ᠠᠮᠢᠳᠤᠷᠠᠯ ᠤᠨ ᠲᠠᠪᠤᠰᠤ
ᠨᠡᠶᠢᠲᠡᠯᠡᠭᠰᠡᠨ ᠴᠠᠭ᠄
2019/5/9
              ᠠᠮᠢᠳᠤᠷᠠᠯ ᠤᠨ ᠲᠠᠪᠤᠰᠤ                                                                ᠲ᠊ ᠤᠷᠠᠨ᠎ᠠ      ᠪᠤᠷᠤᠭᠠᠨ ᠤ ᠲᠠᠷᠠᠭᠠᠬᠢ ᠲᠡᠭᠷᠢ ᠴᠡᠩᠭᠡᠭ ᠤᠰᠤᠡ ᠤ ᠲᠠᠯᠠᠢ ᠰᠢᠭ᠋ ᠮᠡᠯᠳᠡᠶᠢᠨ᠎ᠡ᠃ ᠶᠠᠭ ᠡᠨᠡ ᠦᠶ᠎ᠡ ᠳᠤ ᠨᠠᠶᠢᠵᠠ ᠶᠢᠨ ᠮᠢᠨᠢ ᠦᠬᠢᠨ ᠶᠡᠭᠡ ᠰᠤᠷᠭᠠᠭᠤᠯᠢ ᠳᠤ ᠡᠯᠰᠡᠬᠦᠯᠦᠭᠰᠡᠨ ᠮᠡᠳᠡᠭᠳᠡᠯ ᠤᠨ ᠪᠢᠴᠢᠭ ᠢᠶᠠᠨ ᠲᠤᠰᠤᠴᠢᠬᠠᠭᠠᠳ ᠨᠠᠳᠠ ᠳᠤ ᠤᠳᠠᠰᠤ ᠢᠷᠡᠬᠦᠯᠦᠯ᠎ᠡ᠂ ᠶᠠᠭᠠᠬᠢᠬᠤ ᠶᠢᠨ ᠠᠷᠭ᠎ᠠ ᠦᠭᠡᠢ ᠰᠠᠳᠬᠢᠯ ᠲᠤᠭᠳᠤᠯᠤᠭᠰᠠᠨ ᠪᠢ ᠨᠢᠳᠦ ᠪᠠᠨ ᠵᠠᠶᠢᠷᠳᠠᠭᠤᠯᠤᠨ ᠬᠠᠷᠢᠭᠤ ᠪᠠᠶᠠᠷ ᠪᠠᠷᠢᠯ᠎ᠠ᠃ ᠨᠠᠶᠢᠵᠠ ᠮᠢᠨᠢ ᠦᠪᠡᠷ ᠢᠶᠠᠨ ᠤᠳᠠᠰᠤ ᠢᠷᠡᠬᠦᠯᠦᠭᠰᠠᠨ ᠦᠭᠡᠢ ᠠᠴᠠ ᠨᠢ ᠪᠠᠷᠤᠭᠯᠠᠪᠠᠯ ᠪᠠᠶᠠᠷᠯᠠᠵᠤ ᠰᠠᠭᠠᠬᠤ  ᠳᠠᠭᠠᠨ ᠪᠠᠷᠢᠵᠤ ᠲᠠᠯᠪᠢᠭᠰᠠᠨ ᠢᠶᠠᠨ ᠮᠠᠷᠳᠠᠵᠤ ᠠᠯᠢ ᠡᠰᠡᠬᠦᠯ᠎ᠡ ᠭᠠᠩᠰᠠᠷᠳᠠᠯ᠎ᠠ ᠤᠬᠢᠯᠠᠵᠤ ᠪᠠᠶᠢᠭ᠎ᠠ ᠪᠤᠯᠪᠠᠤ︖ ᠁  ᠮᠢᠨᠤ ᠪᠡᠶ᠎ᠡ ᠰᠡᠳᠬᠢᠯ ᠲᠤᠭᠳᠠᠪᠤᠷᠢ ᠪᠠᠨ ᠠᠯᠳᠠᠵᠤ ᠭᠡᠨ ᠬᠦᠮᠦᠨ ᠳᠤ ᠶᠠᠭᠤ ᠨᠢᠭᠡ ᠶᠢ ᠶᠠᠷᠢᠵᠤ ᠬᠦᠦᠷᠨᠢᠮᠡᠷ ᠰᠠᠨᠠᠭᠳᠠᠨ ᠭᠡᠷ ᠠᠴᠠ ᠪᠠᠨ ᠭᠠᠷᠴᠤ ᠮᠤᠳᠤᠨ ᠤ ᠰᠡᠬᠦᠳᠡᠷ ᠲᠠᠭᠠᠨ ᠠᠯᠬᠤᠬᠤ ᠳᠤ ᠰᠤᠷᠤᠭᠴᠢ  ᠶᠢᠨ ᠦᠶ᠎ᠡ ᠶᠢᠨ ᠭᠡᠰᠡᠭ ᠪᠤᠰᠠᠭ ᠠᠴᠠ ᠡᠷᠭᠡ ᠦᠭᠡᠢ ᠲᠤᠷᠠᠰᠤᠭᠳᠠᠯ᠎ᠠ᠃      ᠵᠦᠯᠭᠡ ᠨᠤᠭᠤᠭ᠎ᠠ ᠬᠤᠸᠠᠷ ᠴᠡᠴᠡᠭ ᠭᠤᠤᠯ ᠤᠨ ᠬᠦᠪᠡᠭᠡ ᠪᠠᠷᠢᠵᠤ ᠦᠩᠭᠡ ᠢᠯᠭᠠᠷᠠᠨ᠂ ᠬᠤᠯᠠ ᠶᠢᠨ ᠵᠡᠷᠭᠡᠯᠭᠡᠨ ᠳᠤ ᠦᠭᠡᠷ ᠲᠡᠮᠡᠭᠡ ᠨᠢ ᠢᠯᠭᠠᠭᠳᠠᠬᠤ ᠦᠭᠡᠢ ᠠᠳᠤᠭᠤ ᠮᠠᠯ ᠤᠳ ᠲᠦᠷᠰᠦ ᠬᠤᠪᠢᠷᠠᠨ ᠤᠪᠤᠯᠵᠠᠨ᠎ᠠ᠃ ᠵᠢᠷᠭᠤᠭᠠᠨ ᠰᠠᠷ᠎ᠠ ᠶᠢᠨ ᠵᠠᠯᠠᠭᠤᠬᠠᠨ ᠨᠠᠷᠠ ᠪᠠᠷᠠᠭᠤᠨᠰᠢ ᠬᠡᠯᠪᠡᠶᠢᠭᠰᠠᠨ ᠴᠦ ᠭᠡᠷᠡᠯ ᠢᠶᠠᠨ ᠴᠢᠩᠭᠠᠯᠠᠨ ᠨᠢᠳᠤ ᠨᠡᠭᠡᠯᠭᠡᠬᠦ ᠦᠭᠡᠢ ᠰᠠᠴᠤᠷᠠᠨ᠎ᠠ᠃ ᠪᠢ ᠪᠠᠶᠢᠷᠢ ᠠᠴᠠ ᠡᠪᠰᠢᠶᠡᠨ ᠡᠪᠰᠢᠶᠡᠨ《 ᠲᠤᠳᠠᠭᠤ ᠤᠨᠳᠠᠴᠢᠬᠠᠯ᠎ᠠ 》ᠭᠡᠵᠤ ᠭᠤᠮᠤᠳᠠᠭᠰᠠᠨ ᠶᠤᠮ ᠰᠢᠭ᠋ ᠭᠤᠭᠤᠵᠢᠵᠤ ᠭᠠᠷᠬᠤ ᠨᠢᠯᠪᠤᠰᠤ ᠪᠠᠨ‌ᠠᠷᠴᠢᠨ ᠨᠤᠵᠤᠭᠤᠷᠤᠭᠰᠠᠨ ᠪᠡᠶ᠎ᠡ ᠪᠠᠨ ᠠᠪᠴᠤ ᠠᠩᠬᠢ ᠳᠤ ᠤᠷᠤᠪᠠᠯ ᠨᠡᠯᠢᠶᠡᠳ ᠲᠣᠭᠠᠨ ᠤ ᠬᠠᠮᠳᠣ ᠰᠣᠷᠣᠭᠴᠢᠳ ᠨᠠᠳᠠᠳᠠᠢ ᠠᠳᠠᠯᠢᠬᠠᠨ ᠨᠤᠶᠢᠷᠮᠤᠭ ᠲᠦᠷᠢᠯᠡᠵᠤ ᠰᠠᠭᠤᠨ᠎ᠠ᠃      ᠪᠡᠯᠡᠳᠭᠡᠯ ᠬᠤᠩᠬ᠎ᠠ ᠲᠤᠤᠭᠠᠷᠬᠤ ᠲᠠᠢ ᠵᠡᠷᠭᠡ ᠭᠠᠵᠢᠭᠰᠠᠨ ᠡᠬᠦᠳᠡ ᠶᠢ ᠪᠦᠯᠬᠦ ᠲᠦᠯᠬᠢᠨ ᠤᠷᠤᠵᠤ ᠢᠷᠡᠭᠰᠡᠨ ᠨᠢ ᠪᠠᠭᠰᠢ ᠪᠢᠰᠢ ᠬᠠᠷᠢᠨ ᠬᠠᠮᠤᠭ ᠤᠨ ᠡᠮᠤᠨ᠎ᠡ ᠰᠠᠭᠤᠳᠠᠭ ᠡᠩᠬᠡᠵᠤᠯᠠ ᠪᠠᠶᠢᠯ᠎ᠠ᠃ ᠲᠡᠬᠦᠨ ᠤ ᠴᠢᠷᠠᠢ ᠨᠢ ᠤᠯᠠᠶᠢᠨ ᠲᠡᠭᠡᠷ᠎ᠡ ᠲᠡᠭᠡᠷ᠎ᠡ ᠠᠮᠢᠰᠬᠤᠭᠠᠳᠠᠵᠤ ᠬᠠᠮᠠᠷ ᠤᠨ ᠦᠵᠦᠬᠦᠷ ᠲᠤ ᠨᠢ ᠬᠦᠯᠦᠰᠦ ᠪᠤᠷᠴᠠᠭᠯᠠᠭᠰᠠᠨ ᠢ ᠦᠵᠡᠪᠡᠯ ᠨᠢᠭᠡ ᠵᠠᠮ ᠬᠦᠶᠦᠭᠰᠡᠨ ᠢᠶᠠᠷ ᠢᠶᠠᠨ ᠢᠷᠡᠭᠰᠡᠨ ᠨᠢ ᠢᠯᠡᠭᠡᠨ᠂ ᠲᠡᠷᠡ ᠪᠤᠭᠴᠤ ᠪᠠᠨ ᠬᠦᠴᠦᠳᠠᠢ ᠭᠡᠭᠴᠢ ᠰᠢᠷᠡᠭᠡᠨ ᠲᠡᠭᠡᠷ᠎ᠡ ᠴᠢᠯᠠᠭᠤᠳᠠᠵᠤ ᠨᠤᠮ ᠢᠶᠠᠨ ᠭᠠᠷᠭᠠᠵᠤ ᠪᠠᠶᠢᠳᠠᠯ᠎ᠠ ᠠᠩᠬᠢ ᠶᠢᠨ ᠡᠷᠬᠢᠯᠡᠭᠴᠢ ᠤᠷᠤᠵᠤ ᠢᠷᠡᠯ᠎ᠡ  ᠂ ᠠᠩᠬᠢ ᠶᠢᠨ ᠨᠦᠬᠦᠳ ᠵᠡᠷᠭᠡᠪᠡᠷ ᠪᠤᠰᠴᠤ :      —  ᠪᠠᠭᠰᠢ ᠰᠠᠶᠢᠨ︕ ᠭᠡᠵᠤ ᠲᠠᠭᠤ ᠨᠢᠭᠡᠳᠠᠢ ᠮᠡᠨᠳᠦᠯᠡᠬᠦ ᠳᠤ      —  ᠰᠤᠷᠤᠭᠴᠢ ᠰᠠᠶᠢᠨ︕ ᠭᠡᠳ ᠪᠢᠳᠡᠨ ᠢ ᠰᠠᠭᠤᠯᠭᠠᠵᠤ᠂ ᠡᠮᠤᠨ᠎ᠡ ᠰᠤᠷᠤᠭᠰᠠᠨ ᠬᠢᠴᠢᠶᠡᠯ ᠤᠨ ᠠᠭᠤᠯᠭ᠎ᠠ ᠶᠢ ᠲᠠᠪᠳᠠᠬᠤ ᠪᠠᠷ ᠨᠡᠷ᠎ᠡ ᠲᠠᠭᠤᠳᠠᠵᠤ ᠬᠦᠨᠳᠦ ᠦᠰᠦᠭ ᠠᠰᠠᠭᠤᠬᠤ ᠵᠠᠭᠤᠷ᠎ᠠ ᠰᠠᠮᠪᠠᠷ᠎ᠠ ᠲᠡᠭᠡᠷ᠎ᠡ《 ᠬᠤᠭᠤᠰᠤᠨ》ᠭᠡᠰᠡᠨ ᠦᠰᠦᠭ ᠢ ᠪᠢᠴᠢᠭᠡᠳ ᠡᠩᠬᠡᠵᠤᠯᠠ ᠶᠢ ᠭᠠᠷᠴᠤ ᠦᠶ᠎ᠡ ᠪᠠᠷ ᠰᠠᠯᠭᠠᠬᠤ ᠶᠢ ᠰᠢᠭᠤᠳ ᠱᠠᠭᠠᠷᠳᠠᠭᠰᠠᠨ ᠪᠠᠶᠢᠨ᠎ᠠ᠃        ᠲᠡᠷᠡ ᠰᠠᠮᠪᠠᠷ᠎ᠠ ᠠᠴᠠ ᠨᠢᠳᠤ ᠰᠠᠯᠭᠠᠯ ᠦᠭᠡᠢ ᠤᠷᠤᠨ ᠠᠴᠠ ᠪᠠᠨ ᠪᠤᠰᠴᠤ ᠠᠮᠠᠨ ᠳᠠᠭᠠᠨ ᠲᠦᠳᠦᠨᠡᠨ ᠪᠠᠭᠰᠢ ᠤᠨ ᠭᠠᠷ ᠠᠴᠠ ᠤ ᠶᠢᠨ ᠪᠢᠷ ᠢ ᠲᠤᠰᠤᠨ ᠠᠪᠴᠦ《 ᠬᠤᠭᠤᠰᠤᠨ》ᠦᠰᠦᠭ ᠤᠨ ᠲᠤᠤᠷ᠎ᠠ ᠲᠡᠷᠢᠬᠦᠨ ᠡᠷᠬᠦᠨ ᠲᠡᠬᠦᠨ ᠢ ᠠᠩᠬ᠎ᠠ ᠦᠵᠡᠭᠰᠡᠨ ᠮᠡᠳᠤ ᠴᠤᠭᠤ ᠰᠢᠷᠳᠡᠨ᠎ᠡ᠃        — ᠦᠶ᠎ᠡ ᠪᠠᠷ ᠰᠠᠯᠭᠠᠬᠤ ᠭᠡᠵᠤ ᠶᠠᠭᠤ ᠶᠢ ᠬᠡᠯᠡᠳᠡᠭ ᠪᠢᠯᠡ︖ ᠭᠡᠵᠤ ᠪᠠᠭᠰᠢ ᠠᠰᠠᠭᠤᠬᠤ ᠳᠤ᠂ ᠲᠡᠷᠡ ᠲᠤᠤᠭᠠᠷᠤᠭᠰᠠᠨ ᠦᠭᠡᠢ ᠲᠤᠤᠭᠤᠷ ᠨᠢᠳᠦ ᠬᠦᠶᠦᠯᠭᠡᠭᠰᠡᠨ ᠢᠶᠠᠨ ᠶᠠᠭᠤ ᠴᠦ ᠪᠢᠴᠢᠬᠦ ᠦᠭᠡᠢ ᠮᠤᠳᠤᠨ ᠬᠦᠮᠦᠨ ᠰᠢᠭ᠋ ᠵᠤᠭᠰᠤᠨ᠎ᠠ᠂ ᠪᠠᠭᠰᠢ ᠲᠡᠬᠦᠨ ᠢ ᠠᠷᠭ᠎ᠠ ᠮᠤᠬᠤᠷᠳᠠᠭᠰᠠᠨ ᠬᠠᠷᠠᠴᠠ ᠪᠠᠷ ᠬᠠᠷᠠᠵᠤ᠂      —  ᠲᠠᠶᠢᠰᠠᠨ ᠠᠴᠠ ᠪᠠᠭᠤᠴᠢᠬ᠎ᠠ᠂ ᠪᠠᠰᠠ ᠯᠡ ᠬᠢᠴᠢᠶᠡᠯ ᠬᠤᠵᠢᠭᠳᠠᠬᠤ ᠰᠢᠬᠠᠯ᠎ᠠ ᠪᠢᠵᠡ︕ ᠭᠡᠵᠤ ᠰᠤᠯᠠᠬᠠᠨ ᠬᠡᠯᠡᠪᠡᠯ ᠲᠡᠷᠡ ᠬᠤᠶᠢᠰᠢ ᠤᠬᠤᠷᠢᠨ ᠲᠤᠷᠤᠭᠰᠢ ᠪᠠᠭᠤᠯ᠎ᠠ᠃ ᠠᠩᠬᠢ ᠶᠢᠨ ᠪᠠᠭᠰᠢ ᠨᠠᠪᠴᠢᠮ᠎ᠠ ᠶᠢ ᠲᠠᠭᠤᠳᠠᠪᠠᠯ ᠲᠡᠷᠡ ᠱᠠᠯᠠᠮᠠᠭᠠᠢ ᠭᠠᠷᠴᠤ ᠵᠢᠵᠢᠭ ᠦᠰᠦᠭ ᠢᠶᠠᠷ ᠦᠶ᠎ᠡ ᠪᠠᠷ ᠰᠠᠯᠠᠭᠠᠵᠤ ᠤᠷᠬᠢᠭᠠᠳ ᠤᠷᠤᠨ ᠳᠠᠭᠠᠨ ᠪᠤᠴᠠᠪᠠ᠃        ᠪᠠᠭᠰᠢ ᠲᠡᠬᠦᠨ ᠢ ᠤᠷᠤᠨ ᠳᠤᠨᠢ ᠬᠠᠷᠢᠭᠤᠯᠵᠤ᠂ ᠦᠶ᠎ᠡ ᠪᠠᠷ ᠰᠠᠯᠭᠠᠬᠤ ᠶᠢᠨ ᠤᠬᠠᠭᠠᠭᠳᠠᠬᠤᠨ ᠢ ᠬᠤᠶᠠᠷ ᠤᠳᠠᠭ᠎ᠠ ᠲᠠᠭᠠᠭᠤᠯᠵᠤ ᠤᠩᠰᠢᠬᠤ ᠵᠠᠭᠤᠷ᠎ᠠ《ᠬᠤᠭᠤᠰᠤᠨ》ᠦᠰᠦᠭ ᠢ ᠲᠠᠬᠢᠨ ᠦᠶ᠎ᠡ ᠪᠠᠷ ᠰᠠᠯᠭᠠᠵᠤ ᠲᠠᠶᠢᠯᠪᠤᠷᠢᠯᠠᠭᠠᠳ ᠪᠠᠯᠠᠯᠠᠵᠤ ᠤᠷᠬᠢᠩᠭᠤᠳᠠ ᠰᠢᠨ᠎ᠡ ᠬᠢᠴᠢᠶᠡᠯ ᠢᠶᠠᠨ ᠡᠬᠢᠯᠡᠬᠦᠯᠦᠯ᠎ᠡ᠃        ᠡᠩᠬᠡᠵᠤᠯᠠ ᠴᠤᠩᠬᠤ ᠨᠠᠭᠠᠯᠳᠤᠭᠰᠠᠨ ᠮᠦᠷ ᠤᠨ ᠬᠠᠮᠤᠭ ᠤᠨ ᠡᠮᠤᠨ᠎ᠡ ᠰᠠᠭᠤᠵᠤ ᠪᠠᠶᠢᠬᠤ ᠪᠤᠯᠬᠤᠷ ᠪᠢ ᠬᠤᠶᠢᠳᠤ ᠮᠦᠷ ᠤᠨ ᠵᠢᠰᠢᠬᠦᠦ ᠰᠠᠭᠤᠳᠠᠯ ᠠᠴᠠ ᠲᠡᠬᠦᠨ ᠢ ᠲᠤᠳᠤ ᠤᠯᠵᠤ ᠬᠠᠷᠠᠨ᠎ᠠ᠂ ᠬᠢᠴᠢᠶᠡᠯ ᠪᠤᠯᠭᠠᠨ ᠳᠤ ᠲᠡᠬᠦᠨ ᠤ ᠰᠠᠨᠠᠭ᠎ᠠ ᠰᠠᠳᠬᠢᠯ ᠨᠢ ᠲᠦᠪᠯᠡᠷᠡᠵᠤ ᠦᠭᠬᠦ ᠦᠭᠡᠢ ᠮᠦᠷᠳᠡᠭᠡᠨ ᠵᠠᠪ ᠯᠡ ᠭᠠᠷᠪᠠᠯ ᠭᠠᠳᠠᠭᠰᠢ ᠬᠤᠯᠠᠭᠠᠢ ᠬᠠᠷᠠᠴᠠ ᠶᠠᠪᠤᠭᠤᠯᠤᠨ᠎ᠠ᠃ ᠪᠠᠭᠰᠢ ᠲᠡᠬᠦᠨ ᠢ ᠵᠢᠯ ᠤᠨ ᠡᠮᠤᠨ᠎ᠡ ᠠᠴᠠ ᠬᠢᠴᠢᠶᠡᠯ ᠲᠡᠭᠡᠷ᠎ᠡ ᠠᠩᠬᠠᠷᠬᠤ ᠶᠢ ᠴᠢᠩᠳᠠᠯᠠᠨ ᠱᠠᠭᠠᠷᠳᠠᠭᠰᠠᠨ ᠪᠠᠶᠢᠳᠠᠭ ᠭᠡᠪᠡᠴᠦ ᠡᠨᠡ ᠬᠤᠭᠤᠴᠠᠭ᠎ᠠ ᠠᠴᠠ ᠲᠡᠬᠦᠨ ᠳᠤ ᠲᠡᠶᠢᠮᠤ ᠯᠡ ᠬᠠᠳᠠᠭᠤ ᠬᠠᠨᠳᠤᠬᠤ ᠪᠠᠨ ᠪᠠᠶᠢᠭᠰᠠᠨ ᠨᠢ ᠭᠠᠶᠢᠬᠠᠯᠳᠠᠢ᠃        ᠨᠢᠭᠡᠳᠦᠭᠡᠷ ᠤᠨ ᠪᠠᠶᠢᠬᠤ ᠳᠤ ᠲᠠᠰᠬᠠᠯ ᠪᠠᠶᠡᠯᠡᠬᠦᠯᠬᠦ ᠦᠭᠡᠢ ᠭᠡᠳᠦᠨ ᠨᠦᠬᠦᠳ ᠢ ᠪᠠᠭᠰᠢ ᠲᠠᠩᠳᠠ ᠠᠯᠪᠠᠨ ᠭᠡᠷ ᠲᠤ ᠲᠠᠭᠤᠳᠠᠳᠠᠭ ᠪᠠᠶᠢᠭᠰᠠᠨ ᠢᠶᠠᠨ ᠡᠨᠡ ᠬᠤᠭᠤᠴᠠᠭ᠎ᠠ ᠠᠴᠠ ᠡᠬᠢᠯᠡᠭᠡᠳ ᠲᠡᠳᠡ ᠬᠡᠳᠦᠬᠦᠯᠡ ᠶᠢ ᠰᠤᠷᠤᠯᠭ᠎ᠠ ᠰᠠᠶᠢᠳᠠᠢ ᠰᠤᠷᠤᠭᠴᠢ ᠳᠤ ᠲᠠᠭᠠᠭᠠᠯᠭᠠᠵᠤ ᠦᠭᠬᠦᠯ᠎ᠡ᠂ ᠡᠬᠦᠨ ᠳᠤ ᠡᠩᠭᠡᠵᠤᠯᠠ ᠶᠢ ᠨᠠᠳᠠ ᠪᠠᠷ ᠬᠠᠮᠢᠶᠠᠷᠠᠭᠤᠯᠵᠤ᠂ ᠪᠢ ᠲᠡᠬᠦᠨ ᠤ ᠬᠡᠯᠡ ᠪᠢᠴᠢᠭ ᠤᠨ ᠤᠩᠰᠢᠯᠭ᠎ᠠ᠂ ᠲᠠᠪᠳᠠᠯᠭ᠎ᠠ᠂ ᠲᠠᠰᠬᠠᠯ ᠲᠠᠭᠠᠭᠠᠯᠭᠠᠪᠤᠷᠢ ᠢᠶᠠᠨ ᠵᠦᠪ ᠬᠦᠢᠴᠡᠳᠭᠡᠬᠦ ᠳᠤ ᠲᠤᠰᠠᠯᠠᠵᠤ ᠪᠠᠶᠢᠯ᠎ᠠ᠃ ᠡᠬᠦᠨ ᠠᠴᠠ ᠡᠬᠢᠯᠡᠵᠤ ᠪᠢᠳᠡ ᠬᠤᠶᠠᠭᠤᠯᠠ ᠬᠠᠪᠰᠤᠷᠤᠯᠭ᠎ᠠ᠂ ᠬᠠᠷᠢᠭᠤᠴᠠᠯᠭ᠎ᠠ ᠭᠡᠳᠡᠭ ᠤᠨ ᠠᠩᠬᠠᠨ ᠤ ᠠᠮᠳᠠ ᠶᠢ ᠠᠮᠳᠠᠯᠠᠵᠠᠭᠠᠭᠰᠠᠨ ᠶᠤᠮ᠃      ᠮᠢᠨᠤ ᠰᠡᠳᠬᠢᠯ ᠳᠤ ᠲᠡᠬᠦᠨ ᠤ ᠶᠠᠪᠤᠳᠠᠯ ᠰᠠᠭᠤᠳᠠᠯ ᠲᠤᠩ ᠬᠠᠴᠢᠨ ᠰᠠᠨᠠᠭᠳᠠᠳᠠᠭ᠂ ᠲᠡᠬᠦᠨ ᠢ ᠪᠠᠭ᠎ᠠ ᠯᠡ ᠬᠠᠪᠰᠤᠷᠪᠠᠯ《ᠲᠤᠶᠢᠯ ᠢᠶᠠᠷ ᠲᠠᠯᠠᠷᠬᠠᠵᠤ ᠪᠠᠶᠢᠨ᠎ᠠ》ᠭᠡᠵᠤ ᠵᠢᠩᠵᠢᠯᠡᠵᠤ ᠪᠠᠶᠢᠬᠤ ᠰᠢᠭ᠋᠂ ᠨᠠᠳᠠ ᠶᠢ ᠪᠡᠶ᠎ᠡ ᠳᠡᠭᠡᠨ ᠤᠶᠢᠷᠠᠳᠤᠭᠤᠯᠬᠤ ᠲᠤᠷ᠎ᠠ ᠦᠭᠡᠢ ᠴᠦ ᠪᠠᠶᠢᠬᠤ ᠰᠢᠭ᠋ ᠲᠡᠷᠡ ᠮᠦᠷᠳᠡᠭᠡᠨ ᠶᠡᠷᠦ ᠠᠴᠠ ᠡᠵᠢ ᠠᠪᠤ ᠪᠠᠨ ᠲᠤᠷᠠᠰᠳᠠᠭ ᠦᠭᠡᠢ ᠪᠤᠯᠬᠤᠷ ᠨᠢᠭᠡ ᠭᠠᠷᠠᠭ ᠤᠨ ᠡᠳᠤᠷ ᠬᠡᠳᠦᠨ ᠢᠮᠠᠭ᠎ᠠ ᠨᠢ ᠰᠤᠷᠭᠠᠭᠤᠯᠢ ᠶᠢᠨ ᠤᠶᠢᠷ᠎ᠠ ᠪᠠᠶᠢᠬᠤ ᠲᠠᠭᠠᠷᠠᠯᠳᠤᠵᠤ ᠬᠡᠷ ᠲᠤ ᠨᠢ ᠲᠠᠭᠤᠵᠤ ᠤᠴᠢᠨ ᠲᠤᠳᠤᠮᠳᠠᠵᠤ ᠪᠠᠷᠠᠭᠠᠳ ᠬᠤᠶᠠᠭᠤᠯᠠ ᠲᠤᠭᠤᠯ ᠳᠤ ᠶᠠᠪᠤᠬᠤ ᠵᠠᠭᠤᠷ᠎ᠠ ᠪᠢ ᠲᠡᠰᠬᠦ ᠦᠭᠡᠢ᠄      — ᠠᠪᠤ ᠮᠦᠮᠦ ᠴᠢᠨᠢ ᠶᠠᠭᠠᠬᠢᠭᠠᠳ ᠴᠢᠮ᠎ᠠ ᠶᠢ ᠦᠵᠡᠬᠦ ᠪᠠᠷ ᠢᠷᠡᠳᠡᠭ ᠦᠭᠡᠢ ᠶᠤᠮ ᠳ᠋ᠡ︖ ᠭᠡᠪᠡᠯ᠂ ᠲᠡᠷᠡ ᠪᠠᠷᠠᠭᠤᠨ ᠤᠷᠤᠢ ᠶᠢ ᠬᠠᠷᠠᠵᠤ ᠭᠡᠰᠡᠭ ᠲᠠᠭᠤ ᠦᠭᠡᠢ ᠶᠠᠪᠤᠭᠰᠠᠨ ᠢᠶᠠᠨ᠄      —  ᠮᠢᠨᠤ ᠡᠵᠢ ᠨᠠᠳᠠ ᠶᠢ ᠪᠠᠭ᠎ᠠ ᠪᠠᠶᠢᠬᠤ ᠳᠤ ᠠᠯᠠᠭ᠎ᠠ ᠪᠤᠯᠴᠢᠬᠠᠭᠰᠠᠨ ᠡ  ︕ ᠪᠢ ᠲᠡᠷᠡ ᠬᠦᠮᠦᠨ ᠤ ᠶᠠᠮᠠᠷᠬᠠᠨ ᠰᠢᠭ᠋ ᠵᠠᠩ ᠠᠭᠠᠰᠢ ᠲᠠᠢ᠂ ᠲᠠᠭᠤᠨ ᠤ ᠦᠩᠭᠡ ᠨᠢ ᠴᠤᠬᠤᠮ ᠴᠢᠩᠭ᠎ᠠ ᠤᠤ ᠰᠤᠯᠠ ᠤᠤ︖ ᠢᠨᠢᠶᠡᠭᠰᠡᠨ ᠲᠦᠷᠢ ᠨᠢ ᠬᠢᠷᠢ ᠵᠡᠷᠭᠡ ᠪᠠᠶᠠᠰᠬᠤᠯᠠᠩ ᠲᠠᠢ ᠪᠠᠶᠢᠭᠰᠠᠨ ᠢ ᠴᠦ ᠴᠡᠭᠡᠵᠢᠯᠡᠬᠦ ᠴᠢᠳᠠᠪᠦᠷᠢ ᠪᠠᠶᠢᠭ᠎ᠠ ᠦᠭᠡᠢ ᠵᠦᠪᠭᠡᠨ ᠵᠢᠷᠤᠭ ᠰᠡᠬᠦᠳᠡᠷ ᠠᠴᠠ ᠯᠡ ᠤᠯᠵᠤ ᠬᠠᠷᠠᠳᠠᠭ᠂ ᠠᠪᠤ ᠤᠳᠤ ᠬᠤᠶᠢᠳᠤ ᠡᠭᠡ ᠲᠠᠢ ᠠᠮᠢᠳᠤᠷᠠᠵᠤ ᠪᠠᠶᠢᠨ᠎ᠠ᠃ ᠬᠡᠵᠤ ᠨᠠᠮᠵᠢᠭᠤᠨ ᠠᠭᠠᠳ ᠭᠤᠨᠢᠭᠳᠠᠢ ᠬᠡᠯᠡᠬᠦ ᠳᠤ ᠮᠢᠨᠤ ᠲᠤᠳᠤᠷ᠎ᠠ《ᠫᠠᠯ 》ᠭᠡᠳ ᠬᠠᠷᠢᠭᠤ ᠲᠤᠤᠭᠠᠷᠴᠦ ᠴᠢᠳᠠᠭᠰᠠᠨ ᠦᠭᠡᠢ ᠦᠪᠡᠷ ᠤᠨ ᠡᠭᠡ ᠶᠢᠨ ᠡᠨᠡᠷᠢᠩᠬᠦᠢ ᠲᠦᠷᠢ ᠶᠢ ᠵᠢᠷᠤᠭᠯᠠᠵᠤ ᠬᠦᠩᠭᠡᠨ ᠠᠮᠢᠰᠬᠤᠯᠯᠠᠬᠤ ᠵᠠᠭᠤᠷ᠎ᠠ ᠲᠡᠬᠦᠨ ᠢ ᠠᠵᠢᠪᠠᠯ᠂ ᠰᠠᠯᠬᠢᠨ ᠳᠤ ᠢᠷᠡᠬᠳᠠᠭᠰᠠᠨ ᠰᠢᠩᠭᠡᠨ ᠭᠡᠵᠢᠭᠡᠨ ᠤ ᠬᠢᠨᠢ ᠤᠭ ᠲᠤ ᠦᠬᠦᠭᠰᠠᠡ ᠬᠢᠭᠤᠷᠰᠦ ᠴᠠᠶᠢᠵᠤ᠂ ᠨᠢᠭᠤᠷ ᠨᠢ ᠴᠠᠬᠠᠯᠠᠶᠢᠳᠤᠨ᠂ ᠴᠢᠬᠤᠯᠳᠠᠭᠰᠠᠨ ᠶᠠᠭᠠᠨ ᠴᠠᠮᠴᠠ ᠪᠠᠨ ᠦᠷᠭᠡᠨ ᠬᠦᠭᠡ ᠦᠮᠦᠳᠦ ᠶᠢᠨ ᠢᠶᠠᠨ ᠬᠤᠨᠢᠶᠠᠰᠤᠳᠠᠢ ᠵᠠᠬ᠎ᠠ ᠶᠢ ᠨᠢᠭᠤᠬᠤ ᠭᠡᠮᠡᠨ ᠲᠤᠷᠤᠭᠰᠢ ᠠᠯᠪᠠ ᠪᠠᠷ ᠲᠠᠳᠠᠵᠤ ᠪᠠᠭᠤᠯᠭᠠᠨ᠂ ᠨᠦᠬᠦᠭᠡᠰᠦᠳᠠᠢ ᠶᠤᠷᠤᠭ ᠱᠠᠬᠠᠢ ᠡᠮᠦᠰᠦᠭᠰᠠᠨ ᠨᠢ ᠦᠨᠡᠭᠡᠷ ᠦᠨᠦᠴᠢᠨ ᠬᠡᠤᠭᠡᠳ ᠤᠨ ᠲᠦᠷᠢ ᠲᠠᠢ ᠠᠵᠠᠢ᠃      ᠡᠩᠬᠡᠵᠤᠯᠡ ᠪᠠᠭ᠎ᠠ ᠠᠴᠠ ᠪᠠᠨ ᠡᠵᠢ ᠪᠠᠨ ᠠᠯᠳᠠᠭᠰᠠᠨ᠂ ᠨᠦᠬᠦᠭᠡ ᠰᠤᠮᠤᠨ ᠤ᠂ ᠠᠪᠤ ᠨᠢ ᠬᠤᠶᠠᠳᠡᠬᠢ ᠡᠬᠡᠨᠡᠷ ᠠᠪᠤᠭᠠᠳ ᠬᠤᠶᠠᠷ ᠦᠬᠢᠨ ᠲᠠᠢ ᠪᠤᠯᠤᠭᠰᠠᠨ  ᠠᠴᠠ ᠲᠡᠬᠦᠨ ᠢ ᠠᠬ᠎ᠠ ᠶᠢᠨ ᠳᠠᠭᠠᠨ ᠬᠦᠷᠭᠡᠵᠤ ᠰᠤᠷᠭᠠᠭᠤᠯᠢ ᠳᠤ ᠰᠠᠭᠤᠯᠭᠠᠵᠠᠢ︔《 ᠶᠠᠭᠤᠮᠠᠨ ᠳᠤ ᠣᠴᠢᠷ ᠪᠣᠢ᠂ ᠲᠣᠪᠣᠨ ᠳᠤ ᠬᠤᠵᠢᠷ ᠪᠣᠢ》ᠭᠡᠳᠡᠭᠴᠢᠯᠡᠨ ᠠᠬ᠎ᠠ ᠶᠢᠨ ᠢᠶᠠᠨ ᠠᠷᠪᠠ ᠭᠠᠷᠤᠢ ᠰᠦᠨ ᠤ ᠢᠮᠠᠭ᠎ᠠ ᠬᠡᠳᠤᠨ ᠲᠤᠭᠤᠯ ᠲᠠᠢ ᠦᠨᠢᠶ᠎ᠡ ᠶᠢ ᠨᠢ ᠬᠠᠷᠢᠭᠤᠯᠵᠤ ᠠᠷ ᠰᠠᠷ ᠠᠵᠢᠯ ᠢ ᠨᠢ  ᠬᠠᠪᠰᠤᠷᠤᠭᠤᠯᠬᠤ ᠪᠠᠷ ᠭᠡᠷ  ᠠᠴᠠ ᠪᠠᠨ ᠬᠤᠯᠠᠳᠠᠭᠤᠯᠤᠭᠰᠠᠨ ᠨᠢ ᠡᠨᠡ ᠪᠠᠶᠢᠵᠠᠢ᠃      ᠲᠠᠷᠠ ᠦᠷᠬᠦᠯᠵᠢ ᠵᠠᠪ ᠴᠢᠯᠦᠭᠡ ᠦᠭᠡᠢ ᠬᠦᠶᠦᠵᠤ ᠶᠠᠪᠤᠳᠠᠭ᠂ ᠨᠠᠳᠠ ᠠᠴᠠ ᠨᠢᠭᠡ ᠲᠡᠬᠦᠦ᠃ ᠡᠨᠡ ᠬᠤᠶᠠᠷ ᠵᠢᠯ ᠠᠪᠠᠭ᠎ᠠ ᠪᠡᠷᠭᠡᠨ ᠤ ᠪᠠᠨ ᠬᠠᠷᠠᠳᠠᠯ ᠢ ᠪᠠᠭ᠎ᠠ ᠪᠤᠰᠤ ᠠᠮᠰᠠᠵᠤ᠂ ᠰᠤᠷᠭᠠᠭᠤᠯᠢ ᠡᠬᠢᠯᠡᠪᠡᠯ ᠬᠢᠴᠢᠶᠡᠯ ᠤᠨ ᠭᠡᠷ ᠲᠤ ᠰᠠᠭᠤᠬᠤ ᠲᠤᠬᠢᠶᠠᠯ ᠤᠯᠳᠠᠳᠠᠭ ᠪᠤᠯᠪᠠᠴᠦ ᠦᠳᠡ ᠤᠷᠤᠢ ᠶᠢᠨ ᠬᠢᠴᠢᠶᠡᠯ ᠪᠠᠭᠤᠪᠠᠯ ᠬᠡᠳᠤᠨ ᠢᠮᠠᠭ᠎ᠠ ᠪᠠᠨ ᠡᠷᠳᠡᠭᠡᠨ ᠡᠷᠢᠵᠤ ᠤᠯᠤᠭᠠᠳ ᠲᠠᠭᠤᠵᠤ ᠬᠠᠷᠢᠬᠤ ᠮᠦᠷᠳᠡᠭᠡᠨ ᠰᠠᠭᠠᠳᠠᠭ ᠬᠡᠳᠦ ᠪᠠᠨ ᠰᠠᠭᠠᠬᠤ ᠡᠬᠦᠷᠭᠡ ᠲᠠᠢ᠃ ᠡᠪᠤᠯ ᠤᠨ ᠴᠠᠭ ᠲᠤ ᠠᠵᠢᠯ  ᠨᠢ ᠪᠠᠭ᠎ᠠ ᠬᠦᠩᠭᠡᠷᠡᠳᠡᠭ ᠪᠤᠯᠪᠠᠴᠤ ᠦᠭᠡᠷ ᠢᠮᠠᠭ᠎ᠠ ᠬᠠᠷᠢᠭᠤᠯᠬᠤ ᠦᠢᠯᠡ ᠲᠠᠰᠤᠷᠠᠳᠠᠭ ᠦᠭᠡᠢ᠃ ᠠᠪᠤ ᠨᠢ ᠰᠤᠷᠤᠯᠭ᠎ᠠ ᠶᠢᠨ ᠰᠦᠢᠳᠭᠡᠯ ᠠᠴᠠ ᠢᠯᠡᠬᠦᠦ ᠵᠤᠭᠤᠰ ᠲᠡᠮᠡᠢ ᠦᠯᠡᠳᠡᠭᠡᠳᠡᠭ ᠦᠭᠡᠢ᠃ ᠠᠪᠠᠭ᠎ᠠ ᠨᠢ ᠠᠷᠢᠬᠢ ᠤᠭᠤᠤᠵᠤ ᠰᠤᠭᠳᠤᠪᠠᠯ ᠲᠡᠬᠦᠨ ᠢ ᠵᠠᠩᠨᠠᠵᠤ ᠤᠶᠢᠷᠠᠬᠠᠨ ᠲᠠᠭᠠᠷᠠᠪᠠᠯ ᠨᠢᠳᠤᠷᠴᠤ ᠲᠦᠯᠬᠢᠬᠦ ᠨᠢ ᠡᠩ ᠤᠨ ᠤᠴᠢᠷ᠃        ᠬᠢᠴᠢᠶᠡᠯ ᠤᠨ ᠭᠠᠳᠠᠨᠠᠬᠢ ᠬᠦᠳᠡᠯᠭᠡᠭᠡᠨ ᠲᠡᠭᠡᠷ᠎ᠡ ᠲᠡᠷᠡ ᠶᠠᠭᠤ ᠶᠠᠭᠤᠨ ᠠᠴᠠ ᠤᠷᠢᠳᠠ ᠰᠤᠷᠭᠠᠭᠤᠯᠢ ᠶᠢᠨ ᠵᠡᠬᠦᠨᠳᠠᠢ ᠬᠢ ᠬᠦᠳᠦᠯ ᠲᠡᠭᠡᠷ᠎ᠡ ᠭᠠᠷᠬᠤ ᠪᠠᠷ ᠬᠦᠶᠦᠭᠰᠡᠨ ᠢᠶᠠᠷ ᠢᠶᠠᠨ ᠬᠦᠷᠳᠡᠭ᠃ ᠵᠤᠨ ᠨᠠᠮᠤᠷ ᠲᠠᠭᠠᠨ ᠬᠦᠳᠦᠯ ᠤᠨ ᠵᠡᠬᠦᠨ ᠲᠤᠤᠷ᠎ᠠ ᠨᠠᠷᠢᠨ ᠭᠤᠷᠤᠬ᠎ᠠ ᠤᠷᠤᠰᠴᠦ ᠵᠦᠯᠭᠡ ᠨᠤᠭᠤᠭ᠎ᠠ ᠪᠠᠷ ᠬᠤᠴᠢᠭᠳᠠᠨ ᠤᠶᠢᠷ᠎ᠠ ᠵᠠᠭᠤᠷ᠎ᠠ ᠶᠢᠨ ᠮᠠᠯ ᠤᠨᠤᠭ᠎ᠠ ᠲᠡᠨᠳᠡ ᠢᠯᠡᠬᠦᠦ ᠬᠤᠷᠭᠤᠳᠠᠳᠠᠭ᠃ ᠬᠡᠳᠤᠨ ᠢᠮᠠᠭ᠎ᠠ ᠨᠢ ᠪᠠᠶᠢᠪᠠᠯ ᠲᠡᠬᠦᠨ ᠤ ᠲᠤᠳᠤᠷ᠎ᠠ ᠨᠢ ᠲᠠᠶᠢᠪᠤᠰᠢᠷᠠᠨ ᠢᠨᠢᠶᠡᠮᠰᠦᠭ ᠲᠦᠷᠢ ᠲᠠᠢ ᠪᠤᠴᠠᠵᠤ ᠢᠷᠡᠭᠡᠳ ᠮᠠᠨᠤᠰ ᠲᠠᠢ ᠰᠤᠨᠳᠠᠭ ᠦᠰᠦᠷᠬᠦ᠂ ᠲᠡᠪᠡᠭ ᠢᠰᠬᠦᠯᠬᠦ  ᠁ ᠵᠡᠷᠭᠡ ᠨᠠᠭᠠᠳᠤᠮ ᠳᠤ ᠤᠷᠤᠯᠴᠠᠭᠠᠳ ᠬᠡᠮᠵᠢᠶᠡᠯᠡᠰᠢᠬᠦᠢ ᠪᠠᠶᠠᠷᠯᠠᠵᠤ ᠠᠮᠵᠢᠳᠠᠭ ᠪᠢᠯᠡ᠃      ᠨᠢᠭᠡ ᠤᠳᠠᠭᠠᠨ ᠤ ᠦᠷᠯᠦᠭᠡ ᠶᠢᠨ ᠲᠠᠪᠳᠠᠯᠭ᠎ᠠ ᠲᠡᠭᠡᠷ᠎ᠡ ᠲᠡᠷᠡ ᠲᠤᠯᠤᠭᠠᠢ ᠲᠠᠷᠤᠨ ᠨᠢᠭᠤᠷ ᠢᠶᠠᠨ ᠪᠢᠳᠡᠨ ᠠᠴᠠ ᠨᠢᠭᠤᠵᠤ ᠪᠠᠶᠢᠬᠤ ᠮᠠᠶ᠋ᠢᠭᠳᠠᠢ  ᠤᠷᠤᠨ  ᠳᠠᠭᠠᠨ ᠤᠴᠢᠵᠤ ᠰᠠᠭᠤᠬᠤ ᠶᠢ ᠪᠢ ᠤᠩᠰᠢᠯᠭ᠎ᠠ ᠬᠢᠬᠦ ᠲᠠᠭᠠᠤ ᠤᠯᠵᠤ ᠬᠠᠷᠠᠭᠰᠠᠨ᠂ ᠬᠢᠴᠢᠶᠡᠯ ᠪᠠᠭᠤᠬᠤ ᠳᠤ ᠬᠠᠮᠳᠤ ᠨᠦᠬᠦᠳ ᠪᠦᠷ ᠲᠡᠬᠦᠨ ᠢ  ᠲᠤᠭᠤᠷᠢᠵᠤ ᠵᠤᠭᠰᠤᠬᠤ ᠪᠠᠷ ᠭᠡᠷᠡᠭ ᠮᠠᠭᠤ ᠪᠤᠯᠤᠭᠰᠠᠨ ᠢ ᠪᠠᠷᠤᠭᠯᠠᠯ᠎ᠠ᠃ ᠬᠤᠶᠠᠷ ᠨᠢᠳᠤ ᠨᠢ ᠬᠠᠪᠤᠩᠳᠠᠵᠤ ᠶᠡᠭᠡ ᠤᠬᠢᠯᠠᠵᠠᠢ᠃ ᠰᠠᠶᠢᠬᠠᠨ ᠠᠩᠬᠠᠷᠪᠠᠯ ᠬᠤᠶᠠᠷ ᠬᠠᠴᠢᠷ ᠨᠢ ᠭᠡᠰᠡᠭ  ᠲᠡᠭᠡᠨ ᠬᠦᠭᠡᠷᠡᠵᠤ ᠭᠡᠰᠡᠭ ᠳᠡᠭᠡᠨ ᠰᠢᠷᠠᠩᠭᠤᠢ ᠨᠤᠭᠤᠭᠠᠪᠳᠤᠷ ᠪᠤᠯᠤᠭᠰᠠᠨ ᠨᠢ ᠦᠨᠡᠭᠡᠷ ᠬᠦᠮᠦᠨ ᠢ ᠰᠤᠴᠢᠭᠠᠮᠠᠷ᠂ ᠶᠠᠭ ᠯᠡ ᠪᠠᠯᠠᠮᠠᠳ ᠡᠷ᠎ᠡ ᠪᠠᠷ ᠵᠤᠳᠤᠭᠤᠯᠤᠭᠰᠠᠨ ᠬᠦᠭᠡᠷᠦᠬᠦᠢ ᠡᠭᠡᠨᠡᠷ ᠰᠢᠭ᠃ ᠠᠩᠬᠢ ᠶᠢᠨ ᠪᠠᠭᠰᠢ ᠤᠷᠤᠵᠤ ᠢᠷᠡᠭᠰᠡᠨ ᠢᠶᠠᠨ ᠲᠡᠬᠦᠨ ᠢ ᠬᠠᠷᠠᠩᠭᠤᠳᠠ ᠬᠦᠮᠦᠰᠭᠡ ᠵᠠᠩᠬᠢᠳᠤᠨ ᠭᠠᠷᠤᠭᠠᠳ ᠶᠠᠪᠤᠬᠤᠯᠠᠷ ᠪᠢ ᠰᠠᠨᠠᠭ᠎ᠠ ᠠᠮᠠᠷᠴᠦ《ᠤᠳᠤ ᠴᠦ ᠮᠠᠭᠤ ᠠᠪᠠᠭ᠎ᠠ ᠪᠡᠷᠭᠡᠨ ᠤ ᠬᠢᠨᠢ ᠠᠷᠠᠰᠤ ᠶᠢ ᠨᠢᠭᠡ ᠰᠠᠶᠢᠨ ᠱᠠᠭᠠᠯᠠᠬᠤ ᠪᠠᠶᠢᠬ᠎ᠠ 》ᠭᠡᠵᠤ ᠰᠡᠮ ᠪᠤᠳᠤᠯ᠎ᠠ᠃      ᠬᠤᠷᠢᠨ ᠮᠢᠨᠦ᠋ᠲ ᠤᠨ ᠲᠠᠷᠠᠭ᠎ᠠ ᠠᠩᠬᠢ ᠶᠢᠨ ᠪᠠᠭᠰᠢ ᠤᠷᠤᠵᠤ ᠢᠷᠡᠭᠡᠳ ᠶᠠᠭᠤ ᠴᠦ ᠪᠤᠯᠤᠭᠰᠠᠨ ᠦᠭᠡᠢ ᠰᠢᠭ᠋ ᠰᠢᠭᠤᠤᠨ ᠬᠢᠴᠢᠶᠡᠯ ᠤᠷᠤᠯ᠎ᠠ᠃  ᠮᠢᠨᠤ ᠲᠤᠳᠤᠷ᠎ᠠ ᠨᠢᠭᠡ ᠯᠡ ᠬᠤᠭᠤᠰᠤᠳᠠᠭᠠᠳ ᠶᠠᠪᠤᠴᠢᠬᠠᠪᠠ  ᠁ ᠪᠠᠭᠰᠢ ᠶᠢᠨ ᠮᠢᠨᠢ ᠪᠡᠶ᠎ᠡ ᠬᠡᠳᠦᠶᠢᠪᠡᠷ ᠪᠤᠭᠤᠨᠢᠬᠠᠨ ᠪᠤᠯᠪᠠᠴᠤ ᠨᠠᠳᠠ ᠳᠤ ᠴᠤᠬᠤᠮ ᠴᠤᠭ ᠰᠦᠯᠳᠡ  ᠲᠠᠢ᠂ ᠡᠨᠡᠷᠢᠩᠬᠦᠢ ᠦᠶ᠎ᠡ ᠳᠡᠭᠡᠨ ᠡᠵᠢ ᠰᠢᠭ᠂ ᠠᠭᠤᠷᠯᠠᠭᠰᠠᠨ ᠴᠠᠭ ᠲᠤ ᠠᠪᠤ ᠮᠢᠨᠢ ᠰᠢᠭ ᠯᠡ ᠰᠢᠷᠦᠬᠦᠨ ᠪᠠᠶᠢᠳᠠᠭ᠂《ᠬᠠᠮᠢᠭ᠎ᠠ ᠭᠠᠵᠠᠷ ᠠᠴᠠ ᠬᠠᠯᠳᠤᠷ᠎ᠠ ᠢᠷᠡᠭᠰᠡᠨ ᠲᠠᠶᠢᠰᠤᠨ ᠢ ᠬᠠᠯᠳᠤ ᠴᠤᠬᠢᠬᠤ ᠳᠤ ᠪᠡᠯᠡᠭᠡᠨ》 ᠪᠠᠶᠢᠬ᠎ᠠ ᠰᠢᠭ᠋ ᠰᠠᠨᠠᠭᠳᠠᠵᠤ ᠪᠠᠶᠢᠭᠰᠠᠨ ᠪᠤᠯ ᠤᠳᠤ ᠮᠢᠨᠤ ᠦᠨᠦᠴᠢᠨ ᠨᠠᠶᠢᠵᠠ ᠴᠢᠨᠠᠭᠰᠢᠯᠠᠪᠠᠯ ᠪᠦᠬᠦ ᠠᠩᠬᠢ ᠶᠢᠨ ᠨᠦᠬᠦᠳ ᠶᠠᠭ ᠯᠡ ᠲᠦᠰᠢᠭ ᠲᠤᠯᠭᠠᠭᠤᠷᠢ ᠦᠭᠡᠢ ᠪᠤᠯᠤᠭᠰᠠᠨ ᠰᠢᠭ᠋ ᠰᠠᠨᠠᠭᠳᠠᠵᠤ᠂ ᠪᠢ ᠬᠢᠴᠢᠶᠡᠯ ᠰᠤᠨᠤᠰᠬᠤ ᠴᠢᠳᠠᠯ ᠲᠡᠩᠭᠡᠭᠡ ᠶᠡᠷᠦ ᠦᠭᠡᠢ᠃  ᠶᠠᠭᠠᠬᠢᠵᠤ ᠪᠤᠳᠤᠪᠠᠴᠤ ᠪᠠᠭᠰᠢ ᠠᠪᠠᠭ᠎ᠠ ᠶᠢᠨ ᠳᠤᠨᠢ ᠤᠴᠢᠵᠤ ᠰᠢᠬᠦᠮᠵᠢᠯᠡᠪᠡᠯ ᠪᠤᠯᠤᠮᠠᠷ ᠰᠢᠭ᠋ ᠯᠡ ᠰᠠᠨᠠᠭᠳᠠᠨ᠎ᠠ᠃      ᠡᠩᠬᠡᠵᠣᠯᠨ ᠶᠢᠨ ᠡᠶᠢᠮᠤ ᠶᠠᠩᠵᠣ ᠲᠠᠢ ᠪᠤᠯᠤᠭᠰᠠᠨ ᠨᠢ ᠡᠷᠬᠢᠭᠡᠳ ᠡᠷᠡᠭᠳᠡᠢ ᠰᠤᠷᠤᠭᠴᠢᠳ ᠤᠨ ᠬᠢᠴᠢᠶᠡᠯ ᠤᠨ ᠵᠠᠪᠰᠠᠷᠯᠠᠭ᠎ᠠ ᠳᠤ ᠡᠯᠡᠭ ᠪᠠᠷᠢᠬᠤ ᠲᠤᠭᠯᠠᠭᠠᠮ ᠪᠤᠯᠤᠭᠰᠠᠨ ᠪᠠᠶᠢᠨ᠎ᠠ᠃  ᠲᠡᠳᠡ᠄      — ᠴᠢ ᠴᠢᠨᠢ ᠪᠠᠭᠰᠢ ᠳᠤ ᠵᠠᠭᠠᠯᠳᠤᠬᠤ ᠲᠤᠷᠠᠳᠠᠢ ᠪᠠᠶᠢᠳᠠᠭ ᠪᠢᠰᠢᠤ︖ ᠠᠪᠠᠭ᠎ᠠ ᠡᠭᠡ ᠪᠠᠨ ᠵᠠᠭᠠᠯᠳᠤᠨ᠎ᠠ ᠪᠢᠵᠡ︕      — ᠨᠠ᠊ ᠪᠠᠭᠰᠢ ᠯᠠᠪ ᠴᠢᠮ᠎ᠠ ᠶᠢ ᠦᠮᠦᠭᠡᠷᠡᠵᠤ ᠠᠪᠠᠭ᠎ᠠ ᠡᠭᠡ ᠶᠢ ᠴᠢᠨᠢ ᠱᠣᠯᠣᠨ᠎ᠠ᠂ ᠲᠡᠭᠡᠬᠦᠯᠡᠷ ᠠᠪᠠᠭ᠎ᠠ ᠡᠭᠡ ᠴᠢᠨᠢ ᠦᠳᠡ ᠳᠤ ᠬᠠᠷᠢᠪᠠᠯ ᠴᠢᠮ᠎ᠠ ᠶᠢ ᠠᠪᠠᠭ᠎ᠠ ᠳᠤ ᠴᠢᠨᠢ ᠬᠡᠯᠡᠵᠤ ᠵᠤᠳᠤᠭᠤᠯᠤᠨ᠎ᠠ︕      — ᠠᠶᠠᠬᠦᠶᠢᠳᠠᠪᠠᠯ ᠴᠢ ᠦᠳᠡ ᠬᠤᠶᠢᠨ᠎ᠠ ᠶᠢᠨ ᠬᠢᠴᠢᠶᠡᠯ ᠤᠷᠤᠬᠤ ᠴᠢᠳᠠᠯ ᠦᠭᠡᠢ ᠪᠤᠯᠤᠨ᠎ᠠ ᠳ᠋ᠠ︕ ᠭᠡᠵᠤ ᠶᠠᠩᠵᠤ ᠶᠠᠩᠵᠤ ᠪᠠᠷ ᠲᠤᠭᠤᠬᠢᠯᠠᠨ᠎ᠠ᠃      ᠦᠳᠡ ᠶᠢᠨ ᠬᠢᠴᠢᠶᠡᠯ ᠪᠠᠭᠤᠬᠤ ᠳᠤ ᠲᠡᠷᠡ ᠬᠢᠯᠠᠰ ᠭᠡᠳ ᠠᠯᠠᠭ᠎ᠠ ᠪᠤᠯᠪᠠ᠃ ᠪᠠᠰᠠ ᠯᠡ ᠨᠦᠬᠦᠭᠡ  ᠲᠤᠭᠤᠯ  ᠪᠢᠷᠠᠭᠤ  ᠂  ᠢᠮᠠᠭ᠎ᠠ   ᠳᠠᠭᠠᠨ  ᠬᠦᠶᠦᠭᠰᠡᠨ  ᠡ  ︕ 《 ᠦᠳᠡ ᠶᠢᠨ ᠬᠤᠭᠤᠯᠠ ᠪᠠᠨ ᠤᠯᠵᠤ ᠢᠳᠡᠳᠡᠭ ᠪᠤᠯᠪᠠᠤ︖ 》ᠭᠡᠵᠤ ᠪᠢ ᠠᠷᠣ ᠠᠴᠠ ᠨᠢ ᠠᠷᠭ᠎ᠠ ᠦᠭᠡᠢ ᠰᠠᠨᠠᠭ᠎ᠠ ᠵᠤᠪᠠᠯ᠎ᠠ᠃ 《ᠶᠠᠭᠠᠬᠢᠭᠠᠳ ᠵᠠᠪᠠᠯ ᠲᠡᠷᠡ ᠠᠶᠢᠯ ᠳᠤ ᠰᠠᠭᠤᠵᠤ ᠠᠷᠠᠰᠤ ᠮᠢᠬ᠎ᠠ   ᠪᠠᠨ ᠱᠠᠭᠠᠯᠠᠭᠤᠯᠬᠤ ᠠᠮᠳᠠ ᠶᠢ  ᠠᠮᠰᠠᠳᠠᠭ  ᠪᠢᠯᠡ  ︖ ᠠᠪᠤ   ᠨᠢ  ᠶᠠᠭᠠᠬᠢᠭᠠᠳ  ᠲᠡᠬᠦᠨ   ᠢ  ᠬᠠᠮᠢᠶᠠᠷᠳᠠᠭ  ᠦᠭᠡᠢ  ᠶᠤᠮ  ᠪᠤᠢ  ︖  ᠪᠠᠭᠰᠢ ᠠᠪᠠᠭ᠎ᠠ   ᠶᠢᠨ ᠳᠤᠨᠢ ᠤᠴᠢᠳᠠᠭ ᠪᠤᠯᠪᠠᠤ︖ ᠁》ᠭᠡᠵᠤ ᠦᠳᠡ ᠶᠢᠨ ᠴᠢᠯᠦᠭᠡᠨ ᠳᠤ ᠤᠨᠳᠠᠵᠤ ᠤᠷᠤᠬᠤ ᠦᠭᠡᠢ ᠤᠯᠠᠨ ᠠᠷᠪᠢᠨ ᠢ ᠪᠤᠳᠤᠵᠤ ᠦᠩᠭᠡᠷᠡᠬᠦᠯᠦᠭᠰᠡᠨ᠃ ᠦᠳᠡ ᠠᠴᠠ ᠬᠤᠶᠢᠰᠢ ᠡᠩᠬᠡᠵᠣᠯᠨ ᠬᠤᠶᠠᠭᠤᠯᠠ ᠵᠤᠷᠯᠤᠩ ᠳᠤ ᠤᠴᠢᠬᠤ ᠵᠠᠮ ᠵᠠᠭᠤᠷ᠎ᠠ᠄      — ᠴᠢᠮ᠎ᠠ ᠶᠢ ᠰᠦᠷᠡᠭᠡᠢ ᠵᠤᠳᠤᠪᠠ ᠤᠤ︖  ᠭᠡᠵᠤ ᠠᠰᠠᠭᠤᠪᠠᠯ ᠲᠡᠷᠡ ᠵᠤᠷᠯᠤᠩ ᠳᠤ ᠤᠷᠤᠭᠠᠳ ᠦᠮᠦᠳᠦ ᠪᠠᠨ ᠰᠢᠪᠳᠤᠯᠬᠤ ᠶᠢᠨ ᠵᠡᠷᠭᠡᠴᠡᠭᠡ ᠴᠠᠮᠴᠠ  ᠪᠠᠨ ᠲᠡᠭᠡᠭᠰᠢ ᠰᠢᠭᠤᠵᠤ ᠨᠠᠳᠠ ᠳᠤ ᠦᠵᠡᠬᠦᠯᠪᠡᠯ ᠵᠤᠷᠪᠤᠰ ᠵᠤᠷᠪᠤᠰ ᠲᠠᠰᠢᠭᠤᠷ ᠤᠨ ᠮᠦᠷ ᠬᠤᠶᠠᠷ ᠭᠤᠶ᠎ᠠ᠂ ᠭᠤᠤᠯ ᠨᠢᠷᠤᠭᠤ ᠪᠠᠷ ᠨᠢ ᠲᠦᠬᠦᠷᠦᠭᠰᠡᠨ  ᠪᠠᠶᠢᠬᠤ ᠨᠢ ᠵᠢᠷᠦᠭᠡ ᠶᠢ ᠰᠢᠮᠰᠢᠷᠡᠬᠦᠯᠵᠤ ᠠᠭᠤᠰᠬᠢ ᠶᠢ ᠪᠤᠴᠠᠯᠠᠭᠤᠯᠤᠮᠠᠷ ᠡ︕      — ᠨᠠᠳᠠ ᠶᠢ ᠰᠦ ᠬᠤᠯᠠᠭᠠᠶᠢᠯᠠᠵᠤ ᠤᠤᠭᠤᠯ᠎ᠠ︕ ᠭᠡᠵᠤ ᠵᠤᠳᠤᠭᠰᠠᠨ᠂ ᠦᠭᠡᠳᠡ ᠠᠴᠠ ᠨᠢ《 ᠦᠭᠡᠢ》ᠭᠡᠪᠡᠯ ᠨᠡᠩ ᠰᠦᠷᠡᠭᠡᠢ ᠵᠤᠳᠤᠨ᠎ᠠ ᠡᠪᠡᠳᠤᠭᠡᠳ ᠤᠬᠢᠯᠠᠵᠤ ᠪᠠᠰᠠ ᠪᠤᠯᠬᠤ ᠦᠭᠡᠢ᠂ ᠲᠠᠭᠤ ᠭᠠᠷᠭᠠᠵᠤ ᠪᠤᠯᠬᠤ ᠦᠭᠡᠢ︕ ᠭᠡᠳ ᠨᠡᠮᠡᠵᠤ ᠲᠠᠰᠢᠭᠤᠷᠳᠠᠭᠠᠳ ᠁ ᠭᠡᠵᠤ ᠬᠡᠯᠡᠬᠦ ᠲᠠᠭᠠᠤ ᠨᠢᠯᠪᠤᠰᠤ ᠨᠢ ᠤᠷᠤᠰᠴᠤ ᠭᠠᠷᠤᠯ᠎ᠠ᠃ ᠡᠵᠢ ᠠᠴᠠ ᠪᠠᠨ‌ᠦᠨᠦᠴᠢᠷᠡᠵᠤ ᠠᠪᠤ ᠲᠠᠢ ᠪᠠᠨ ᠴᠦ ᠬᠠᠮᠳᠤ ᠪᠠᠶᠢᠵᠤ ᠪᠤᠯᠳᠠᠭ ᠨᠢ ᠴᠤᠬᠤᠮ ᠡᠨᠡ ᠤᠷᠴᠢᠯᠠᠩ ᠤᠨ ᠶᠠᠮᠠᠷ ᠶᠤᠰᠤ ᠭᠡᠭᠴᠢ ᠪᠤᠢ︕  ᠪᠢ ᠰᠢᠷᠬ᠎ᠠ ᠶᠢ ᠨᠢ ᠬᠦᠩᠭᠡᠭᠡᠨ ᠢᠯᠪᠢᠵᠤ ᠦᠵᠡᠪᠡᠯ ᠲᠠᠰᠢᠭᠤᠷ ᠤᠨ ᠮᠦᠷ ᠨᠢ ᠪᠠᠰᠠ ᠯᠡ ᠬᠦᠷᠪᠡᠶᠢᠵᠤ ᠪᠠᠶᠢᠯ᠎ᠠ᠃  ᠪᠤᠷᠬᠠᠨ ᠡ︕  ᠶᠠᠮᠠᠷ ᠬᠦᠮᠦᠨ ᠭᠡᠭᠴᠢ ᠡᠶᠢᠮᠤ ᠬᠠᠷ᠎ᠠ ᠰᠠᠨᠠᠭ᠎ᠠ ᠲᠠᠢ ᠪᠠᠶᠢᠳᠠᠭ ᠪᠤᠢ  ︖ ᠪᠢ ᠪᠦᠷ ᠠᠶᠤᠵᠤ ᠠᠭᠤᠷᠯᠠᠬᠤ ᠶᠢᠨ ᠠᠯᠢ ᠨᠢ ᠪᠤᠯᠵᠤ ᠪᠠᠶᠢᠬᠤ ᠪᠠᠨ ᠮᠡᠳᠡᠬᠦ ᠦᠭᠡᠢ ᠰᠢᠭᠤᠳ ᠯᠡ᠄      — ᠤᠷᠤᠢ ᠪᠢᠳᠡᠭᠡᠢ ᠬᠠᠷᠢ᠂ ᠪᠠᠭᠰᠢ ᠶᠢᠨ ᠳᠤ ᠤᠴᠢᠵᠤ ᠤᠨᠳᠠ︕  ᠭᠡᠳ ᠬᠤᠪᠴᠠᠰᠤ ᠶᠢ ᠨᠢ ᠬᠦᠩᠭᠡᠨ ᠪᠠᠭᠤᠯᠭᠠᠵᠤ ᠨᠢᠯᠪᠤᠰᠤ ᠪᠠᠨ ᠠᠷᠴᠢᠬᠤ ᠳᠤ ᠲᠡᠷᠡ ᠶᠠᠭᠤ ᠴᠦ ᠬᠡᠯᠡᠭᠰᠡᠨ ᠦᠭᠡᠢ ᠨᠢᠰᠤ ᠪᠠᠨ ᠰᠢᠪᠳᠤᠷᠴᠤ ᠬᠠᠨᠴᠤᠢ ᠪᠠᠷ ᠢᠶᠠᠨ ᠨᠢᠯᠪᠤᠰᠤ ᠪᠠᠨ ᠠᠷᠴᠢᠭᠠᠳ ᠬᠤᠶᠠᠭᠤᠯᠠ ᠵᠤᠷᠯᠤᠩ ᠠᠴᠠ ᠭᠠᠷᠴᠤ ᠠᠩᠬᠢ ᠤᠷᠤᠭᠤ ᠬᠡᠯᠳᠦᠷᠢᠯ᠎ᠡ᠃ ᠤᠬᠤᠷᠬᠠᠨ ᠠᠷᠪᠠᠨ ᠮᠢᠨᠤᠲ ᠳᠤ ᠪᠢᠳᠡ ᠬᠤᠶᠠᠷ ᠠᠳᠬ᠎ᠠ ᠵᠢᠷᠦᠭᠡ᠂ ᠪᠤᠬ᠎ᠠ ᠶᠢᠨ ᠵᠤᠷᠢᠭ ᠢᠶᠠᠷ ᠰᠦᠷᠡᠵᠤ ᠢᠷᠡᠭᠰᠡᠨ ᠶᠡᠭᠡ ᠲᠠᠷᠤᠩᠭᠤᠶᠢᠯᠠᠯ  ᠢ ᠡᠰᠡᠷᠬᠦᠴᠡᠵᠤ ᠠᠮᠵᠢᠯ᠎ᠠ᠃      ᠠᠩᠬᠢ ᠶᠢᠨ ᠨᠦᠬᠦᠳ ᠤᠨ ᠵᠠᠷᠢᠮ ᠨᠢ ᠰᠠᠷ᠎ᠠ ᠳᠤ ᠨᠢᠭᠡ ᠤᠳᠠᠭ᠎ᠠ ᠳᠤ ᠴᠦ ᠪᠠᠭᠰᠢ ᠪᠠᠷ ᠵᠢᠮᠡᠯᠡᠬᠦᠯᠵᠤ ᠦᠵᠡᠭᠡ ᠦᠭᠡᠢ ᠪᠠᠶᠢᠬᠤ ᠳᠤ ᠲᠡᠷᠡ ᠮᠢᠨᠢ ᠪᠠᠷᠤᠭ ᠭᠠᠷᠠᠭ ᠲᠤ ᠨᠢᠭᠡ ᠤᠳᠠᠭ᠎ᠠ ᠶᠢ ᠠᠯᠳᠠᠯ ᠦᠭᠡᠢ ᠬᠠᠷᠢᠶᠠᠯᠭᠠᠵᠤ ᠴᠤᠬᠢᠭᠤᠯᠵᠤ ᠪᠠᠶᠢᠬᠤ ᠮᠠᠶ᠋ᠢᠭᠳᠠᠢ᠂ ᠡᠨᠡ ᠤᠳᠠᠭ᠎ᠠ ᠲᠡᠬᠦᠨ ᠢ ᠴᠤᠬᠤᠮ ᠬᠦᠨᠳᠦ ᠴᠤᠬᠢᠵᠠᠢ᠃  ᠶᠠᠭ ᠡᠶᠢᠮᠤ ᠠᠴᠠ ᠲᠡᠷᠡ ᠬᠠᠮᠢᠭ᠎ᠠ ᠪᠠᠶᠢᠭᠰᠠᠨ ᠴᠦ ᠰᠡᠳᠬᠢᠯ ᠠᠮᠠᠷ ᠦᠭᠡᠢ ᠠᠶᠤᠵᠤ ᠰᠤᠴᠢᠨ ᠡᠷᠡᠭᠳᠡᠢ ᠰᠤᠷᠤᠭᠴᠢᠳ ᠢᠯᠡᠬᠦᠤ ᠬᠤᠶᠠᠷ ᠬᠡᠯᠡᠪᠡᠯ ᠤᠬᠢᠯᠠᠬᠤ ᠨᠢ ᠡᠩ ᠤᠨ ᠶᠠᠪᠤᠳᠠᠯ ᠪᠤᠯᠵᠤ ᠲᠡᠬᠦᠨ ᠤ ᠲᠦᠯᠦᠭᠡ ᠡᠮᠡᠭᠳᠡᠢ ᠰᠤᠷᠤᠭᠴᠢᠳ ᠵᠠᠭᠠᠯᠳᠤᠯᠭ᠎ᠠ ᠬᠢᠳᠡᠭ ᠨᠢ ᠴᠦ ᠠᠷᠪᠢᠨ ᠪᠠᠶᠢᠯ᠎ᠠ᠃      ᠰᠤᠮᠤᠨ ᠤ ᠪᠠᠶᠢᠰᠢᠩ ᠬᠤᠷᠢᠶ᠎ᠠ ᠤᠯᠠᠨ᠂ ᠨᠢᠭᠡ ᠶᠠᠪᠠᠭᠠᠨ ᠬᠡᠤᠭᠡᠳ ᠲᠤ ᠠᠪᠴᠤ ᠬᠡᠯᠡᠪᠡᠯ ᠬᠡᠪᠴᠢᠶᠡᠨ ᠨᠢ ᠲᠤᠩ ᠶᠡᠭᠡ ᠬᠡᠵᠤ ᠬᠡᠯᠡᠵᠤ ᠪᠤᠯᠤᠨ᠎ᠠ᠂ ᠰᠤᠷᠭᠠᠭᠤᠯᠢ ᠬᠠᠮᠤᠭ ᠡᠮᠤᠨ᠎ᠡ ᠲᠠᠯ᠎ᠠ ᠳᠤ ᠪᠠᠶᠢᠷᠢᠯᠠᠵᠤ ᠲᠡᠬᠦᠨ ᠤ ᠠᠪᠠᠭ᠎ᠠ ᠶᠢᠨ ᠭᠡᠷ ᠬᠠᠮᠤᠭ ᠬᠤᠶᠢᠨ᠎ᠠ ᠪᠠᠶᠢᠷᠢᠯᠠᠭᠰᠠᠨ ᠡᠮᠨᠡᠯᠭᠡ ᠶᠢᠨ ᠬᠤᠷᠢᠶᠠᠨ ᠤ ᠡᠮᠤᠨ᠎ᠡ ᠮᠦᠷ  ᠲᠤ ᠰᠠᠭᠤᠳᠠᠭ᠃ ᠲᠡᠬᠦᠨ ᠤ ᠵᠡᠬᠦᠨ ᠨᠢᠳᠤᠨ ᠤ ᠬᠠᠷᠠᠭ᠎ᠠ ᠨᠢ ᠲᠤᠩ ᠮᠠᠭᠤ ᠪᠤᠯᠬᠤᠷ ᠡᠪᠤᠯ ᠤᠨ ᠤᠷᠤᠢ ᠪᠤᠯᠤᠭᠰᠠᠭᠠᠷ ᠢᠮᠠᠭ᠎ᠠ ᠪᠠᠨ ᠤᠯᠵᠤ ᠦᠵᠡᠬᠦ ᠦᠭᠡᠢ ᠰᠠᠨᠳᠤᠷᠴᠤ ᠤᠬᠢᠯᠠᠨ ᠬᠠᠶᠢᠯᠠᠨ ᠪᠠᠷᠠᠭᠤᠨ ᠨᠢᠳᠤ ᠪᠠᠷ ᠢᠶᠠᠨ ᠢᠯᠡᠬᠦᠦ ᠬᠠᠷᠠᠵᠤ ᠪᠡᠶ᠎ᠡ ᠪᠠᠨ ᠵᠢᠰᠢᠬᠦᠯᠦᠨ ᠬᠦᠶᠦᠳᠡᠭ᠃ ᠰᠡᠬᠦᠯᠡᠷ ᠪᠢ ᠤᠷᠤᠢ ᠶᠢᠨ ᠬᠢᠴᠢᠶᠡᠯ ᠪᠠᠭᠤᠪᠠᠯ ᠪᠤᠳᠠᠭ᠎ᠠ ᠪᠠᠨ ᠬᠤᠷᠳᠤᠬᠠᠨ ᠬᠤᠭᠤᠯᠠᠨ ᠭᠡᠷ ᠠᠴᠠ ᠠᠪᠴᠤ ᠪᠠᠶᠢᠷᠢ ᠳᠠᠭᠠᠨ ᠲᠠᠯᠪᠢᠭᠠᠳ ᠮᠠᠨ ᠤ ᠪᠠᠶᠢᠷᠢ ᠶᠢᠨ ᠬᠡᠳᠤᠬᠦᠯᠡ ᠲᠠᠢ ᠬᠡᠳᠤᠨ ᠵᠦᠭ  ᠲᠤ《ᠡᠷᠢᠯ》 ᠳᠤ ᠭᠠᠷᠳᠠᠭ᠃ ᠵᠠᠷᠢᠮ ᠳᠠᠭᠠᠨ ᠠᠶᠤᠮᠠᠷ ᠲᠦᠷᠢ ᠲᠠᠢ ᠠᠪᠠᠭ᠎ᠠ ᠡᠭᠡ ᠨᠢ ᠦᠭᠡᠢ ᠳᠤ ᠲᠡᠬᠦᠨ ᠢ ᠬᠠᠪᠰᠤᠷᠴᠤ ᠢᠮᠠᠭ᠎ᠠ ᠶᠢ ᠨᠢ ᠰᠠᠭᠠᠵᠤ ᠦᠭᠬᠦᠳᠡᠭ ᠪᠦᠭᠡᠳ ᠭᠠᠷᠠᠭ ᠤᠨ ᠵᠢᠷᠭᠤᠭᠠᠨ ᠡᠳᠦᠷ ᠲᠤ ᠪᠠᠨ ᠲᠤᠰᠠ ᠪᠤᠯᠬᠤ ᠪᠠᠷ ᠭᠡᠷ ᠤᠨ ᠬᠢᠨᠢ ᠵᠡᠬᠦᠨ ᠲᠠᠯ᠎ᠠ ᠶᠢᠨ ᠦᠭᠡᠷ ᠤᠨ ᠬᠠᠰᠢᠶᠠᠨ ᠤ ᠨᠦᠮᠦᠷᠢ ᠳᠤ ᠬᠦᠯᠢᠶᠡᠳᠡᠭ ᠪᠠᠶᠢᠭᠰᠠᠨ᠃        ᠮᠦᠨ ᠢᠩᠬᠢᠵᠤ ᠶᠠᠭᠠᠷᠠᠭᠰᠠᠭᠠᠷ ᠪᠠᠶᠢᠵᠤ ᠪᠠᠭ᠎ᠠ ᠰᠤᠷᠭᠠᠭᠤᠯᠢ ᠠᠴᠠ ᠲᠤᠮᠳᠠᠳᠤ ᠰᠤᠷᠭᠠᠭᠤᠯᠢ ᠳᠤ ᠰᠢᠯᠭᠠᠭᠤᠯᠬᠤ ᠤᠶᠢᠷᠠᠳᠤᠬᠤ ᠳᠤ ᠡᠩᠭᠡᠵᠤᠯᠡ ᠨᠢᠭᠡ ᠡᠳᠦᠷ ᠬᠢᠴᠢᠶᠡᠯ ᠤᠨ ᠵᠠᠪᠰᠠᠷᠯᠭ᠎ᠠ ᠲᠡᠭᠡᠷ᠎ᠡ  ᠄      — ᠨᠠᠳᠠ ᠳᠤ ᠲᠤᠮᠳᠠᠳᠤ ᠰᠤᠷᠭᠠᠭᠤᠯᠢ ᠶᠢᠨ ᠰᠤᠷᠤᠭᠴᠢ ᠪᠤᠯᠬᠤ ᠵᠠᠪᠰᠢᠶᠠᠨ ᠪᠠᠶᠢᠳᠠᠭ ᠪᠢᠯᠢᠤ︖ ᠪᠢ ᠲᠠᠨᠠᠷ ᠲᠠᠢ ᠬᠠᠮᠳᠤ ᠡᠨᠡ ᠭᠠᠵᠠᠷ ᠠᠴᠠ ᠰᠠᠯᠬᠤ ᠶᠤᠮᠰᠠᠡ︕ ᠭᠡᠵᠤ ᠭᠤᠨᠢᠭᠳᠠᠢ ᠲᠦᠷᠢᠯᠡᠬᠦ ᠨᠢ ᠶᠠᠭ ᠯᠡ ᠦᠨᠦᠴᠢᠨ ᠪᠤᠳᠤᠭᠤ ᠰᠦᠷᠦᠭ ᠢᠶᠠᠨ ᠲᠠᠭᠠᠵᠤ ᠲᠡᠶᠢᠯᠬᠦ ᠦᠭᠡᠢ ᠪᠤᠶᠢᠯᠠᠨ ᠲᠠᠭᠤᠯᠠᠨ ᠬᠤᠴᠤᠷᠠᠬᠤ ᠰᠢᠭ᠋ ᠰᠠᠨᠠᠭᠳᠠᠵᠤ᠂  ᠰᠤᠨᠳᠠᠭ ᠨᠠᠭᠠᠳᠬᠤ ᠪᠠᠷ ᠬᠦᠵᠦᠬᠦᠦ ᠰᠤᠩᠭᠠᠵᠤ ᠪᠠᠶᠢᠭᠰᠠᠨ ᠪᠢ ᠴᠢᠷᠠᠢ ᠪᠠᠨ ᠲᠦᠪ ᠪᠤᠯᠭᠠᠵᠤ᠂      — ᠰᠠᠨᠠᠭ᠎ᠠ ᠠᠮᠠᠷ ᠪᠠᠢ︕ ᠪᠠᠭᠰᠢ ᠮᠠᠨ ᠤ ᠠᠩᠬᠢ ᠶᠢᠨ ᠬᠢᠨ ᠢ ᠪᠦᠷ ᠰᠢᠯᠭᠠᠭᠠᠳ ᠤᠷᠤᠴᠢᠬᠠᠨ᠎ᠠ ᠭᠡᠵᠤ ᠬᠡᠯᠡᠭᠰᠡᠨ ᠪᠢᠰᠢᠤ︖ ᠭᠡᠵᠤ ᠡᠭᠡᠴᠢ ᠬᠦᠮᠦᠨ ᠤ ᠤᠪᠤᠷ ᠢᠶᠠᠷ ᠠᠷᠭᠠᠳᠠᠵᠤ ᠭᠠᠷᠤᠯ᠎ᠠ᠃      ᠬᠤᠰᠢᠭᠤᠨ ᠤ ᠲᠤᠮᠳᠠᠳᠤ ᠰᠤᠷᠭᠠᠭᠤᠯᠢ ᠳᠤ ᠰᠢᠯᠭᠠᠭᠤᠯᠬᠤ ᠰᠢᠯᠭᠠᠯᠳᠠ ︵ᠲᠡᠷᠡ ᠦᠶ᠎ᠡ ᠳᠤ ᠰᠤᠮᠤᠨ ᠤ ᠪᠠᠭ᠎ᠠ ᠰᠤᠷᠭᠠᠭᠤᠯᠢ ᠶᠢᠨ ᠰᠤᠷᠤᠭᠴᠢᠳ ᠠᠩᠬ᠎ᠠ ᠲᠤᠮᠳᠠᠳᠤ ᠳᠤ ᠲᠠᠪᠰᠢᠬᠤ ᠰᠢᠯᠭᠠᠯᠳᠠ ᠶᠢ ᠬᠤᠰᠢᠭᠤᠨ ᠳᠤ ᠤᠴᠢᠵᠤ ᠰᠢᠯᠭᠠᠳᠠᠭ︶ ᠤᠶᠢᠷᠠᠳᠤᠬᠤ ᠳᠤ ᠮᠠᠨ ᠤ ᠪᠠᠶᠢᠷᠢ ᠶᠢᠨ ᠬᠡᠳᠦᠬᠦᠯᠡ ᠰᠠᠷ᠎ᠠ ᠶᠢᠨ ᠡᠮᠤᠨ᠎ᠡ ᠠᠴᠠ ᠭᠡᠷ ᠲᠡᠭᠡᠨ ᠬᠡᠯᠡ ᠶᠠᠪᠤᠭᠤᠯᠤᠨ ᠠᠪᠤ ᠡᠵᠢ ᠶᠢᠨ ᠪᠡᠯᠡᠳᠭᠡᠭᠰᠡᠨ ᠰᠢᠨ᠎ᠡ ᠬᠤᠪᠴᠠᠰᠤ ᠶᠢ ᠠᠪᠴᠢᠷᠠᠵᠤ ᠦᠭᠬᠦ ᠶᠢ ᠱᠠᠭᠠᠷᠳᠠᠭᠰᠠᠨ ᠪᠠᠶᠢᠨ᠎ᠠ᠃ ᠬᠠᠷᠢᠨ ᠳᠡᠳᠡ ᠭᠤᠸᠠᠢ ᠮᠢᠨᠢ ᠰᠤᠷᠣᠯᠭ᠎ᠠ ᠰᠤᠷᠤᠯᠭ᠎ᠠ ᠲᠠᠭᠠᠵᠤ ᠲᠡᠶᠢᠯᠬᠦ ᠦᠭᠡᠢ᠂ ᠬᠤᠪᠴᠠᠰᠤ ᠬᠤᠪᠴᠠᠰᠤ ᠰᠢᠨ᠎ᠡ ᠶᠠᠭᠤᠮ᠎ᠠ ᠦᠭᠡᠢ᠂ ᠶᠠᠪᠤᠵᠤ ᠲᠡᠶᠢᠯᠬᠦ ᠡᠰᠡᠬᠦ ᠪᠠᠨ ᠴᠦ ᠮᠡᠳᠡᠬᠦ ᠦᠭᠡᠢ ᠠᠯᠮᠠᠶᠢᠷᠠᠵᠤ᠂ ᠰᠠᠨᠳᠤᠷᠴᠤ᠂ ᠪᠠᠴᠢᠮᠳᠠᠵᠤ ᠪᠠᠶᠢᠵᠠᠢ᠃      ᠰᠠᠬᠦᠯ ᠳᠤ ᠨᠢ ᠲᠡᠬᠦᠨ ᠤ ᠰᠤᠷᠤᠯᠭ᠎ᠠ ᠶᠢ ᠬᠠᠮᠢᠶᠠᠷᠬᠤ ᠨᠢ ᠠᠯᠪᠠ ᠲᠡᠳᠦᠢ ᠪᠤᠯᠵᠤ《ᠠᠮᠢᠳᠤᠷᠠᠯ》 ᠳᠤᠨᠢ ᠲᠤᠰᠠ ᠪᠤᠯᠬᠤ ᠪᠠᠷ ᠴᠢᠷᠮᠠᠶᠢᠭᠰᠠᠨ ᠮᠢᠨᠢ ᠶᠡᠭᠡ ᠱᠤᠭᠳᠠᠢ ᠤᠴᠢᠷ ᠪᠠᠶᠢᠵᠠᠢ᠃ ᠨᠢᠭᠡ ᠬᠡᠤᠭᠡᠳ ᠬᠦᠮᠦᠨ ᠨᠦᠬᠦᠭᠡ ᠬᠡᠤᠭᠡᠳ ᠤᠨ ᠠᠮᠢᠳᠤᠷᠠᠯ ᠲᠡᠭᠡᠷ᠎ᠡ ᠨᠢ ᠬᠡᠳᠦᠶᠢᠭᠡᠨ ᠲᠤᠰᠠᠯᠠᠵᠤ ᠴᠢᠳᠠᠨ᠎ᠠ ᠳ᠋ᠠ︕ ᠲᠡᠷᠡ ᠦᠶ᠎ᠡ  ᠳᠤ ᠰᠤᠷᠤᠯᠭ᠎ᠠ ᠶᠢᠨ ᠬᠢᠷᠢ ᠪᠦᠳᠦᠮᠵᠢ ᠨᠢ ᠲᠤᠶᠢᠯ ᠤᠨ ᠴᠢᠬᠤᠯᠠ ᠭᠡᠳᠡᠭ ᠢ ᠪᠢ ᠶᠠᠭ ᠮᠡᠳᠡᠭᠰᠡᠨ ᠦᠭᠡᠢ ᠦᠭᠡᠷ᠎ᠡ ᠬᠦᠮᠦᠨ ᠴᠦ ᠰᠠᠨᠠᠭᠤᠯᠤᠭᠰᠠᠨ ᠦᠭᠡᠢ ᠰᠢᠭ᠋ ᠯᠡ ᠰᠠᠨᠠᠭᠳᠠᠵᠤ ᠪᠠᠶᠢᠨ᠎ᠠ᠃      ᠨᠠᠮᠤᠷ ᠨᠢ ᠪᠢᠳᠡ ᠬᠤᠶᠠᠷ ᠲᠤᠮᠳᠠᠳᠤ ᠰᠤᠷᠭᠠᠭᠤᠯᠢ ᠶᠢᠨ ᠪᠠᠶᠢᠷᠢ ᠶᠢᠨ ᠭᠡᠷ ᠲᠤ ᠢᠨᠢᠶᠡᠯᠴᠡᠨ ᠵᠤᠯᠭᠠᠵᠤ ᠲᠡᠪᠡᠷᠢᠯᠴᠡᠨ ᠲᠡᠪᠭᠡᠷᠡᠵᠤ ᠪᠠᠶᠢᠭᠰᠠᠨ ᠪᠢᠯᠡ᠃ ᠲᠡᠷᠡ ᠦᠶ᠎ᠡ ᠠᠴᠠ ᠬᠤᠶᠢᠰᠢ ᠲᠡᠬᠦᠨ ᠤ ᠨᠢᠳᠤ ᠨᠢ ᠲᠤᠮᠤ ᠪᠦᠭᠡᠳ ᠢᠨᠢᠶᠡᠳᠦ ᠨᠢ ᠶᠡᠭᠡ ᠬᠦᠭᠵᠢᠯᠳᠠᠢ ᠪᠤᠯᠤᠭᠰᠠᠨ ᠰᠢᠭ᠋ ᠰᠠᠨᠠᠭᠳᠠᠵᠤ ᠪᠠᠶᠢᠨ᠎ᠠ᠃      —   ᠰᠠᠶᠢᠨ ᠤᠤ︖  ᠴᠢ ᠬᠡᠨ ᠲᠠᠢ ᠢᠷᠡᠪᠡ︖ ᠭᠡᠵᠤ ᠪᠢ ᠠᠰᠠᠭᠤᠪᠠᠯ᠂      —  ᠰᠠᠶᠢᠨ᠂ ᠰᠠᠶᠢᠨ︕  ᠰᠠᠶᠢᠨ ᠢᠷᠡᠪᠡᠤ︖ ᠠᠪᠤ ᠬᠦᠷᠭᠡᠵᠤ ᠢᠷᠡᠭᠡᠳ ᠨᠡᠷ᠎ᠡ ᠶᠢ ᠮᠢᠨᠢ ᠮᠡᠳᠡᠬᠦᠯᠦᠴᠢᠭᠡᠭᠡᠳ ᠶᠠᠪᠤᠴᠢᠬᠠᠭᠰᠠᠨ ᠡ︕ ᠭᠡᠵᠤ ᠪᠠᠶᠠᠷᠳᠠᠢ ᠬᠠᠷᠢᠭᠤᠯᠤᠭᠠᠳ ᠬᠤᠶᠠᠭᠤᠯᠠ ᠪᠠᠨ ᠨᠢᠭᠡ ᠪᠠᠶᠢᠷᠢ ᠶᠢᠨ ᠲᠡᠭᠡᠷ᠎ᠡ ᠲᠤᠤᠷ᠎ᠠ ᠤᠷᠤ ᠶᠢ ᠡᠵᠡᠯᠡᠵᠤ ᠰᠠᠭᠤᠯ᠎ᠠ᠃  ᠠᠩᠬ᠎ᠠ ᠲᠤᠮᠳᠠᠳᠤ ᠳᠤ ᠲᠡᠬᠦᠨ ᠤ ᠰᠤᠷᠤᠯᠭ᠎ᠠ ᠶᠢᠨ ᠬᠢᠷᠢ ᠪᠦᠳᠦᠮᠵᠢ ᠨᠢ ᠬᠠᠨᠤᠮᠵᠢ ᠦᠭᠡᠢ ᠪᠠᠶᠢᠭᠰᠠᠨ ᠴᠦ ᠶᠡᠭᠡ ᠴᠢᠷᠮᠠᠶᠢᠯᠳᠠ ᠲᠠᠢ᠂ ᠴᠤᠭ ᠵᠢᠪᠬᠤᠭ᠎ᠠ ᠪᠠᠶᠠᠷ ᠪᠠᠶᠠᠰᠤᠯ ᠲᠠᠢ ᠪᠠᠶᠢᠭᠰᠠᠨ ᠢᠶᠠᠨ ᠠᠩᠬ᠎ᠠ ᠭᠤᠷᠪᠠ ᠪᠤᠯᠬᠤ ᠨᠠᠮᠤᠷ ᠨᠡᠷ᠎ᠡ ᠮᠡᠳᠡᠬᠦᠯᠬᠦ ᠪᠠᠷ ᠢᠷᠡᠭᠰᠡᠨ ᠦᠭᠡᠢ᠃ ᠪᠢ ᠲᠡᠬᠦᠨ ᠢ ᠯᠠᠪᠳᠠᠢ ᠢᠷᠡᠨ᠎ᠡ ᠭᠡᠵᠤ ᠬᠠᠭᠠᠰ ᠰᠠᠷ᠎ᠠ ᠬᠦᠯᠢᠶᠡᠭᠡᠳ ᠪᠠᠷ᠎ᠠ ᠶᠢ ᠨᠢ ᠴᠦ ᠤᠯᠵᠤ ᠬᠠᠷᠠᠭᠰᠠᠨ ᠦᠭᠡᠢ᠃ ᠭᠡᠰᠡᠭ ᠬᠤᠭᠤᠴᠠᠭ᠎ᠠ ᠲᠡᠬᠦᠨ ᠢ ᠵᠡᠬᠦᠳᠦᠯᠡᠵᠤ ᠶᠡᠭᠡ ᠰᠠᠨᠠᠭᠠᠯᠵᠠᠳᠠᠭ ᠪᠠᠶᠢᠭᠰᠠᠨ ᠰᠠᠨ᠃      ᠬᠤᠵᠢᠮ ᠨᠢ ᠪᠢ ᠲᠤᠰᠬᠠᠢ ᠮᠡᠷᠭᠡᠵᠢᠯ ᠤᠨ ᠰᠤᠷᠭᠠᠭᠤᠯᠢ ᠪᠠᠨ ᠲᠡᠬᠦᠰᠭᠡᠭᠡᠳ ᠰᠤᠮᠤᠨ ᠤ ᠵᠠᠰᠠᠭ ᠤᠨ ᠤᠷᠳᠤᠨ ᠳᠤ ᠠᠵᠢᠯᠯᠠᠭᠰᠠᠨ ᠲᠡᠷᠡ ᠨᠠᠮᠤᠷ᠂ ᠬᠤᠰᠢᠭᠤᠨ ᠤ ᠠᠩᠬ᠎ᠠ ᠲᠤᠮᠳᠠᠳᠤ ᠳᠤ ᠪᠠᠶᠢᠭ᠎ᠠ ᠦᠬᠢᠨ ᠲᠡᠬᠦᠦ ᠪᠠᠨ ᠡᠷᠬᠢᠬᠦ ᠵᠠᠪᠰᠢᠶᠠᠨ ᠢᠶᠠᠷ ᠵᠡᠭᠡᠯᠢ ᠲᠡᠭᠡᠷ᠎ᠡ ᠪᠢᠳᠡ ᠬᠤᠶᠠᠷ ᠰᠠᠨᠠᠮᠰᠠᠷ ᠦᠭᠡᠢ ᠠᠭᠤᠯᠵᠠᠪᠠ᠃ ᠬᠤᠶᠠᠭᠤᠯᠠ ᠲᠠᠶᠢᠨ ᠳᠤ ᠶᠠᠪᠤᠭᠠᠳ ᠠᠮᠢᠳᠤ ᠰᠡᠷᠢᠬᠦᠨ ᠵᠤᠯᠭᠠᠭᠰᠠᠨ ᠲᠠᠶᠢᠴᠢᠨ ᠬᠠᠨᠢ ᠰᠢᠭ᠋ ᠨᠢᠯᠪᠤᠰᠤ ᠮᠡᠯᠳᠡᠭᠡᠨᠡᠬᠦᠯᠦᠨ ᠲᠠᠭᠤ ᠦᠭᠡᠢ ᠲᠡᠪᠡᠷᠢᠯᠴᠡᠵᠦ ᠭᠡᠰᠡᠭ ᠵᠤᠭᠰᠤᠭᠰᠠᠨ ᠢᠶᠠᠨ ᠤᠬᠢᠯᠡᠵᠤ ᠭᠠᠷᠤᠯ᠎ᠠ ᠁ ᠲᠡᠷᠡ ᠮᠠᠨᠢ ᠵᠢᠷᠮᠦᠰᠦᠯᠦᠭᠡᠳ ᠬᠦᠩᠭᠡᠵᠢᠬᠦ ᠤᠶᠢᠷᠠᠳᠤᠴᠢᠭᠭᠰᠠᠨ ᠪᠠᠶᠢᠯ᠎ᠠ᠃ ᠤᠷᠤᠢ ᠨᠢ ᠪᠢᠳᠡ ᠬᠤᠶᠠᠷ ᠰᠡᠷᠢᠬᠦᠨ ᠢᠳᠡᠭᠡᠨ ᠤ ᠮᠠᠶᠢᠬᠠᠨ ᠳᠤ ᠰᠢᠷᠡᠭᠡ ᠬᠠᠪᠴᠢᠨ ᠰᠠᠭᠤᠭᠠᠳ ᠲᠦᠮᠡᠨ ᠦᠭᠡ ᠪᠠᠨ ᠲᠡᠯᠭᠡᠵᠤ ᠪᠢᠯᠡ᠃《ᠠᠩᠬ᠎ᠠ ᠭᠤᠷᠪᠠ ᠪᠤᠯᠬᠤ ᠨᠠᠮᠤᠷ ᠠᠪᠤ ᠨᠢ ᠡᠪᠡᠳᠴᠢᠯᠡᠭᠡᠳ ᠬᠤᠰᠢᠭᠤᠨ ᠤ ᠡᠮᠨᠡᠯᠭᠡ ᠶᠢᠨ ᠬᠤᠷᠢᠶᠠᠨ ᠳᠤ ᠤᠷᠤᠵᠤ ᠭᠡᠷ ᠲᠤ ᠨᠢ ᠮᠠᠯ ᠬᠠᠷᠠᠬᠤ ᠬᠦᠮᠦᠨ ᠦᠭᠡᠢ ᠭᠡᠳ ᠲᠡᠬᠦᠨ ᠢ ᠪᠢᠴᠢᠭ ᠦᠵᠡᠬᠦᠯᠬᠦ ᠪᠠᠨ ᠪᠠᠶᠢᠭᠰᠠᠨ  ᠁ ᠬᠤᠶᠢᠳᠤ ᠡᠭᠡ ᠨᠢ ᠲᠡᠬᠦᠨ ᠢ ᠭᠡᠷ ᠠᠴᠠ ᠪᠠᠨ ᠡᠷᠳᠡᠭᠡᠨ ᠬᠤᠯᠠᠳᠠᠭᠤᠯᠬᠤ ᠶᠢᠨ ᠲᠦᠯᠦᠭᠡ ᠲᠠᠨᠢᠵᠤ ᠮᠡᠳᠡᠬᠦ ᠦᠭᠡᠢ ᠨᠦᠬᠦᠭᠡ ᠰᠤᠮᠤᠨ ᠤ ᠠᠶᠢᠯ ᠳᠤ ᠪᠡᠷᠢ ᠪᠤᠯᠭᠠᠬᠤ  ᠪᠠᠷ ᠬᠡᠯᠡᠯᠴᠠᠵᠤ ᠶᠤᠰᠤ ᠶᠢᠨ ᠲᠡᠳᠦᠢ ᠬᠤᠷᠢᠮ ᠬᠢᠵᠤ ᠶᠠᠪᠤᠭᠤᠯᠤᠭᠰᠠᠨ ᠁ ᠡᠷ᠎ᠡ ᠨᠦᠬᠦᠷ ᠨᠢ ᠪᠠᠭ᠎ᠠ ᠰᠤᠷᠭᠠᠭᠤᠯᠢ ᠶᠢᠨ ᠰᠤᠶᠤᠯ ᠤᠨ ᠬᠢᠷᠢ ᠬᠡᠮ ᠲᠠᠢ᠂ ᠦᠭᠡ ᠲᠠᠭᠤ ᠴᠦᠭᠡᠨ᠂ ᠲᠡᠬᠦᠨ ᠳᠤ ᠬᠠᠯᠠ ᠦᠵᠡᠬᠦᠯᠬᠦ ᠦᠭᠡᠢ ᠴᠦ ᠠᠵᠢᠯ ᠬᠦᠳᠡᠯᠮᠦᠷᠢ ᠳᠤ ᠲᠡᠶᠢᠮᠤ ᠢᠳᠡᠪᠬᠢ ᠦᠭᠡᠢ ᠰᠢᠭ ᠰᠠᠨᠠᠭᠳᠠᠬᠤ ᠁  ᠬᠠᠷᠢᠨ ᠲᠡᠭᠷᠢ ᠶᠢᠨ ᠮᠠᠭᠤᠬᠠᠢ ᠳᠤ ᠪᠠᠭ᠎ᠠ ᠳᠠᠭᠠᠨ ᠵᠤᠳᠤᠭᠤᠯᠵᠤ ᠰᠤᠷᠪᠢ ᠰᠠᠭᠤᠭᠰᠠᠨ ᠨᠢᠷᠤᠭᠤ᠂  ᠪᠦᠳᠦᠬᠦᠨ ᠭᠤᠶ᠎ᠠ ᠶᠢᠨ ᠭᠡᠰᠡᠭ ᠢᠶᠠᠷ ᠨᠢ ᠰᠠᠩᠬᠢᠨᠡᠬᠦ ᠪᠤᠶᠤ ᠬᠡᠰᠡᠭ ᠲᠡᠭᠡᠨ ᠵᠢᠮᠵᠢᠬᠢᠨᠡᠨ ᠡᠪᠡᠳᠳᠡᠭ ᠁ 》ᠭᠡᠵᠤ ᠬᠡᠯᠡᠬᠦ ᠳᠤ ᠯᠡ ᠲᠡᠷᠡ ᠮᠠᠨᠢ ᠢᠨᠢᠶᠡᠬᠦ ᠤᠬᠢᠯᠠᠬᠤ ᠶᠢᠨ ᠵᠠᠭᠠᠭ ᠲᠡᠭᠡᠷ᠎ᠡ ᠪᠠᠭ᠋ᠠᠨ ᠡᠪᠬᠦᠶᠢᠷᠡᠵᠤ ᠪᠢᠯᠡ᠃ ᠨᠠᠶᠢᠵᠠ ᠮᠢᠨᠢ ᠠᠮᠢᠳᠤᠷᠠᠯ ᠳᠠᠭᠠᠨ ᠰᠡᠳᠬᠢᠯ ᠬᠠᠨᠤᠮᠵᠢᠳᠠᠢ ᠪᠦᠭᠡᠳ ᠬᠡᠤᠭᠡᠳ ᠢᠶᠠᠨ ᠰᠠᠶᠢᠬᠠᠨ ᠬᠦᠮᠦᠵᠢᠬᠦᠯᠬᠦ ᠲᠤᠬᠠᠢ ᠪᠡᠶ᠎ᠡ ᠳᠡᠭᠡᠨ ᠢᠳᠡᠭᠡᠯᠳᠠᠢ ᠪᠠᠶᠢᠯ᠎ᠠ᠃      ᠮᠠᠷᠭᠠᠰᠢ ᠨᠢ ᠪᠢ ᠲᠡᠯᠭᠡᠬᠦᠷ ᠠᠴᠠ ᠪᠠᠭ᠋ᠠᠨ ᠬᠤᠰᠢᠭ᠎ᠠ᠂ ᠪᠤᠷᠴᠠᠭ ᠤᠨ ᠵᠤᠶᠢᠯ ᠠᠪᠤᠭᠠᠳ‌‍ᠲ᠋ᠡᠬᠦᠨ ᠳᠤ ᠬᠦᠷᠭᠡᠵᠤ᠄      — ᠵᠢᠷᠮᠦᠰᠦᠨ ᠬᠤᠭᠤᠴᠠᠭᠠᠨ ᠳᠤ ᠡᠳᠡᠭᠡᠷ ᠢ ᠢᠳᠡᠪᠡᠯ ᠬᠡᠤᠭᠡᠳ ᠤᠨ ᠲᠠᠷᠢᠬᠢ ᠨᠢ ᠰᠡᠴᠡᠨ ᠰᠡᠷᠬᠦᠯᠡᠩ  ᠪᠤᠯᠳᠠᠭ ᠭᠡᠨ᠎ᠡ ᠰᠢᠤ︕ ᠭᠡᠵᠤ ᠮᠡᠷᠭᠡᠯᠡᠭᠡᠳ ᠰᠤᠮᠤᠨ ᠳᠠᠭᠠᠨ ᠬᠠᠷᠢᠭᠰᠠᠨ᠃ ᠦᠬᠢᠨ ᠨᠢ ᠲᠦᠷᠦᠬᠦ ᠳᠤ ᠪᠢ ᠬᠠᠵᠠᠭᠤ ᠳᠤ ᠨᠢ ᠪᠠᠶᠢᠭ᠎ᠠ ᠦᠭᠡᠢ᠃ ᠰᠠᠷ᠎ᠠ ᠲᠦᠬᠦᠷᠦᠬᠦ ᠠᠴᠠ ᠡᠮᠤᠨ᠎ᠡ ᠨᠢᠭᠡ ᠤᠳᠠᠭ᠎ᠠ ᠡᠷᠬᠢᠵᠤ ᠦᠵᠡᠭᠡᠳ ᠪᠤᠴᠠᠭᠰᠠᠨ᠃ ᠭᠡᠵᠢᠶ᠎ᠡ ᠬᠤᠶᠢᠨ᠎ᠠ ᠨᠢ ᠪᠢ ᠬᠤᠷᠢᠮᠯᠠᠭᠠᠳ ᠵᠢᠷᠮᠦᠰᠤᠯᠡᠬᠦ ᠠᠴᠠ ᠡᠮᠤᠨᠡᠬᠢ ᠪᠡᠯᠡᠳᠭᠡᠯ ᠬᠢᠬᠦ ᠳᠡᠭᠡᠨ ᠨᠤᠮ ᠲᠡᠪᠳᠡᠷ ᠡᠴᠠ‌ᠦᠵᠡᠬᠦᠯ᠎ᠡ᠂ ᠵᠢᠷᠮᠦᠰᠦᠯᠡᠭᠰᠡᠳ ᠬᠤᠰᠢᠭ᠎ᠠ ᠶᠢ ᠭᠤᠷᠪᠠᠨ ᠰᠠᠷ᠎ᠠ᠂ ᠪᠤᠷᠴᠠᠭ ᠤᠨ ᠵᠤᠶᠢᠯ ᠢ ᠵᠢᠷᠭᠤᠭᠠᠨ ᠰᠠᠷ᠎ᠠ ᠲᠠᠢ ᠠᠴᠠ ᠡᠬᠢᠯᠡᠵᠤ ᠢᠳᠡᠪᠡᠯ ᠬᠡᠤᠭᠡᠳ ᠤᠨ ᠲᠠᠷᠢᠬᠢᠨ ᠪᠤᠶᠢᠵᠢᠯᠳᠠ  ᠳᠤ ᠰᠠᠶᠢᠨ ᠭᠡᠳᠡᠭ ᠢ ᠮᠡᠳᠡᠭᠰᠡᠨ ᠪᠢᠯᠡ᠃      ᠦᠬᠢᠨ ᠨᠢ ᠰᠤᠷᠭᠠᠭᠤᠯᠢ ᠳᠤ ᠤᠷᠤᠬᠤ ᠵᠢᠯ ᠡᠷ᠎ᠡ ᠨᠦᠬᠦᠷ ᠨᠢ ᠠᠳᠡᠯ ᠭᠠᠷᠴᠦ ᠡᠨᠡ ᠬᠤᠷᠸ᠎ᠠ ᠠᠴᠠ ᠠᠩᠬᠢᠵᠢᠷᠠᠵᠠᠢ᠃ ᠲᠡᠷᠡ ᠪᠠᠰᠠ ᠨᠢᠭᠡ ᠤᠳᠠᠭᠠᠨ ᠤ ᠦᠨᠦᠴᠢᠷᠡᠯ ᠢ ᠭᠡᠭᠡᠨ ᠴᠠᠭᠠᠨ ᠡᠳᠦᠷ ᠭᠡᠨᠡᠳᠳᠡ ᠲᠡᠷᠭᠡᠳᠡ ᠨᠢ ᠢᠷᠡᠨ᠎ᠡ ᠭᠡᠳᠡᠭ ᠢ ᠶᠢᠰᠦᠨ ᠪᠤᠳᠤᠯ ᠳᠠᠭᠠᠨ ᠠᠪᠴᠤ ᠪᠠᠶᠢᠭ᠎ᠠ ᠦᠭᠡᠢ᠃   ᠭᠠᠰᠢᠭᠤᠳᠠᠯ ᠤᠨ ᠬᠤᠭᠤᠴᠠᠭᠠᠨ ᠳᠤ ᠨᠠᠶᠢᠵᠠ ᠮᠢᠨᠢ ᠭᠠᠭᠴᠠᠭᠠᠷ ᠡᠳᠦᠷ ᠰᠦᠨᠢ ᠦᠭᠡᠢ ᠶᠠᠭᠠᠷᠠᠨ ᠨᠢᠰᠤ ᠨᠢᠯᠪᠤᠰᠤ ᠪᠠᠷ ᠨᠢᠭᠤᠷ ᠢᠶᠠᠨ ᠤᠬᠢᠶᠠᠨ᠂ ᠠᠮᠢᠳᠠᠨ ᠭᠤᠤᠯᠳᠠᠨ ᠢ ᠰᠤᠴᠢᠭᠠᠮ᠎ᠠ ᠰᠡᠬᠦᠷᠡᠰᠦ ᠠᠯᠳᠠᠨ ᠵᠤᠪᠠᠭᠤᠷᠢᠯᠠᠵᠤ ᠪᠠᠶᠢᠭᠰᠠᠨ ᠢᠶᠠᠨ ᠨᠠᠮᠤᠷ ᠨᠢ ᠪᠦᠬᠦᠨ ᠢ ᠨᠢᠭᠡ ᠵᠦᠭ ᠲᠤ ᠪᠤᠯᠭᠠᠭᠠᠳ ᠦᠪᠡᠷ ᠢᠶᠠᠨ ᠬᠤᠰᠢᠭᠤᠨ ᠲᠦᠪ ᠲᠤ ᠭᠡᠷ ᠲᠦᠷᠢᠶᠡᠰᠦᠯᠡᠨ ᠦᠬᠢᠨ ᠦᠷ᠎ᠡ ᠪᠠᠨ ᠰᠡᠳᠬᠢᠯ ᠤᠨ ᠲᠠᠷᠤᠭᠠᠰᠤ ᠦᠭᠡᠢ ᠪᠢᠴᠢᠭ ᠦᠵᠡᠬᠦᠯᠬᠦ ᠪᠠᠷ ᠬᠦᠯᠦᠰᠦᠨ ᠠᠵᠢᠯᠴᠢᠨ ᠤ ᠡᠩᠨᠡᠭᠡᠨ ᠳᠤ ᠵᠢᠳᠬᠦᠵᠤ ᠬᠤᠳᠠ ᠶᠢᠨ ᠠᠮᠢᠳᠤᠷᠠᠯ ᠢ ᠡᠬᠢᠯᠡᠬᠦᠯᠦᠭᠰᠡᠨ ᠪᠢᠯᠡ᠃      ᠡᠬᠦᠨ ᠠᠴᠠ ᠬᠤᠶᠢᠰᠢ ᠪᠢᠳᠡ ᠬᠤᠶᠠᠭᠤᠯᠠ ᠢᠨᠢᠶᠡᠵᠤ ᠠᠭᠤᠯᠵᠠᠭᠠᠳ ᠤᠬᠢᠯᠠᠵᠤ ᠶᠠᠷᠢᠯᠴᠠᠨ ᠨᠢᠭᠡᠨ ᠢᠶᠠᠨ ᠵᠤᠷᠢᠭᠵᠢᠭᠤᠯᠤᠨ ᠰᠠᠯᠤᠯᠴᠠᠳᠠᠭ ᠪᠠᠶᠢᠭᠰᠠᠨ ᠢᠶᠠᠨ ᠪᠢ ᠠᠵᠢᠯ ᠰᠢᠯᠵᠢᠵᠤ ᠬᠤᠰᠢᠭᠤᠨ ᠲᠦᠪ ᠳᠤ ᠢᠷᠡᠭᠰᠡᠨ ᠵᠢᠯ ᠲᠡᠷᠡ ᠮᠠᠨᠢ ᠬᠤᠪᠢᠨ ᠤ ᠮᠤᠩᠭᠤᠯ ᠬᠤᠭᠤᠯᠠᠨ ᠭᠡᠷ ᠡᠷᠬᠢᠯᠡᠵᠤ ᠶᠠᠭᠠᠷᠠᠤ ᠮᠦᠷᠳᠡᠭᠡᠨ ᠪᠠᠶᠠᠰᠬᠤᠯᠠᠩᠳᠠᠢ ᠪᠤᠯᠤᠭᠰᠠᠨ ᠪᠠᠶᠢᠨ᠎ᠠ᠃ ᠪᠢ ᠵᠠᠷᠢᠮ ᠳᠠᠭᠠᠨ ᠨᠦᠬᠦᠷ ᠲᠠᠢ ᠪᠠᠨ ᠬᠡᠯᠡ ᠠᠮᠠ ᠪᠤᠯᠪᠠᠯ ᠲᠡᠬᠦᠨ ᠳᠤ ᠤᠴᠢᠵᠤ ᠵᠠᠭᠠᠯᠳᠤᠳᠠᠭ᠂ ᠬᠤᠶᠠᠭᠤᠯᠠ ᠡᠷ᠎ᠡ ᠬᠦᠮᠦᠨ ᠢ《 ᠡᠨᠡ  ᠨᠢ ᠮᠠᠭᠤ  ᠁  ᠲᠡᠷᠡ ᠪᠤᠯᠬᠤ ᠦᠭᠡᠢ  ᠁ 》ᠭᠡᠵᠤ ᠪᠠᠭ᠋ᠠᠨ ᠮᠠᠭᠤᠯᠠᠭᠠᠳ ᠰᠠᠨᠠᠭ᠎ᠠ ᠬᠠᠨᠤᠪᠠᠯ ᠡᠷᠬᠢᠭᠡᠳ ᠢᠨᠢᠶᠡᠳᠤ ᠬᠦᠷᠴᠦ《 ᠠᠮᠢᠳᠤᠷᠠᠯ ᠪᠦᠷᠢᠨ ᠪᠦᠳᠦᠨ ᠪᠠᠶᠢᠬᠤ ᠨᠢ ᠲᠡᠷᠢᠬᠦᠨ ᠴᠢᠬᠤᠯᠠ ᠡ︕ ᠬᠠᠶᠢᠷ᠎ᠠ ᠨᠠᠶᠢᠷ ᠲᠠᠢ ᠯᠡ ᠪᠠᠶᠢᠪᠠᠯ ᠬᠠᠮᠤᠭ ᠶᠠᠭᠤᠮ᠎ᠠ ᠪᠦᠷ ᠰᠠᠶᠢᠬᠠᠨ ᠪᠤᠯᠤᠨ᠎ᠠ︕ ᠡᠶᠢᠮᠤ ᠨᠢᠭᠡ ᠦᠭᠡ ᠶᠢ ᠲᠠᠭᠠᠭᠠᠬᠤ ᠦᠭᠡᠢ᠂ ᠶᠠᠭᠠᠬᠢᠵᠤ ᠲᠡᠷᠡ ᠶᠡᠭᠡ ᠠᠮᠢᠳᠤᠷᠠᠯ ᠢ ᠲᠠᠭᠠᠭᠠᠨ᠎ᠠ ᠪᠤᠢ︖ ᠲᠠᠶᠢᠪᠤᠰᠢᠷᠠᠵᠤ ᠰᠤᠷ︕》ᠭᠡᠵᠤ ᠨᠠᠮ᠎ᠠ ᠶᠢ ᠨᠠᠷᠠ ᠰᠢᠭ᠋ ᠭᠡᠶᠢᠬᠦᠯᠳᠡᠭ ᠨᠠᠶᠢᠵᠠ  ᠶᠢᠨ ᠬᠢ ᠠᠴᠠ ᠪᠠᠨ ᠭᠠᠷᠴᠤ ᠪᠠᠶᠠᠷᠳᠠᠢ ᠬᠠᠷᠢᠳᠠᠭ᠃ ᠭᠡᠳᠦᠶᠢᠪᠡᠷ ᠪᠢᠳᠡ ᠬᠤᠶᠠᠷ ᠠᠰ ᠠᠰ ᠲᠠᠭᠠᠨ ᠠᠮᠢᠳᠤᠷᠠᠯ ᠲᠠᠢ ᠴᠦ ᠰᠠᠯᠵᠤ ᠪᠤᠯᠤᠰᠢ ᠦᠭᠡᠢ ᠰᠡᠳᠬᠢᠯ ᠤᠨ ᠬᠤᠯᠪᠤᠭᠠᠰᠤ ᠲᠠᠢ ᠪᠤᠯᠵᠠᠢ᠃      ᠤᠳᠤ ᠠᠴᠠ ᠭᠤᠴᠢᠨ ᠵᠢᠯ ᠤᠨ ᠡᠮᠤᠨ᠎ᠡ ᠪᠢᠳᠡ ᠬᠤᠶᠠᠷ ᠵᠦᠷᠢᠬᠦᠦ ᠪᠤᠷᠤᠭᠤ ᠬᠡᠯᠡᠯᠴᠡᠵᠤ ᠵᠡᠬᠦᠨᠰᠢ ᠪᠠᠷᠠᠭᠤᠨᠰᠢ ᠬᠦᠶᠦᠨ ᠬᠡᠤᠭᠡᠳ ᠨᠠᠰᠤ ᠪᠠᠨ ᠢᠨᠢᠶᠡᠳᠠᠢ ᠬᠠᠨᠢᠶᠠᠳᠠᠢ ᠦᠩᠭᠡᠷᠡᠬᠦᠯᠦᠭᠰᠠᠨ ᠪᠤᠯᠪᠠᠴᠤ ᠲᠡᠷᠡ ᠮᠠᠨᠢ ᠰᠢᠳᠦᠭᠡᠨ ᠤ ᠲᠡᠭᠡᠳᠦ ᠡᠭᠡ ᠠᠴᠠ ᠪᠠᠨ ᠦᠨᠦᠴᠢᠷᠡᠵᠤ᠂ ᠰᠡᠳᠬᠢᠯ ᠤᠨ ᠲᠦᠰᠢᠭ ᠬᠠᠨᠢ ᠢᠵᠢᠯᠢ ᠪᠠᠨ ᠠᠴᠠ ᠬᠠᠭᠠᠴᠠᠭᠰᠠᠨ ᠬᠠᠯᠠ ᠵᠤᠪᠠᠯᠠᠩ ᠢ ᠬᠠᠨᠤᠳᠠᠯ᠎ᠠ ᠠᠮᠰᠠᠵᠠᠢ  ᠁ ᠁ ᠡᠨᠡ ᠪᠦᠬᠦᠨ ᠢ ᠲᠤᠷᠠᠰᠤᠭᠠᠳ‌ᠡᠷᠭᠡ ᠦᠭᠡᠢ ᠨᠢᠳᠦ ᠵᠠᠶᠢᠷᠳᠠᠪᠠ᠃ ᠨᠠᠶᠢᠵᠠ ᠮᠢᠨᠢ ᠰᠤᠷᠭᠠᠭᠤᠯᠢ ᠰᠤᠶᠤᠯ ᠤᠨ ᠵᠠᠮ ᠢ ᠲᠤᠷᠭᠤᠨ ᠵᠤᠭᠰᠤᠵᠤ ᠰᠤᠷᠢᠭ᠎ᠠ ᠬᠤᠷᠢᠭ᠎ᠠ ᠲᠠᠢ ᠠᠮᠢᠳᠤᠷᠠᠯ ᠳᠤ ᠵᠦᠳᠡᠷᠡᠵᠤ ᠶᠠᠪᠤᠭᠰᠠᠨ ᠴᠦ ᠦᠪᠡᠷ ᠤᠨ ᠦᠬᠢᠨ ᠢᠶᠠᠨ ᠦᠨᠳᠦᠷ ᠬᠢᠷᠢ ᠪᠦᠳᠦᠮᠵᠢ ᠪᠠᠷ ᠶᠡᠭᠡ ᠰᠤᠷᠭᠠᠭᠤᠯᠢ ᠶᠢᠨ ᠪᠤᠱᠤᠭ᠎ᠠ ᠶᠢ ᠠᠯᠬᠤᠭᠤᠯᠤᠭᠰᠠᠨ ᠠᠤᠭ᠎ᠠ ᠡᠭᠡ ᠶᠢᠨ ᠨᠢᠭᠡ ᠶᠤᠮᠰᠠᠨ᠃        ᠪᠤᠳᠤᠯ ᠢᠶᠠᠨ ᠬᠤᠷᠢᠶᠠᠵᠤ ᠬᠦᠨ ᠠᠮᠢᠰᠬᠤᠯᠯᠠᠨ ᠲᠡᠷᠢᠬᠦᠨ ᠡᠷᠬᠦᠪᠡᠯ ᠨᠡᠯᠦᠭᠡᠷ ᠬᠦᠭᠡ ᠲᠡᠭᠷᠢ ᠳᠤ ᠠᠯᠳᠠᠨ ᠨᠠᠷᠠᠨ ᠲᠠᠩᠴᠤ ᠭᠠᠭᠴᠠᠭᠠᠷᠳᠠᠩᠭᠤᠢ᠃
ᠢᠷᠡᠯᠲᠡ᠄ ᠲᠣᠰ ᠰᠦᠯᠵᠢᠶ᠎ᠡ