷ ᠲᠠᠢ

ᠲᠠᠬᠢᠯ ᠤᠨ ᠬᠦᠨᠳᠡᠢ ᠶᠢ ᠪᠦᠷᠬᠦᠭᠰᠡᠨ

ᠲᠦᠭ ᠲᠦᠮᠡᠨ ᠲᠡᠮᠡᠭᠡ ᠲᠠᠢ

ᠮᠢᠨᠵᠢ ᠶᠢᠨ ᠬᠠᠩᠭᠠᠢ ᠶᠢ ᠪᠢᠯᠬᠠᠭᠰᠠᠨ

ᠮᠢᠨᠳᠠᠰᠤᠨ ᠴᠠᠭᠠᠨ ᠬᠤᠨᠢ ᠲᠠᠢ ᠪᠤᠯᠵᠤ

ᠲᠦᠮᠡᠨ ᠳᠤ ᠪᠠᠨ ᠲᠦᠷᠦᠬᠦᠯᠡᠵᠤ ᠤᠯᠠᠨ ᠳᠤ ᠪᠠᠨ ᠤᠷᠤᠶᠢᠯᠠᠵᠤ ᠶᠠᠪᠤ ᠬᠡᠮᠡᠨ ᠢᠷᠦᠭᠡᠯ ᠢᠶᠠᠨ ᠲᠡᠬᠦᠰᠭᠡᠨ ᠭᠤᠷᠪᠠᠳᠠᠬᠢ ᠬᠤᠨᠳᠠᠭ᠎ᠠ ᠲᠠᠢ ᠠᠷᠢᠬᠢ ᠪᠠᠨ ᠬᠦᠨᠳᠦᠷᠦᠨ᠎ᠡ᠃

ᠡᠨᠡ ᠦᠶ᠎ᠡ ᠳᠤ ᠨᠠᠶᠢᠷ ᠦᠷᠬᠦᠯᠵᠢᠯᠡᠵᠤ ᠲᠠᠭᠤᠴᠢᠳ ᠠᠴᠠ ︽ᠬᠤᠷᠢᠮ ᠤᠨ ᠪᠠᠶᠠᠷ  ︾ ᠬᠡᠬᠦ  ᠲᠠᠭᠤᠤ ᠪᠠᠨ ᠡᠬᠢᠯᠡᠬᠦᠯᠦᠨ᠄

ᠪᠠᠳᠤ ᠴᠠᠭᠠᠨ ᠢᠶᠠᠨ ᠪᠠᠷᠢᠬᠤ ᠳᠤ

ᠪᠠᠶᠠᠨ ᠪᠤᠯᠬᠤ ᠶᠢᠨ ᠰᠢᠨᠵᠢᠲᠠᠢ

ᠪᠠᠳᠮ᠎ᠠ ᠱᠢᠷᠦ ᠪᠠᠷ ᠴᠢᠮᠡᠪᠡᠯ

ᠨᠤᠶᠠᠨ ᠰᠠᠭᠤᠬᠤ ᠶᠢᠨ ᠰᠢᠨᠵᠢᠲᠠᠢ᠂ ᠠᠶᠠᠰ ᠲᠠᠨ ᠳᠤ ᠪᠠᠨ ᠰᠠᠶᠢᠨ᠂

ᠠᠶᠢᠯᠠᠳᠬᠠᠵᠤ ᠪᠠᠷᠢᠶ᠎ᠠ  ᠳ᠋ᠤᠤ︕

ᠮᠦᠰᠦᠨ ᠲᠡᠭᠡᠭᠦᠷ ᠬᠦᠶᠤᠳᠡᠯᠲᠠᠢ

ᠮᠦᠩᠭᠦᠨ ᠴᠤᠬᠤᠷ ᠮᠠᠨ ᠤ ᠯᠠ ᠰᠢᠤ

ᠮᠦᠩᠬᠦ ᠱᠢᠷᠦ ᠪᠠᠷ ᠴᠢᠮᠡᠭᠰᠡᠨ

ᠬᠡᠤᠬᠡᠨ ᠰᠠᠳᠤᠨ ᠬᠦᠮᠦᠨ ᠯᠠ ᠰᠢᠤ︕ ᠭᠡᠵᠤ ᠲᠤᠰ ᠲᠠᠭᠤᠤ ᠶᠢ ᠲᠡᠬᠦᠰᠲᠡᠯ᠎ᠠ ᠲᠠᠭᠤᠯᠠᠳᠠᠭ᠃ ᠰᠢᠨ᠎ᠡ ᠬᠦᠮᠦᠰ ᠲᠠᠭᠤᠤ ᠨᠠᠶᠢᠷ ᠤᠨ ᠲᠤᠮᠳᠠ ᠬᠤᠶᠠᠷ ᠲᠠᠯ᠎ᠠ ᠶᠢᠨ

ᠪᠦᠬᠦ ᠵᠤᠴᠢᠳ ᠲᠤ ᠨᠢᠬᠡ ᠶᠢ ᠴᠤ ᠬᠤᠴᠤᠷᠭᠠᠯ ᠦᠬᠡᠢ ᠪᠠᠶᠠᠷ ᠤᠨ ᠭᠤᠷᠪᠠᠨ ᠬᠤᠨᠳᠠᠭ᠎ᠠ ᠠᠷᠢᠬᠢ ᠪᠠᠨ ᠪᠠᠷᠢᠵᠤ ᠪᠠᠷᠠᠮᠠᠭᠴᠠ ᠰᠢᠬᠦᠰᠦ ᠤᠷᠤᠭᠤᠯᠬᠤ ᠴᠠᠭ ᠪᠤᠯᠤᠨ᠎ᠠ᠃

     6᠂ ᠬᠤᠷᠢᠮ ᠤᠨ ᠰᠢᠬᠦᠰᠦ ᠤᠷᠤᠭᠤᠯᠬᠤ

     ᠬᠦᠷᠭᠡᠨ ᠲᠠᠯ᠎ᠠ ᠶᠢᠨ ᠤᠭᠤᠴᠠ ᠤᠷᠤᠭᠤᠯᠬᠤ ᠪᠠ ᠤᠭᠤᠴᠠ ᠬᠠᠶᠠᠬᠤ ᠪᠦᠬᠦᠯᠢ ᠵᠠᠩ ᠶᠤᠰᠤ ᠨᠢ ᠬᠡᠤᠬᠡᠨ ᠲᠠᠯ᠎ᠠ ᠶᠢᠨ ᠬᠢ ᠲᠠᠢ ᠠᠳᠠᠯᠢ ᠪᠠᠶᠢᠳᠠᠭ᠃

ᠤᠷᠠᠳ ᠮᠤᠩᠭᠤᠯᠴᠤᠳ ᠤᠨ ᠤᠭᠤᠴᠠ ᠲᠠᠯᠪᠢᠬᠤ ᠶᠤᠰᠤ ᠨᠢ ᠲᠠᠶᠢᠯᠠᠯᠭ᠎ᠠ ᠪᠠ ᠨᠠᠶᠢᠷ ᠬᠤᠷᠢᠮ ᠭᠡᠰᠡᠨ ᠦᠬᠡᠢ ᠪᠦᠷ ᠠᠳᠠᠯᠢ ᠶᠠᠩᠵᠤ ᠪᠠᠷ ᠶᠠᠪᠤᠭᠳᠠᠬᠤ ᠲᠤᠯᠠ

ᠲᠠᠬᠢᠨ ᠨᠤᠷᠰᠢᠬᠤ ᠦᠬᠡᠢ᠃

     7᠂ ᠤᠭᠤᠴᠠ ᠰᠢᠬᠦᠰᠦᠨ ᠤ ᠲᠠᠷᠠᠭ᠎ᠠ ᠨᠠᠶᠢᠷ ᠪᠠᠰᠠ ᠤᠳᠠᠳᠠᠯ᠎ᠠ ᠦᠷᠬᠦᠯᠵᠢᠯᠡᠳᠡᠭ᠃ ᠨᠠᠶᠢᠷ ᠤᠨ ᠲᠤᠮᠳᠠ ᠬᠡᠤᠬᠡᠨ ᠲᠠᠯ᠎ᠠ ᠶᠢᠨ ᠵᠤᠴᠢᠳ ᠰᠢᠨ᠎ᠡ ᠭᠡᠷ ᠲᠤ

ᠤᠴᠢᠵᠤ ᠰᠢᠨ᠎ᠡ ᠬᠦᠮᠦᠰ ᠤᠨ ᠲᠠᠶᠢᠯᠠᠯᠭ᠎ᠠ ᠶᠢ ᠬᠦᠯᠢᠶᠡᠨ ᠪᠠᠰᠠ ᠰᠠᠪᠠ ᠲᠠᠯᠪᠢᠳᠠᠭ᠃ ᠲᠠᠯᠪᠢᠬᠤ ᠰᠠᠪᠠ ᠨᠢ ᠬᠡᠪ ᠤᠨ ᠴᠠᠢ᠂ ᠲᠦᠷᠪᠡᠨ ᠲᠤᠭᠤᠢ ᠪᠤᠭᠤᠷᠰᠤᠭ᠂

ᠨᠢᠭᠡ ᠯᠤᠩᠬᠤ ᠠᠷᠢᠬᠢ᠃ ᠡᠬᠦᠨ ᠢ ︽ᠡᠷᠬᠢᠯᠲᠡ︾ ᠬᠡᠳᠡᠭ᠃ ᠬᠡᠤᠬᠡᠨ ᠢᠶᠠᠨ ᠡᠷᠬᠢᠵᠤ ᠦᠵᠡᠵᠤ ᠪᠠᠶᠢᠬᠤ ᠪᠠ ᠰᠢᠨ᠎ᠡ ᠬᠡᠷ ᠲᠤ ᠨᠢ ᠠᠶᠢᠯᠴᠢᠯᠠᠵᠤ ᠪᠠᠶᠢᠬᠤ ᠤᠴᠢᠷ

 ᠲᠠᠢ᠃ ︽ᠡᠷᠬᠢᠯᠲᠡ︾ ᠳᠤ ᠭᠤᠤᠯᠳᠠᠭᠤ ᠬᠤᠶᠠᠷ ᠲᠠᠯ᠎ᠠ ᠶᠢᠨ ᠲᠦᠷᠦᠯ ᠰᠠᠳᠤᠨ ᠤᠷᠤᠯᠴᠠᠵᠤ᠂ ᠬᠡᠤᠬᠡᠨ ᠳᠤ ᠪᠠᠨ ᠵᠠᠬᠢᠵᠤ ᠰᠤᠷᠭᠠᠬᠤ  ᠵᠦᠢᠯ ᠶᠢᠨ ᠬᠡᠯᠡᠵᠤ

ᠶᠠᠷᠢᠳᠠᠭ᠃

     8᠂ ᠬᠤᠷᠢᠮ ᠲᠠᠷᠬᠠᠬᠤ᠄ ᠬᠤᠷᠢᠮ ᠤᠨ ᠤᠯᠠᠨ ᠵᠦᠢᠯ ᠤᠨ ᠶᠤᠰᠤ ᠦᠢᠯᠡ ᠶᠢ ᠨᠢᠬᠡ ᠯᠡ ᠡᠳᠦᠷ ᠲᠤ ᠲᠤᠭᠳᠠᠭᠰᠠᠨ ᠴᠠᠭ ᠲᠤ ᠨᠢ ᠬᠦᠢᠴᠡᠳᠬᠡᠵᠤ

ᠲᠠᠭᠤᠰᠬᠠᠬᠤ ᠨᠠᠷᠢᠨ ᠨᠢᠮᠪᠠᠢ ᠴᠢᠩᠭ᠎ᠠ ᠲᠦᠷᠢᠮ ᠲᠠᠢ ᠪᠠᠶᠢᠳᠠᠭ᠃ ᠡᠶᠢᠮᠦ ᠠᠴᠠ ᠬᠤᠷᠢᠮ ᠤᠨ ᠠᠯᠢᠪᠠ ᠶᠤᠰᠤ ᠤᠴᠢᠷ ᠢ ᠬᠢᠵᠤ ᠪᠠᠷᠠᠮᠠᠭᠴᠠ ᠲᠠᠷᠤᠢ ᠬᠤᠷᠢᠮ

ᠲᠠᠷᠬᠠᠬᠤ ᠪᠤᠯᠤᠨ᠎ᠠ᠃ ᠬᠤᠷᠢᠮ ᠲᠠᠷᠬᠠᠬᠤ ᠦᠶᠡᠰ ᠬᠦᠷᠭᠡᠨ ᠲᠠᠯ᠎ᠠ ᠠᠴᠠ ᠭᠠᠷ ᠴᠠᠶᠢᠯᠭᠠᠬᠤ ᠪᠠ ᠭᠡᠷ ᠠᠴᠠ ᠵᠤᠬᠢᠬᠤ ᠵᠠᠢ ᠲᠠᠢ ᠭᠠᠵᠠᠷ ᠲᠤ ᠤᠯᠪᠤᠭ ᠲᠡᠪᠢᠰᠴᠤ

ᠰᠢᠷᠡᠭᠡ ᠵᠠᠰᠠᠳᠠᠭ᠃ ᠰᠢᠷᠡᠭᠡᠨ ᠲᠡᠭᠡᠷ᠎ᠡ ᠴᠢᠨᠠᠭᠰᠠᠨ ᠬᠤᠨᠢᠨ ᠲᠤᠯᠤᠭᠠᠢ ᠶᠢ ᠬᠤᠶᠠᠷ ᠲᠤᠭᠤᠢ ᠪᠤᠭᠤᠷᠰᠤᠭ ᠲᠠᠢ ᠲᠠᠪᠠᠭᠯᠠᠵᠤ ᠪᠠᠶᠢᠳᠠᠭ᠃ ᠪᠠᠰᠠ ᠰᠠᠪᠠ᠂ ᠠᠷᠢᠬᠢ

ᠬᠤᠨᠳᠠᠭ᠎ᠠ ᠲᠠᠯᠪᠢᠵᠤ᠂ ᠬᠤᠶᠠᠷ ᠲᠠᠯ᠎ᠠ ᠶᠢᠨ ᠬᠤᠷᠢᠮ ᠤᠨ ᠠᠮᠪᠠᠨ ᠬᠤᠷᠢᠮ ᠲᠠᠷᠬᠠᠬᠤ ᠳᠤ ᠤᠷᠢᠳᠠᠪᠠᠷ ᠵᠠᠰᠠᠭᠰᠠᠨ ᠰᠢᠷᠡᠭᠡ ᠶᠢ ᠬᠠᠪᠴᠢᠨ ᠰᠠᠭᠤᠵᠤ ᠬᠤᠨᠳᠠᠭ᠎ᠠ

ᠮᠦᠷᠬᠦᠯᠳᠡᠭ᠃ ᠲᠠᠭᠤᠴᠢᠳ ᠠᠴᠠ ᠮᠤᠷᠳᠠᠯᠭ᠎ᠠ ᠶᠢᠨ ᠲᠠᠭᠤᠤ ︽ᠠᠯᠳᠠᠢ ᠬᠠᠩᠭᠠᠢ︾ ᠶᠢ ᠡᠬᠢᠯᠡᠬᠦᠯᠵᠤ᠂ ᠬᠤᠶᠠᠷ ᠲᠠᠯ᠎ᠠ ᠶᠢᠨ ᠬᠤᠷᠢᠮ ᠤᠨ ᠲᠦᠷᠦᠬᠦᠦ ᠬᠤᠨᠳᠠᠭᠠᠨ

 ᠳᠤ ᠪᠠᠨ ᠰᠠᠷᠬᠤᠳ ᠮᠡᠯᠮᠡᠯᠵᠡᠬᠦᠯᠦᠨ ᠲᠡᠭᠡᠭᠰᠢ ᠪᠠᠨ ᠡᠴᠢᠭᠡ ᠲᠡᠭᠷᠢ ᠲᠤᠷᠤᠭᠰᠢ ᠪᠠᠨ ᠡᠬᠡ ᠭᠠᠵᠠᠷ ᠲᠤ ᠭᠤᠷᠪᠠ ᠡᠷᠭᠦᠨ ᠲᠠᠷᠠᠭ᠎ᠠ ᠨᠢ ᠬᠤᠶᠠᠭᠤᠯᠠ ᠪᠠᠨ ᠭᠤᠷᠪᠠ

ᠭᠤᠷᠪᠠ ᠬᠦᠨᠳᠤᠷᠴᠤ᠂ ᠬᠠᠮᠤᠭ ᠰᠡᠬᠦᠯ ᠳᠤ ᠠᠭᠳᠠ ᠮᠤᠷᠢᠨ ᠤ ᠲᠤᠯᠤᠭᠠᠢ ᠳᠤ ᠭᠤᠷᠪᠠᠨ ᠬᠤᠨᠳᠠᠭ᠎ᠠ ᠠᠷᠢᠬᠢ ᠰᠠᠴᠤᠨ ᠮᠤᠷᠳᠠᠬᠤ ᠳᠤ ᠤᠯᠠᠨ ᠲᠠᠶᠠᠭᠠᠷ ᠵᠡᠷᠭᠡᠪᠡᠷ

ᠮᠤᠷᠲᠠᠴᠠᠭᠠᠵᠤ ᠬᠤᠷᠢᠮ ᠤᠨ ᠲᠡᠷᠢᠬᠦᠨ ᠳᠤ ᠬᠤᠨᠢᠨ ᠲᠤᠯᠤᠭᠠᠢ ᠪᠠᠨ ᠦᠭᠬᠦ ᠳᠤ ᠲᠡᠷᠡ ᠬᠤᠨᠢᠨ ᠲᠤᠯᠤᠭᠠᠢ ᠪᠠᠨ ᠪᠤᠷᠤᠭᠤ ᠲᠡᠰᠢ ᠪᠠᠨ ᠬᠠᠶᠠᠵᠤ ᠤᠷᠬᠢᠭᠠᠳ

ᠪᠦᠬᠦᠳᠡᠭᠡᠷ ᠢᠶᠠᠨ ᠭᠡᠷ ᠶᠢ ᠵᠦᠪ ᠲᠤᠭᠤᠷᠢᠨ ᠶᠠᠪᠤᠳᠠᠭ᠃      9᠂ ︽ᠰᠢᠪᠠᠷ︾ ᠬᠤᠷᠢᠮ ᠪᠠ ᠰᠠᠪᠠ ᠬᠠᠷᠢᠭᠤᠯᠬᠤ᠄ ᠬᠤᠷᠢᠮ ᠤᠨ ᠭᠤᠤᠯ ᠬᠡᠶᠢᠴᠢᠳ ᠶᠠᠪᠤᠭᠰᠠᠨ

 ᠤ ᠲᠠᠷᠠᠭ᠎ᠠ ᠬᠤᠷᠢᠮ ᠤᠨ ᠲᠠᠭᠠᠭᠠᠮᠠᠯ ᠠᠴᠠ ᠬᠤᠯᠠ ᠤᠶᠢᠷ᠎ᠠ ᠶᠢᠨ ᠵᠤᠴᠢᠳ ᠪᠠ ᠭᠠᠯ ᠲᠤᠭᠤᠭ᠎ᠠ ᠬᠠᠪᠰᠤᠷᠤᠭᠰᠠᠨ ᠪᠦᠬᠦᠳᠡ ᠬᠦᠮᠦᠰ ᠢ ᠭᠡᠷ ᠲᠤ ᠵᠠᠯᠠᠵᠤ

ᠰᠠᠭᠤᠯᠭᠠᠭᠠᠳ ᠠᠷᠢᠬᠢ ᠪᠠᠷᠢᠵᠤ ᠲᠠᠬᠢᠨ ︽ᠰᠢᠪᠠᠷ︾ ᠨᠠᠶᠢᠷ ᠲᠠᠯᠪᠢᠳᠠᠭ᠃ ︽ᠰᠢᠪᠠᠷ︾ ᠨᠠᠶᠢᠷ  ᠬᠢᠬᠦ ᠶᠢᠨ ᠤᠴᠢᠷ ᠪᠤᠯ ᠬᠤᠷᠢᠮ ᠬᠢᠭᠰᠡᠨ ᠠᠶᠢᠯ ᠤᠨ ᠡᠵᠡᠭᠲᠠᠢ

 ᠨᠢ ᠬᠤᠷᠢᠮ ᠳᠤ ᠬᠠᠪᠰᠤᠷᠤᠭᠰᠠᠨ ᠬᠦᠮᠦᠰ ᠲᠤ ᠲᠠᠯᠠᠷᠬᠠᠵᠤ᠂ ᠤᠯᠠᠨ ᠤ ᠬᠠᠪᠰᠤᠷᠤᠯᠭ᠎ᠠ ᠪᠠᠷ ᠰᠠᠶᠢᠬᠠᠨ ᠬᠤᠷᠢᠮ ᠪᠤᠯᠤᠯ᠎ᠠ ᠬᠡᠮᠡᠨ ᠪᠠᠶᠠᠰᠴᠤ ᠲᠡᠲᠡᠨᠡᠷ ᠢ

ᠴᠠᠳᠳᠠᠳᠠᠯ᠎ᠠ ᠢᠳᠡᠬᠦᠯᠵᠤ ᠤᠭᠤᠤᠯᠭᠠᠵᠤ ᠬᠠᠨᠤᠳᠠᠯ᠎ᠠ ᠨᠠᠶᠢᠷᠯᠠᠳᠤᠭᠠᠢ ᠭᠡᠰᠡᠨ ᠤᠬᠠᠭᠠᠨ ᠪᠢᠯᠡ᠃ ︽ᠰᠢᠪᠠᠷ︾ ᠨᠠᠶᠢᠷ  ᠲᠠᠷᠬᠠᠬᠤ ᠳᠤ ᠬᠡᠷ ᠤᠨ ᠡᠵᠡᠨ ᠠᠴᠠ

ᠠᠪᠴᠢᠷᠠᠭᠰᠠᠨ ᠪᠡᠯᠡᠭ ᠤᠨ ᠬᠦᠨᠳᠤ ᠬᠦᠩᠭᠡᠨ ᠢ ᠢᠯᠭᠠᠵᠤ ᠰᠠᠪᠠ ᠬᠠᠷᠢᠭᠤᠯᠤᠨ᠎ᠠ᠃ ᠬᠤᠷᠢᠮ ᠤᠨ ᠲᠠᠭᠠᠭᠠᠮᠠᠯ᠂ ᠭᠠᠯ ᠲᠤᠭᠤᠭ᠎ᠠ ᠬᠠᠪᠰᠤᠷᠤᠭᠰᠠᠨ ᠬᠦᠮᠦᠨ᠂

ᠤᠭᠤᠴᠠ ᠴᠢᠨᠠᠭᠰᠠᠨ ᠬᠦᠮᠦᠨ᠂ ᠢᠷᠦᠭᠡᠯᠴᠢ ᠬᠡᠯᠡᠮᠦᠷᠴᠢ ᠪᠡᠷᠭᠡᠨ ᠵᠡᠷᠭᠡ ᠬᠦᠮᠦᠰ ᠲᠤ ᠪᠠᠨ ᠬᠡᠪ ᠤᠨ ᠴᠠᠢ᠂ ᠲᠤᠷᠭ᠎ᠠ ᠲᠤᠷᠳᠤᠩ᠂ ᠬᠠᠳᠠᠭ ᠮᠡᠳᠤ ᠶᠢᠨ ᠪᠡᠯᠡᠭ

ᠦᠭᠴᠦ ᠲᠠᠯᠠᠷᠬᠠᠯ ᠤᠨ ᠰᠡᠳᠬᠢᠯᠭᠡ ᠪᠠᠨ ᠢᠯᠡᠳᠭᠡᠳᠡᠭ᠃

     10᠂ ᠪᠡᠷᠭᠡᠨ ᠦᠳᠡᠰᠢ ᠰᠢᠨ᠎ᠡ ᠬᠡᠷ ᠲᠤ ᠤᠷᠤᠬᠤ ᠶᠤᠰᠤᠨ᠄ ᠬᠤᠷᠢᠮ ᠲᠠᠷᠬᠠᠵᠤ ᠤᠷᠤᠢ ᠤᠨᠲᠠᠬᠤ ᠦᠶ᠎ᠡ ᠳᠤ ᠵᠠᠯᠠᠵᠤ ᠠᠪᠴᠢᠷᠠᠭᠰᠠᠨ ᠪᠡᠷᠭᠡᠨ ᠨᠠᠷ ᠨᠢ

ᠰᠢᠨ᠎ᠡ ᠪᠡᠷᠢ ᠶᠢ ᠲᠠᠭᠠᠭᠤᠯᠤᠨ ᠰᠢᠨ᠎ᠡ ᠭᠡᠷ ᠲᠤ ᠤᠷᠤᠵᠤ ᠬᠦᠷᠭᠡᠨ ᠬᠦᠦ ᠶᠢᠨ ᠡᠪᠤᠷ ᠲᠤ ᠰᠢᠨ᠎ᠡ ᠪᠡᠷᠢ ᠶᠢ ᠲᠦᠯᠬᠢᠵᠤ ᠤᠷᠤᠭᠤᠯᠤᠭᠠᠳ ᠲᠦᠷᠭᠡᠨ ᠭᠠᠷᠴᠤ

ᠶᠠᠪᠤᠬᠤ ᠲᠤᠭᠯᠠᠭᠠᠮ ᠤᠨ ᠶᠤᠰᠤᠨ ᠢ ᠬᠦᠢᠴᠡᠳᠭᠡᠳᠡᠭ ᠪᠢᠯᠡ᠂ ᠡᠨᠡ ᠨᠢ ᠰᠢᠨ᠎ᠡ ᠪᠡᠷᠢ ᠶᠢ ᠡᠷ᠎ᠡ ᠨᠦᠭᠦᠷ ᠲᠤ ᠨᠢ ᠵᠢᠷᠤᠮ ᠶᠤᠰᠤᠭᠠᠷ ᠲᠤᠰᠢᠶᠠᠵᠤ ᠪᠠᠶᠢᠬᠤ ᠤᠴᠢᠷ

 ᠲᠠᠢ ᠬᠡᠨ᠎ᠡ᠃

     11᠂ ᠲᠦᠷᠬᠦᠮᠴᠢᠯᠡᠬᠦ᠄ ᠤᠷᠠᠳ ᠬᠤᠷᠢᠮ ᠤᠨ ᠶᠤᠰᠤᠨ ᠳᠤ ᠲᠦᠷᠬᠦᠮᠴᠢᠯᠡᠬᠦ ᠬᠡᠵᠤ ᠬᠠᠳᠠᠮ ᠡᠬᠡ ᠨᠢ ᠬᠦᠦ ᠪᠤᠯᠤᠨ ᠬᠦᠦ ᠪᠡᠷᠢ ᠪᠠᠨ ᠲᠠᠭᠠᠭᠤᠯᠤᠨ

ᠬᠤᠨᠢᠨ ᠰᠢᠭᠦᠰᠦ᠂ ᠲᠦᠷᠪᠡᠨ ᠲᠤᠭᠤᠢ ᠪᠤᠭᠤᠷᠰᠤᠭ᠂ ᠬᠤᠶᠠᠷ ᠯᠤᠩᠬᠤ ᠠᠷᠢᠬᠢ ᠠᠪᠴᠤ ᠬᠡᠤᠬᠡᠨ ᠤ ᠲᠠᠯ᠎ᠠ ᠶᠢᠨ ᠭᠡᠷ ᠲᠤ ᠤᠴᠢᠳᠠᠭ᠃ ᠬᠤᠷᠢᠮ ᠤᠨ ᠲᠠᠷᠠᠭ᠎ᠠ

ᠲᠤᠬᠢᠷᠠᠮᠵᠢᠲᠠᠢ ᠴᠠᠭ ᠢᠶᠠᠨ ᠦᠵᠡᠵᠤ ᠪᠠᠶᠢᠭᠠᠳ ᠬᠡᠵᠢᠶ᠎ᠡ ᠤᠴᠢᠭᠰᠠᠨ ᠴᠤ ᠪᠤᠯᠤᠨ᠎ᠠ᠃ ᠢᠩᠬᠢᠵᠤ ᠲᠦᠷᠬᠦᠮᠴᠢᠯᠡᠵᠤ ᠤᠴᠢᠬᠤ ᠳᠤ ᠬᠡᠤᠬᠡᠨ ᠤ ᠲᠠᠯ᠎ᠠ ᠠᠴᠠ ᠨᠠᠶᠢᠷ

ᠲᠠᠯᠪᠢᠵᠤ ᠲᠤᠩ ᠬᠦᠨᠳᠤᠳᠭᠡᠨ ᠵᠤᠴᠢᠯᠠᠳᠠᠭ ᠪᠢᠯᠡ  ᠃

     12᠂ ᠵᠤᠯᠭᠠᠯᠲᠠ ᠬᠢᠬᠦ᠄ ᠵᠤᠯᠭᠠᠯᠲᠠ ᠬᠢᠬᠦ ᠬᠡᠳᠡᠭ ᠨᠢ ᠰᠢᠨ᠎ᠡ ᠪᠡᠷᠢ ᠪᠠᠭᠤᠯᠭᠠᠭᠰᠠᠨ ᠠᠶᠢᠯ ᠠᠴᠠ ᠬᠤᠷᠢᠮ ᠤᠨ ᠲᠠᠷᠠᠭ᠎ᠠ ᠬᠦᠦ ᠶᠢᠨ ᠲᠠᠯ᠎ᠠ ᠶᠢᠨ ᠤᠶᠢᠷ᠎ᠠ

ᠲᠦᠷᠦᠯ ᠰᠠᠳᠤᠨ ᠤ ᠳᠤ ᠪᠠᠨ ᠰᠢᠨ᠎ᠡ ᠬᠦᠷᠭᠡᠨ ᠰᠢᠨ᠎ᠡ ᠪᠡᠷᠢ ᠶᠢ ᠤᠴᠢᠭᠤᠯᠵᠤ᠂ ᠲᠦᠷᠦᠯ ᠰᠠᠳᠤᠨ᠂ ᠠᠶᠢᠮᠠᠭ ᠤᠭᠰᠠᠭ᠎ᠠ ᠪᠠᠨ ᠲᠠᠨᠢᠭᠤᠯᠤᠨ ᠡᠭᠦᠳᠡ ᠡᠷᠤᠬᠡ ᠶᠢ

 ᠨᠢ ᠵᠢᠭᠠᠵᠤ ᠦᠭᠴᠤ ᠪᠠᠶᠢᠭ᠎ᠠ ᠤᠴᠢᠷ ᠲᠠᠢ ᠪᠢᠯᠡ᠃ ᠬᠦᠦ ᠶᠢᠨ ᠲᠠᠯ᠎ᠠ ᠶᠢᠨ ᠰᠠᠳᠤᠨ ᠲᠦᠷᠦᠯ ᠨᠢ ᠠᠶᠢᠯ ᠠᠶᠢᠮᠠᠭ ᠤᠨ ᠠᠬ᠎ᠠ ᠲᠡᠭᠦᠦ ᠲᠦᠷᠦᠯ ᠢᠶᠠᠨ ᠵᠠᠯᠠᠵᠤ

ᠢᠷᠡᠭᠡᠳ ᠤᠭᠤᠴᠠ ᠰᠢᠬᠦᠰᠦ ᠲᠠᠯᠪᠢᠵᠤ ᠦᠯᠡᠮᠵᠢ ᠰᠠᠶᠢᠬᠠᠨ ᠨᠠᠶᠢᠷ ᠲᠠᠯᠪᠢᠵᠤ ᠵᠤᠴᠢᠯᠠᠳᠠᠭ ᠪᠢᠯᠡ᠃

     13᠂  ᠤᠷᠤᠭ ᠬᠤᠷᠢᠮ ᠤᠨ ᠲᠤᠬᠠᠢ ᠪᠤᠰᠤᠳ ᠵᠠᠩ ᠦᠢᠯᠡ᠄

     ︵1︶᠂ ᠤᠶᠢᠷ᠎ᠠ ᠲᠦᠷᠦᠯ ᠨᠢᠭᠡ ᠶᠠᠰᠤᠲᠠᠨ ᠤ ᠤᠳᠤᠮ ᠤᠭᠰᠠᠭ᠎ᠠ ᠶᠢᠨ ᠬᠤᠭᠤᠷᠤᠨᠳᠤ ᠤᠷᠤᠭ ᠬᠡᠯᠡᠯᠴᠡᠵᠤ ᠪᠤᠯᠬᠤ ᠦᠬᠡᠢ᠂ ᠲᠠᠶᠢᠵᠢ ᠠᠶᠢᠯ ᠤᠳ

ᠦᠪᠡᠷ ᠤᠨ ᠬᠤᠭᠤᠷᠤᠨᠳᠤ ᠪᠠᠨ ᠤᠷᠤᠭ ᠬᠤᠯᠪᠤᠬᠤ ᠶᠤᠰᠤ ᠦᠭᠡᠢ᠃ ᠲᠠᠶᠢᠵᠢ ᠠᠶᠢᠯ ᠪᠤᠯ ᠬᠠᠷᠠᠴᠤ ᠠᠶᠢᠯ ᠤᠨ ᠬᠡᠤᠬᠡᠨ ᠢ ᠠᠰᠠᠭᠤᠬᠤ ᠬᠡᠷᠡᠭᠲᠡᠢ᠃ ᠲᠠᠶᠢᠵᠢ ᠠᠶᠢᠯ

 ᠤᠨ ᠬᠡᠤᠬᠡᠨ ᠬᠠᠷᠠᠴᠤ ᠠᠶᠢᠯ ᠤᠨ ᠬᠦᠦ ᠳᠤ ᠤᠴᠢᠬᠤ ᠡᠶᠢᠮᠦ ᠶᠤᠰᠤ ᠶᠢ ᠴᠢᠩᠭ᠎ᠠ ᠪᠠᠷᠢᠮᠳᠠᠯᠠᠳᠠᠭ᠃ ᠠᠳᠠᠯᠢ ᠶᠤᠰᠤᠭᠠᠷ ᠬᠠᠷᠠᠴᠤ ᠠᠶᠢᠯ ᠴᠤ ᠬᠡᠰᠡᠨ ᠨᠢᠭᠡ

ᠶᠠᠰᠤᠲᠠᠨ ᠤ ᠤᠳᠤᠮ ᠤᠭᠰᠠᠭ᠎ᠠ ᠶᠢᠨ ᠬᠤᠭᠤᠷᠤᠨᠳᠤ ᠤᠷᠤᠭ ᠬᠡᠯᠡᠯᠴᠡᠵᠤ ᠪᠤᠯᠬᠤ ᠦᠭᠡᠢ᠂ ᠵᠠᠪᠠᠯ ᠦᠭᠡᠷ᠎ᠡ ᠤᠳᠤᠮ ᠤᠨ ᠬᠤᠭᠤᠷᠤᠨᠳᠤ ᠪᠠᠨ ᠰᠠᠶ᠋ᠢ ᠤᠷᠤᠭ

ᠬᠤᠯᠪᠤᠵᠤ ᠪᠤᠯᠤᠨ᠎ᠠ᠃

     ︵2︶᠂ ᠬᠡᠤᠬᠡᠨ ᠬᠦᠮᠦᠨ ᠤ ᠠᠶᠢᠯ ᠳᠤ ᠮᠤᠷᠳᠠᠵᠤ ᠪᠡᠷᠢ ᠪᠤᠯᠬᠤ ᠨᠠᠰᠤ ᠪᠤᠯ 17 ᠠᠴᠠ 21 ᠨᠠᠰᠤᠨ ᠤ ᠦᠶ᠎ᠡ ᠪᠤᠯᠤᠨ᠎ᠠ᠃ ᠬᠦᠪᠡᠬᠦᠨ ᠪᠡᠷᠢ ᠠᠪᠬᠤ

ᠨᠠᠰᠤ ᠪᠤᠯ 18 ᠠᠴᠠ 25 ᠨᠠᠰᠤᠨ ᠤ ᠦᠶ᠎ᠡ ᠪᠤᠯᠤᠨ᠎ᠠ᠃ ᠢᠩᠬᠢᠬᠦ ᠳᠤ ᠪᠠᠨ ᠡᠷ᠎ᠡ ᠬᠦᠮᠦᠨ ᠵᠠᠪᠠᠯ ᠨᠠᠰᠤ ᠠᠬ᠎ᠠ ᠪᠠᠶᠢᠬᠤ ᠶᠢ ᠡᠷᠬᠢᠮᠯᠠᠵᠤ᠂ ᠡᠮᠡᠭᠲᠠᠢ ᠬᠦᠮᠦᠨ

ᠡᠷᠬᠡᠪᠰᠢ ᠨᠠᠰᠤ ᠲᠡᠭᠦᠦ ᠪᠠᠶᠢᠬᠤ ᠶᠢ ᠴᠢᠬᠤᠯᠠᠴᠢᠯᠠᠳᠠᠭ ᠵᠠᠩᠰᠢᠯ ᠲᠠᠢ ᠪᠢᠯᠡ᠃

     ︵3︶᠂ ᠤᠷᠤᠭ ᠬᠤᠷᠢᠮ ᠤᠨ ᠲᠤᠮᠳᠠᠬᠢ ᠵᠠᠭᠤᠴᠢ ᠪᠤᠯᠬᠤ ᠬᠦᠮᠦᠨ ᠪᠤᠯ ᠵᠠᠪᠠᠯ ᠡᠯᠢᠬᠡ ᠪᠦᠳᠦᠨ᠂ ᠲᠡᠬᠦᠰ ᠬᠦᠮᠦᠨ ᠢ ᠰᠤᠩᠭᠤᠬᠤ ᠶᠤᠰᠤᠲᠠᠢ᠃ ᠡᠶᠢᠮᠦ

ᠬᠦᠮᠦᠨ ᠪᠤᠯ ᠦᠰᠦ ᠬᠤᠯᠪᠤᠭᠰᠠᠨ ᠠᠴᠠ ᠬᠦᠪᠡᠬᠦᠨ ᠦᠬᠢᠨ ᠲᠡᠯᠭᠡᠷᠡᠵᠤ᠂ ᠲᠡᠭᠡᠷ᠎ᠡ ᠢᠨᠤ ᠡᠴᠢᠬᠡ ᠡᠭᠡ ᠴᠦᠮ ᠪᠦᠷᠢᠨ ᠪᠠᠶᠢᠬᠤ ᠶᠢ ᠵᠢᠭᠠᠨ᠎ᠠ᠂ ᠦᠨᠦᠴᠢᠨ

ᠦᠷᠦᠭᠡᠰᠦᠨ ᠪᠡᠯᠪᠡᠰᠦᠨ᠂ ᠡᠷᠬᠡᠲᠡᠨ ᠪᠦᠷᠢᠨ ᠦᠬᠡᠢ ᠬᠦᠮᠦᠰ᠂ ᠯᠠᠮᠠ ᠬᠦᠮᠦᠨ᠂ ᠴᠢᠪᠠᠭᠠᠨᠴᠠ ᠬᠦᠮᠦᠨ᠂ ᠦᠰᠦ ᠬᠤᠯᠪᠤᠭᠠᠳᠤᠢ ᠬᠦᠮᠦᠨ ᠪᠦᠷ ᠵᠠᠭᠤᠴᠢ ᠪᠤᠯᠬᠤ

ᠶᠤᠰᠤ ᠦᠬᠡᠢ ᠪᠢᠯᠡ᠃

     ︵4︶᠂ ᠦᠨᠳᠡᠭᠡᠨ ᠰᠦᠢ ᠲᠠᠯᠪᠢᠬᠤ ᠶᠤᠰᠤᠨ᠄ ᠨᠢᠭᠡ ᠤᠳᠤᠮ ᠤᠨ ᠪᠤᠰᠤ᠂ ᠨᠢᠭᠡ ᠨᠢ ᠬᠦᠪᠡᠬᠦᠨ ᠲᠠᠢ᠂ ᠨᠦᠬᠦᠭᠡ ᠨᠢ ᠦᠬᠢᠨ ᠲᠠᠢ ᠡᠶᠢᠮᠤ ᠬᠤᠶᠠᠷ

ᠠᠶᠢᠯ ᠤᠨ ᠶᠠᠬᠡᠴᠤᠳ ᠨᠢ ᠤᠷᠤᠭ ᠲᠤᠭᠳᠠᠬᠤ ᠨᠠᠰᠤᠨ ᠳᠤ ᠬᠦᠷᠦᠬᠡ ᠦᠬᠡᠢ ᠬᠤᠶᠠᠷ ᠬᠡᠤᠬᠡᠳ ᠢ ᠤᠷᠢᠳ ᠢᠶᠠᠷ ᠤᠷᠤᠭ ᠲᠦᠷᠦᠯ ᠪᠤᠯᠬᠤ ᠶᠢ ᠬᠡᠯᠡᠯᠴᠡᠨ

ᠲᠤᠭᠲᠠᠭᠠᠬᠤ ᠶᠢ ᠦᠨᠳᠡᠭᠡᠨ ᠰᠦᠢ ᠲᠠᠯᠪᠢᠬᠤ ᠬᠡᠨ᠎ᠡ᠃ ᠤᠷᠤᠭ ᠬᠤᠯᠪᠤᠬᠤ ᠨᠠᠰᠤᠨ ᠳᠤ ᠬᠦᠷᠦᠮᠡᠭᠴᠡ ᠲᠠᠷᠤᠢ ᠶᠤᠰᠤ ᠪᠡᠯᠡᠭ ᠢᠶᠠᠨ ᠬᠦᠢᠴᠡᠳᠭᠡᠨ ᠵᠢᠩᠬᠢᠨᠢ ᠤᠷᠤᠭ

ᠬᠤᠯᠪᠤᠳᠠᠭ ᠪᠢᠯᠡ᠃ ᠰᠦᠢ ᠲᠤᠭᠳᠠᠭᠰᠠᠨ ᠤ ᠲᠠᠷᠠᠭ᠎ᠠ ᠬᠡᠤᠬᠡᠨ ᠢ ᠬᠦᠦ ᠲᠠᠯ᠎ᠠ ᠶᠢᠨ ᠠᠶᠢᠯ ᠳᠤ ᠠᠪᠴᠢᠷᠠᠵᠤ ᠰᠠᠭᠤᠯᠭᠠᠵᠤ ᠪᠤᠯᠳᠠᠭ᠃ ᠰᠠᠶᠢᠨ ᠰᠠᠶᠢᠬᠠᠨ

ᠶᠠᠪᠤᠯᠴᠠᠵᠤ ᠢᠷᠡᠭᠰᠡᠨ ᠬᠤᠶᠠᠷ ᠠᠶᠢᠯ ᠤᠨ ᠬᠢᠨ ᠤᠳᠠᠭᠠᠨ ᠵᠢᠯ ᠠᠶᠢᠯ ᠰᠠᠭᠠᠬᠠᠯᠲᠠ ᠰᠠᠭᠤᠵᠤ ᠬᠦᠨ ᠵᠤᠵᠠᠭᠠᠨ ᠡᠪ ᠨᠠᠶᠢᠷ ᠲᠠᠢ ᠪᠤᠯᠤᠭᠰᠠᠨ ᠠᠶᠢᠯ ᠤᠨ ᠪᠡᠷᠢᠶᠡᠳ

 ᠨᠢ ᠵᠡᠷᠭᠡ ᠪᠠᠷ ᠵᠢᠷᠮᠤᠰᠦᠯᠡᠭᠰᠡᠨ ᠦᠶ᠎ᠡ ᠳᠤ ᠶᠡᠬᠡᠴᠤᠳ ᠨᠢ ᠬᠠᠷᠢᠯᠴᠠᠨ ᠬᠡᠪᠡᠯᠢ ᠵᠢᠭᠠᠵᠤ ᠪᠤᠯᠵᠤᠭ᠎ᠠ ᠲᠤᠭᠲᠠᠬᠤ ᠶᠢ ᠦᠨᠳᠡᠭᠡᠨ ᠰᠦᠢ ᠲᠠᠯᠪᠢᠬᠤ ᠭᠡᠳᠡᠭ᠃ ᠬᠡᠷᠪᠡ

ᠲᠦᠷᠦᠭᠰᠡᠨ ᠬᠡᠤᠬᠡᠳ ᠤᠨ ᠨᠢᠬᠡ ᠨᠢ ᠬᠦᠦ᠂ ᠨᠦᠬᠦᠬᠡ ᠨᠢ ᠦᠬᠢᠨ ᠪᠤᠯ ᠡᠷ᠎ᠡ ᠡᠮ᠎ᠡ ᠪᠤᠯᠭᠠᠨ᠎ᠠ᠃ ᠡᠰᠡ ᠲᠡᠶᠢᠮᠤ ᠪᠤᠯ ᠠᠬ᠎ᠠ ᠲᠡᠭᠦᠦ ᠪᠤᠯᠭᠠᠨ᠎ᠠ ᠬᠡᠳᠡᠭ ᠶᠤᠰᠤ ᠪᠤᠢ

     ︵5  ︶ ︽ᠬᠦᠴᠦᠨ ᠬᠦᠷᠭᠡᠨ︾ ᠤᠷᠤᠭᠤᠯᠬᠤ ᠶᠤᠰᠤᠨ  ᠄ ᠦᠷ᠎ᠡ ᠶᠢᠨ ᠭᠠᠭᠴᠠ ᠬᠡᠤᠬᠡᠨ ᠲᠠᠢ ᠠᠶᠢᠯ ᠪᠤᠯ ᠪᠤᠰᠤᠳ ᠤᠨ ᠬᠦᠪᠡᠬᠦᠨ ᠢ ︽ᠬᠦᠴᠦᠨ

ᠬᠦᠷᠭᠡᠨ︾ ᠬᠡᠮᠡᠨ ᠬᠡᠤᠬᠡᠨ ᠤ ᠲᠠᠯ᠎ᠠ ᠶᠢᠨ ᠠᠶᠢᠯ ᠳᠤ ᠬᠦᠷᠭᠡᠨ ᠤᠷᠤᠭᠤᠯᠵᠤ ᠦᠭᠬᠦ ᠶᠤᠰᠤ ᠪᠤᠢ᠃ ︽ᠬᠦᠴᠦᠨ ᠬᠦᠷᠭᠡᠨ︾ ᠤᠷᠤᠭᠤᠯᠬᠤ ᠤᠷᠤᠭ ᠬᠤᠷᠢᠮ ᠤᠨ

ᠵᠠᠩ ᠦᠢᠯᠡ ᠨᠢ ᠪᠡᠷᠢ ᠪᠠᠭᠤᠯᠭᠠᠵᠤ ᠠᠪᠬᠤ ᠲᠠᠢ ᠶᠡᠷᠤᠩᠬᠡᠢ ᠳᠤ ᠪᠠᠨ ᠠᠳᠠᠯᠢᠬᠠᠨ ᠶᠠᠪᠤᠭᠳᠠᠳᠠᠭ ᠶᠤᠮ᠃

     ︽ᠬᠦᠴᠦᠨ ᠬᠦᠷᠭᠡᠨ︾ ᠢ ᠮᠥᠨ ᠬᠦᠪᠡᠬᠦᠨ ᠤ ᠲᠠᠯ᠎ᠠ ᠠᠴᠠ ᠬᠡᠤᠬᠡᠨ ᠤ ᠲᠠᠯ᠎ᠠ ᠳᠤ ᠬᠦᠷᠭᠡᠵᠤ ᠤᠴᠢᠳᠠᠭ ᠵᠠᠩᠰᠢᠯ ᠲᠠᠢ᠃ ᠬᠡᠤᠬᠡᠨ ᠤ ᠲᠠᠯ᠎ᠠ ᠳᠤ

ᠤᠴᠢᠬᠤ ᠳᠤ ᠪᠠᠨ ᠬᠡᠤᠬᠡᠨ ᠪᠤᠭᠳᠤᠯᠠᠬᠤ ᠬᠤᠷᠢᠮ ᠤᠨ ᠡᠳᠦᠷ ᠠᠴᠠ ᠡᠮᠦᠨ᠎ᠡ ᠨᠢᠬᠡᠨ ᠡᠳᠤᠷ ᠤᠷᠢᠳᠴᠢᠯᠠᠨ ᠤᠴᠢᠨ᠎ᠠ᠃ ᠲᠡᠬᠡᠬᠦ ᠳᠤ ᠪᠠᠨ ᠬᠤᠳᠠ ᠶᠢᠨ ᠠᠮᠪᠠᠨ᠂

ᠠᠶᠢᠯ ᠤᠨ ᠠᠬᠠᠮᠠᠳ᠂ ᠪᠡᠷᠭᠡᠨ᠂ ᠲᠠᠭᠠᠪᠤᠷᠢ ᠬᠦᠷᠭᠡᠨ ᠵᠡᠷᠭᠡ ᠶᠢᠨ ᠬᠦᠮᠦᠰ ᠲᠤᠭ᠎ᠠ ᠶᠤᠰᠤᠭᠠᠷ ᠤᠴᠢᠬᠤ ᠬᠡᠷᠡᠭᠲᠠᠢ ᠪᠠᠶᠢᠳᠠᠭ᠃ ᠪᠡᠯᠡᠭ ᠠᠪᠤᠯᠴᠠᠬᠤ ᠶᠤᠰᠤᠨ ᠴᠤ

ᠦᠭᠡᠷ᠎ᠡ ᠬᠤᠷᠢᠮ ᠲᠠᠢ ᠠᠳᠠᠯᠢ ᠪᠠᠶᠢᠳᠠᠭ᠃ ᠬᠡᠤᠬᠡᠨ ᠪᠤᠭᠳᠤᠯᠠᠬᠤ ᠬᠤᠷᠢᠮ ᠤᠨ ᠡᠳᠦᠷ ᠪᠤᠯᠤᠮᠠᠭᠴᠠ ᠬᠤᠶᠠᠷ ᠲᠠᠯ᠎ᠠ ᠶᠢᠨ ᠶᠤᠰᠤᠨ ᠳᠤ ᠨᠡᠶᠢᠴᠡᠬᠦᠯᠬᠦ ᠬᠠᠮᠢᠶᠠᠳᠠᠢ

ᠬᠦᠮᠦᠰ ᠮᠤᠷᠲᠠᠨ ᠭᠠᠷᠴᠤ ᠬᠡᠤᠬᠡᠨ ᠬᠦᠷᠭᠡᠨ ᠬᠤᠶᠠᠭᠤᠯᠠ ᠶᠢ ᠦᠪᠴᠢ ᠬᠤᠪᠴᠠᠯᠠᠨ ᠮᠤᠷᠳᠠᠭᠤᠯᠵᠤ᠂ ᠬᠡᠣᠬᠡᠨ ᠤ ᠲᠠᠯ᠎ᠠ ᠶᠢᠨ ᠭᠡᠷ ᠬᠤᠳᠠ ᠶᠢ ᠨᠠᠷᠠ ᠵᠦᠪ

ᠭᠤᠷᠪᠠᠨᠲᠠ ᠡᠷᠬᠢᠵᠤ ᠪᠠᠭᠤᠬᠤ ᠳᠤ ᠬᠡᠤᠬᠡᠨ ᠲᠠᠯ᠎ᠠ ᠠᠴᠠ ᠬᠤᠷᠢᠮ ᠤᠨ ᠤᠭᠳᠤᠯᠭ᠎ᠠ ᠶᠢᠨ ᠰᠢᠷᠡᠭᠡ ᠵᠠᠰᠠᠵᠤ ᠬᠤᠷᠢᠮ ᠤᠨ ᠶᠤᠰᠤ ᠪᠠᠷ ᠠᠯᠢᠪᠠ ᠦᠢᠯᠡ ᠶᠠᠪᠤᠳᠠᠯ ᠢ

ᠵᠤᠬᠢᠴᠠᠭᠤᠯᠤᠨ ᠬᠢᠬᠦ ᠬᠡᠷᠡᠭᠲᠠᠢ ᠪᠠᠶᠢᠳᠠᠭ᠃ ᠠᠳᠡ ᠶᠠᠪᠤᠭᠳᠠᠬᠤ ᠬᠤᠷᠢᠮ ᠤᠨ ᠶᠤᠰᠤ ᠨᠢ ᠪᠡᠷᠢ ᠪᠠᠭᠤᠯᠭᠠᠬᠤ ᠬᠤᠷᠢᠮ ᠤᠨ ᠶᠤᠰᠤ ᠲᠠᠢ ᠠᠳᠠᠯᠢ ᠪᠠᠶᠢᠳᠠᠭ᠃

     

ᠲ᠊‍ᠤᠳᠤᠰᠡᠴᠡᠨ ᠤ  ᠨᠠᠶᠢᠷᠠᠭᠤᠯᠤᠨ  ᠵᠤᠬᠢᠶᠠᠭᠰᠠᠨ ︽ᠤᠷᠠᠳ ᠵᠠᠩ ᠦᠢᠯᠡ ᠶᠢᠨ ᠰᠤᠳᠤᠯᠤᠯ︾ ᠠᠴᠠ ᠪᠠᠭᠤᠯᠭᠠᠪᠠ

ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ