ᠰᠠᠭᠰᠠᠭᠤ ᠵᠠᠯᠠᠭᠤ ᠶᠢᠨ ᠰᠠᠭᠠᠷᠠᠤ ᠲᠠᠪᠢᠯᠠᠩ | | ᠥ ᠤᠤᠠᠬᠠᠨ | | ᠠᠯᠠᠭᠠᠨ ᠠᠴᠠ ᠪᠠᠨ ᠤᠳᠠᠰᠤ ᠰᠠᠯᠭᠠᠬᠤ ᠲᠤᠷ᠎ᠠ ᠦᠭᠡᠢ ᠡᠷᠡᠨ ᠤ ᠬᠡᠤᠬᠡᠳ ᠠᠴᠠ ᠬᠦᠭᠰᠢᠨ ᠬᠦᠷᠳᠡᠯ᠎ᠡ ︽ᠲᠠᠭᠠᠳᠠᠢ ᠬᠤᠳᠠᠯ ᠦᠨᠡᠨ ᠬᠡᠯᠡᠵᠤ ᠬᠤᠪᠢ | ᠵᠦᠭᠡᠭᠡᠳᠡᠭ ᠡᠳ᠋ ᠰᠢᠤ ……︾ ᠭᠡᠰᠡᠨ ᠰᠢᠭ ᠬᠤᠷᠤᠭᠤ ᠪᠠᠷ ᠢᠶᠠᠨ ᠲᠤᠶ᠋ᠢᠵᠤ᠂ ᠬᠤᠭᠤᠷᠤᠨᠳᠤ ᠪᠠᠨ ᠴᠤ ᠲᠤᠤᠭᠠᠷᠬᠤ ᠪᠠᠷ ᠠᠨᠠᠶᠢᠬᠠᠨ ᠲᠤᠷᠤᠭᠰᠢ ᠱᠠᠭᠠᠶᠢᠳᠠᠭ | ᠴᠠᠭ ᠪᠤᠯᠵᠠᠢ᠃ | ᠥᠳᠡᠰᠢ ᠶᠢᠨ ᠴᠢᠯᠤᠭᠡᠨ ᠳᠤ ᠥᠨᠥᠬᠢ ᠪᠠᠨ ᠤᠷᠤᠯᠳᠤᠭᠰᠠᠨ ᠵᠠᠶᠠᠭᠠᠬᠦᠦ ᠶᠢᠨ ᠭᠠᠷ ᠤᠳᠠᠰᠤᠨ ᠤ ᠬᠢᠨᠢ ᠬᠤᠩᠬᠤ ᠨᠢ ᠲᠤᠤᠭᠠᠷᠤᠯᠠ᠃ ᠠᠵᠢᠪᠠᠯ ᠪᠤᠷᠤᠬᠡᠤᠬᠡᠨ | ᠤ ᠨᠡᠷ᠎ᠡ ᠲᠤᠷᠠᠶᠢᠨ᠎ᠠ᠃ ᠲᠤᠳᠥᠷᠠ ᠨᠢ ᠤᠷᠤᠴᠢᠬᠠᠭᠰᠠᠨ ᠰᠢᠭ᠋ ᠨᠠᠭᠠᠳᠤᠮ ᠳ᠋ᠠᠭᠠᠨᠤᠬᠠᠭᠠ ᠠᠯᠳᠠᠭᠰᠠᠨ ᠪᠤᠯᠬᠤᠷ ︽ᠶᠠᠮᠠᠷ ᠶᠠᠷᠰᠢᠭ ᠲᠠᠢ ᠶᠤᠮ ᠪᠤᠢ ……︾ ᠭᠡᠮᠡᠨ | ᠤᠴᠠᠭᠠᠷᠳᠠᠨ ᠲᠤᠰᠤᠭᠰᠠᠨ ᠦᠭᠡᠢ᠃ ᠤᠳᠠᠯ ᠦᠭᠡᠢ ᠪᠠᠰᠠ ᠯᠡ ᠰᠠᠶ᠋ᠢᠬᠢ ᠤᠳᠠᠰᠤ ᠢᠷᠡᠯ᠎ᠡ᠃ ︽ᠰᠠᠭᠠᠳ ᠬᠢᠭᠡᠳ ᠪᠠᠶᠢᠳᠠᠭ ᠴᠢᠨᠢ ……︾ ᠭᠡᠵᠦ ᠠᠬᠠᠷᠴᠢᠯᠠᠨ | ᠲᠤᠷ᠎ᠠ ᠲᠠᠢ ᠰᠢᠷ᠎ᠠ ᠲᠠᠢ ᠤᠮᠤᠭ ᠲᠠᠢ ᠰᠢᠭ᠋ ᠲᠤᠰᠤᠯ᠎ᠠ᠃ ᠴᠠᠭᠠᠨ᠎ᠠ ᠨᠢ᠄ | ᠨᠠᠭ᠎ᠠ ᠡᠮᠨᠡᠮᠭᠡ ᠳᠤ᠂᠂᠂᠂᠂᠂ ᠭᠡᠳ ᠵᠠᠯᠭᠠᠵᠤ ᠶᠠᠷᠢᠬᠤ ᠶᠢ ᠨᠢ ᠬᠦᠯᠢᠶᠡᠵᠦ ᠡᠰᠡ ᠵᠠᠪᠳᠤᠨ ᠤᠳᠠᠰᠤ ᠪᠠᠨ ᠲᠠᠷᠤᠮᠠᠭᠴᠠ ᠭᠠᠯ ᠤᠰᠤᠨ ᠤ ᠠᠶᠤᠯ ᠳᠤ | ᠲᠤᠯᠭᠠᠷᠠᠭᠰᠠᠨ ᠰᠢᠭ᠋ ᠠᠰᠠᠷ ᠤᠨ ᠱᠠᠳᠤ ᠪᠠᠷ ︽ᠲᠦᠰ ᠲᠦᠰ……︾ ᠬᠢᠨ ᠪᠠᠭᠤᠵᠤ᠂ ᠴᠠᠬᠢᠯᠭᠠᠨ ᠲᠤᠭᠤᠢ ᠲᠡᠷᠭᠡ ᠪᠠᠨ ᠤᠨᠤᠨ ᠲᠡᠷᠭᠡ ᠮᠠᠰᠢᠨ ᠲᠠᠢ | ᠮᠥᠷᠭᠦᠴᠢᠬᠡᠮᠡᠷ ᠡᠮᠨᠡᠯᠭᠡ ᠶᠢᠨ ᠬᠤᠷᠢᠶ᠎ᠠ ᠶᠢ ᠴᠢᠭᠯᠡᠪᠡ᠃ | ᠬᠠᠷ᠎ᠠ ᠨᠢᠯᠬ᠎ᠠ ᠠᠴᠠ ᠪᠠᠨ ᠲᠤᠷᠤᠮᠵᠢᠯᠠᠯ ᠭᠤᠳᠤᠭᠠᠯ ᠲᠠᠢ ᠲᠠᠨᠢᠯᠴᠠᠨ ᠡᠵᠢ ᠲᠠᠢ ᠪᠠᠨ ᠪᠤᠷᠤ ᠡᠳᠦᠷ ᠰᠢᠷ᠎ᠠ ᠬᠤᠨᠤᠭ ᠢ ᠲᠤᠭᠤᠯᠤᠨ ᠬᠤᠷᠸ᠎ᠠ ᠶᠢᠨ ᠠᠯᠢᠪᠠ | ᠭᠠᠴᠢᠭᠳᠠᠯ ᠢ ᠥᠯᠡᠳᠡᠭᠡᠯ ᠦᠭᠡᠢ ᠠᠮᠰᠠᠭᠰᠠᠨ ᠵᠠᠶᠠᠭᠠᠬᠦᠦ ᠶᠢ ᠴᠠᠭᠠᠨ ᠰᠤᠯᠢᠶ᠎ᠠ ᠰᠡᠭᠦᠳᠡᠷ ᠰᠢᠭ ᠲᠠᠭᠠᠨ᠎ᠠ᠃ ᠲᠤᠮᠳᠠᠳᠤ ᠪᠠᠭ᠎ᠠ ᠰᠤᠷᠭᠠᠭᠤᠯᠢ ᠳᠤ ᠥᠨᠳᠦᠷ | ᠠᠮᠵᠢᠯᠳᠠ ᠲᠠᠢ ᠲᠡᠭᠦᠰᠴᠦ᠂ ᠲᠤᠰᠬᠠᠢ ᠮᠡᠷᠭᠡᠵᠢᠯ ᠤᠨ ᠰᠤᠷᠭᠠᠭᠤᠯᠢ ᠳᠤ ᠰᠢᠯᠭᠠᠨ ᠤᠷᠤᠵᠤ ᠡᠵᠢ ᠪᠠᠨ ᠡᠨᠡ ᠤᠶᠢᠷ᠎ᠠ ᠳᠤ ᠦᠭᠡᠢ ᠪᠠᠶᠠᠷᠯᠠᠭᠤᠯᠵᠠᠢ᠃ ︽ᠲᠡᠮᠦᠷ | ᠠᠶᠠᠭ᠎ᠠ︾ ᠤᠯᠭᠤᠬᠤ ᠲᠤᠬᠢᠶᠠᠯ ᠨᠢᠬᠡᠨᠳᠡ ᠥᠩᠭᠡᠷᠡᠭᠰᠡᠨ ᠲᠤᠯᠠ ᠥᠪᠡᠷ ᠢᠶᠠᠨ ᠬᠦᠴᠦᠯᠡᠬᠦ ᠦᠭᠡᠢ ᠪᠤᠯ ᠮᠠᠯᠴᠢᠨ ᠵᠠᠶᠠᠭ᠎ᠠ ᠠᠴᠠ ᠪᠠᠨ ᠥᠯᠦ ᠮᠤᠯᠳᠤᠷᠠᠨᠠ᠃ ︽ | ᠲᠡᠴᠢᠨᠡᠨ ᠪᠢᠴᠢᠭ ᠦᠵᠡᠴᠢᠬᠡᠭᠡᠳ ᠡᠷᠳᠡᠮ ᠢᠶᠠᠨ ᠬᠤᠨᠢᠨ ᠤ ᠰᠢᠷ᠎ᠠ ᠬᠤᠭ ᠲᠤ ᠪᠤᠯᠠᠨ᠎ᠠ ᠭᠡᠭᠴᠢ ᠠᠶᠤᠯ ᠪᠠᠶᠢᠨ᠎ᠠ᠃ ᠲᠡᠭᠡᠭᠦᠷ ᠵᠢᠷᠤᠭ᠎ᠠ ᠲᠤᠤᠭᠤᠷ ᠰᠠᠶᠢᠪᠤᠷ | ᠨᠡᠶᠢᠭᠡᠮ ᠤᠨ ᠵᠠᠮ ᠢ ᠨᠢ ᠤᠯᠴᠢᠬᠠᠪᠠᠯ ᠶᠠᠭᠤ ᠪᠠᠶᠢᠬᠤᠪ︾ ᠭᠡᠵᠦ ᠭᠡᠷᠡᠯᠮ᠎ᠠ ᠡᠳᠦᠷ ᠰᠥᠨᠢ ᠦᠭᠡᠢ ᠰᠡᠤᠠᠭᠢᠬᠦ ᠳᠤ ᠵᠠᠷᠢᠮ ᠳᠠᠭᠠᠨ ᠨᠤᠶᠢᠷ ᠢ ᠨᠢ ᠨᠤᠬᠠᠢ | ᠲᠤᠯᠢᠶᠠᠴᠢᠬᠠᠭᠰᠠᠨ ᠰᠢᠭ᠋ ᠵᠤᠪᠬᠢ ᠨᠢ ᠨᠡᠶᠢᠯᠡᠬᠦ ᠦᠭᠡᠢ ᠵᠤᠪᠠᠭᠠᠨ᠎ᠠ᠃ ᠵᠠᠶᠠᠭᠠᠬᠦᠦ ᠴᠤ ᠬᠦᠳᠡᠭᠡ ᠨᠤᠳᠤᠭ ᠲᠠᠭᠠᠨ ᠠᠵᠤ ᠠᠮᠢᠳᠤᠷᠠᠯ ᠪᠤᠰᠬᠠᠬᠤ ᠲᠤᠷ᠎ᠠ ᠦᠭᠡᠢ | ᠲᠤᠯᠠ ᠬᠤᠲᠠ ᠳᠤ ᠬᠦᠯ ᠲᠤᠭᠳᠠᠬᠤ ᠪᠠᠷ ᠠᠷᠭ᠎ᠠ ᠤᠬᠠᠭᠠᠨ ᠰᠦᠪᠡᠭᠴᠢᠯᠡᠨ᠎ᠡ᠃ ᠰᠤᠷᠭᠠᠭᠤᠯᠢ ᠠᠴᠠ ᠪᠭᠤᠭᠰᠠᠨ ᠲᠠᠷᠠᠭᠠᠬᠠᠨ ᠢᠶᠠᠨ ᠲᠡᠭᠷᠢ ᠤᠶᠢᠷᠠᠬᠠᠨ ᠠᠯᠪᠠᠨ | ᠠᠵᠢᠯ ᠬᠤᠯᠠ ᠪᠠᠶᠢᠪᠠ ᠃ ᠡᠵᠢ ᠳᠡᠭᠡᠨ ᠠᠴᠢᠯᠠᠯ ᠲᠠᠢ ᠵᠠᠶᠠᠭᠠᠬᠦᠦ ᠰᠠᠶᠢᠨ ᠬᠤᠨᠢᠴᠢᠨ ᠪᠤᠯᠵᠤ ᠭᠡᠷ ᠤᠨ ᠢᠶᠠᠨ ᠲᠤᠯᠭᠠᠭᠤᠷᠢ ᠪᠤᠯᠤᠨ᠎ᠠ᠂ ᠭᠠᠩᠳᠠᠭᠤᠨ ᠰᠢᠷᠭᠠᠯ | ᠨᠤᠳᠤᠭ ᠤᠨ ᠪᠠᠨ ᠰᠠᠯᠬᠢ ᠪᠠᠷ ᠬᠠᠴᠠᠷ ᠢᠶᠠᠨ ᠢᠯᠪᠢᠭᠦᠯᠦᠭᠰᠡᠨ ᠰᠢᠷ᠎ᠠ ᠵᠠᠯᠠᠭᠤ ᠪᠤᠯᠵᠠᠢ᠃ | ᠬᠤᠨᠢᠨ ᠤ ᠪᠠᠨ ᠵᠠᠬ᠎ᠠ ᠳᠤ ᠦᠷᠯᠥᠭᠡ ᠦᠳᠡᠰᠢ ᠦᠭᠡᠢ ᠭᠠᠷ ᠤᠳᠠᠰᠤ ᠪᠠᠨ ᠵᠠᠢ ᠦᠭᠡᠢ ᠦᠵᠡᠳᠡᠭ ᠵᠠᠶᠠᠭᠠᠬᠦᠦ ᠰᠦᠯᠵᠢᠶᠡᠨ ᠲᠡᠭᠡᠷ᠎ᠡ ᠨᠢᠭᠡ ᠬᠡᠤᠬᠡᠨ ᠲᠠᠢ | ᠲᠠᠨᠢᠯᠴᠠᠭᠰᠠᠨ ᠠᠴᠠ ᠬᠤᠪᠢ ᠲᠠᠪᠢᠯᠠᠩ ᠨᠢ ᠭᠤᠷᠪᠠᠨ ᠵᠠᠭᠤ ᠵᠢᠷᠠᠨ ᠭᠷᠠᠳᠦᠰ ᠡᠷᠭᠢᠬᠦ ᠰᠢᠬᠠᠵᠠᠢ᠃ ᠤᠳᠠᠰᠤ ᠪᠠᠷ ᠵᠤᠭᠤᠭᠳᠠᠨ ᠬᠠᠷᠢᠯᠴᠠᠨ ᠰᠡᠭᠦᠳᠡᠷ ᠢᠶᠠᠨ ᠢᠯᠡᠭᠡᠨ᠎ᠡ | ᠃ ︽ᠠᠷᠪᠠ ᠲᠤᠳᠤᠷ᠎ᠠ ᠦᠶ᠎ᠡ ᠭᠡᠳᠡᠭ ᠶᠤᠮ ᠴᠢᠨᠢ︾ ᠭᠡᠵᠦ ᠪᠡᠭᠡ ᠲᠤᠰᠤᠭᠠᠮᠠᠷ ᠦᠭᠡᠢ ᠴᠠᠭᠠᠨ ᠴᠠᠭᠠᠰᠤ ᠰᠢᠭ᠋ ᠬᠡᠤᠬᠡᠨ ᠢ ᠪᠦᠷᠢᠮᠦᠰᠦᠨ ᠢᠲᠡᠭᠡᠨ ︽ᠬᠦᠳᠡᠭᠡᠪᠤᠷᠢ | ᠬᠠᠷ᠎ᠠ ᠬᠦᠦ ᠭᠡᠳ ᠭᠤᠯᠤᠬᠤ ᠦᠭᠡᠢ ᠪᠠᠶᠢᠬᠤ ᠳᠤ ᠪᠢ ᠡᠷᠳᠡᠶᠢᠭᠡᠳ ᠶᠠᠭᠠᠬᠢᠬᠤ ᠪᠢᠯᠡ ᠃ ︿ ᠮᠠᠭᠤ ᠨᠤᠬᠠᠢ ᠶᠢᠨ ᠰᠠᠨᠠᠭ᠎ᠠ ᠴᠠᠭᠠᠳᠤ ᠵᠠᠬ᠎ᠠ ᠶᠢᠨ | ᠤᠨᠤᠭᠤᠨ ᠳᠤ﹀ ᠭᠡᠭᠴᠢ ᠨᠠᠳᠠ ᠪᠤᠯᠵᠠᠢ ……︾ ᠭᠡᠮᠡᠨ ᠪᠡᠶ᠎ᠡ ᠪᠠᠨ ᠵᠦᠪᠳᠡᠭᠡᠨ ᠱᠤᠭᠯᠠᠨ᠎ᠠ᠃ ᠶᠠᠭᠠᠷᠠᠭᠠᠳ ᠵᠠᠪ ᠦᠭᠡᠢ᠂ ᠰᠡᠭᠦᠯᠡᠷ ᠪᠤᠯᠤᠶ᠎ᠠ ……︾ | ᠭᠡᠵᠦ ᠬᠤᠶᠢᠰᠢᠯᠠᠭᠤᠯᠵᠤ ᠪᠠᠶᠢᠭᠰᠠᠨ ᠢᠶᠠᠨ ᠵᠤᠯ ᠳᠠᠭᠠᠨ ᠤᠴᠠᠷᠠᠬᠤ ᠵᠠᠪᠰᠢᠶᠠᠨ ᠥᠭᠴᠠᠢ᠃ ᠭᠡᠷᠡᠯᠮ᠎ᠠ ᠬᠦᠦ ᠪᠠᠨ ︽ᠨᠤᠳᠤᠭ ᠤᠨ ᠪᠠᠨ ᠨᠠᠷᠠᠨ ᠤ ᠪᠤᠷᠤ | ᠬᠡᠤᠬᠡᠴᠦᠳ ᠠᠴᠠ ᠨᠢᠭᠡ ᠶᠢ ᠰᠤᠩᠭᠤᠬᠤ ᠪᠤᠯᠪᠠ ᠤᠤ︕ ᠰᠠᠨᠠᠭᠠᠨ ᠠᠴᠠ ᠭᠠᠳᠠᠭᠤᠷ ᠪᠢᠷ ᠤᠨ ᠦᠵᠦᠭ ᠲᠤᠯᠢᠶᠠᠭᠰᠠᠨ ᠴᠢᠨᠢ ᠨᠢᠰᠤ ᠪᠠᠨ ᠴᠢᠷᠦᠭᠰᠡᠨ ᠢ ᠨᠢ | ᠲᠤᠭᠤᠬᠤ ᠪᠠᠨ ᠪᠠᠶᠢᠴᠢᠬᠠᠵᠠᠢ᠃ ᠨᠢᠷᠤᠭᠤ ᠪᠠᠨ ᠡᠭᠦᠷᠦᠭᠰᠡᠨ ᠨᠢ ᠮᠢᠨᠤ ᠮᠠᠭᠤ ᠠᠮᠢᠨᠳᠠᠢ ᠶᠢ ᠲᠤᠭᠤᠳᠠᠭ ᠴᠠᠭ ᠪᠠᠰᠠ ᠪᠠᠶᠢᠵᠠᠢ︾ ᠭᠡᠵᠦ ᠰᠡᠮᠡᠬᠡᠨ ᠪᠠᠶᠠᠰᠤᠨ᠎ᠠ᠃ | ᠬᠡᠳᠤᠨ ᠨᠠᠰᠤ ᠶᠡᠭᠡ ᠪᠤᠯᠪᠠᠴᠤ ᠵᠠᠶᠠᠭᠠᠬᠦᠦ ᠶᠢ ᠲᠦᠷᠦᠭᠰᠡᠨ ᠲᠡᠭᠦᠦ ᠰᠢᠭ ᠬᠠᠶᠢᠷᠠᠯᠠᠳᠠᠭ ᠪᠤᠷᠤᠬᠡᠤᠬᠡᠨ ᠤᠷᠢᠳᠠᠪᠡᠷ ᠬᠦᠳᠡᠭᠡᠨ ᠢᠶᠠᠨ ᠬᠠᠷᠢᠵᠠᠢ ᠃ ᠵᠠᠶᠠᠭᠠᠬᠦᠦ ᠶᠢ | ᠪᠢᠴᠢᠭ ᠦᠵᠡᠵᠦ ᠪᠠᠶᠢᠬᠤ ᠳᠤ ᠭᠡᠷᠡᠯᠮ᠎ᠠ ᠶᠢ ᠬᠠᠪᠰᠤᠷᠳᠠᠭ᠃ ᠨᠠᠶᠢᠭᠡᠮ ᠲᠡᠭᠡᠷ᠎ᠡ ᠭᠠᠷᠤᠭᠰᠠᠨ ᠬᠤᠶᠢᠨ᠎ᠠ ᠵᠠᠶᠠᠭᠠᠬᠦᠦ ᠡᠪᠡᠤᠠᠴᠢᠯᠠᠪᠡᠯ ᠪᠤᠷᠤᠬᠡᠤᠬᠡᠨ ᠡᠮ ᠲᠠᠩ ᠢ ᠨᠢ | ᠤᠶᠢᠷᠠᠳᠤᠭᠤᠯᠤᠨᠠ᠃ ᠰᠠᠨᠠᠭ᠎ᠠ ᠵᠤᠪᠠᠭᠰᠠᠨ ᠦᠶ᠎ᠡ ᠳᠤᠨᠢ ᠲᠠᠶᠢᠤᠠᠬᠠᠷᠠᠭᠤᠯᠤᠨᠠ᠃ ᠵᠠᠷᠢᠮ ᠳᠠᠭᠠᠨ ᠵᠠᠶᠠᠭᠠᠬᠦᠦ ᠳᠤ ᠬᠡᠤᠬᠡᠳ ᠰᠢᠭ ᠵᠠᠩᠳᠤᠷᠠᠭᠤᠯᠤᠨ ᠵᠠᠷᠤᠭᠳᠠᠨᠠ᠃ | ᠴᠢᠬᠤᠯᠠ ᠦᠶ᠎ᠡ ᠳᠤ ᠯᠡ ᠲᠤᠷᠤᠶᠢᠭᠠᠳ ᠢᠷᠡᠳᠡᠭ ᠪᠤᠷᠤᠬᠡᠤᠬᠡᠨ ᠥᠪᠡᠷ ᠤᠨ ᠭᠡᠰᠡᠨ ᠬᠦᠴᠦ ᠪᠠᠨ ᠡᠷᠭᠦᠨ᠎ᠡ᠃ ᠲᠤᠷᠠᠯᠠᠭᠰᠠᠨ ᠵᠦᠢᠯ ᠢ ᠨᠢ ᠬᠢᠷᠢ ᠠᠪᠴᠤ ᠦᠭᠳᠡᠭ᠃ | ᠬᠡᠤᠬᠡᠨ ᠲᠠᠢ ᠠᠭᠤᠯᠵᠠᠬᠤ ᠪᠠᠷ ᠶᠠᠪᠤᠬᠤ ᠭᠡᠵᠦ ᠪᠠᠶᠢᠭ᠎ᠠ ᠶᠢ ᠰᠤᠨᠤᠰᠤᠭᠰᠠᠨ ᠪᠤᠷᠤᠬᠡᠤᠬᠡᠨ ᠥᠪᠡᠷ ᠤᠨ ᠡᠷᠬᠡ ᠦᠭᠡᠢ ᠤᠴᠢᠯ᠎ᠠ᠃ | — ᠨᠠᠰᠤᠨ ᠤ ᠬᠠᠨᠢ ᠶᠢ ᠬᠠᠶᠢᠬᠤ ᠪᠠᠷ ᠲᠠᠪᠬᠢᠵᠤ ᠪᠠᠶᠢᠨ᠎ᠠ ᠤᠤ︖ ᠴᠠᠭ ᠨᠢ ᠲᠤᠯᠪᠠᠯ ᠴᠢᠭᠯᠡᠭᠡᠳ ᠢᠷᠡᠴᠢᠬᠦ ᠶᠤᠮ ᠭᠡᠵᠦ ᠬᠦᠤᠷᠨᠢᠵᠡᠢ᠃ ᠵᠠᠶᠠᠭᠠᠬᠦᠦ᠄ | — ᠤᠷᠴᠢᠮ ᠨᠢᠭᠡ ᠬᠡᠤᠬᠡᠨ ᠲᠠᠢ ᠬᠡᠯᠡᠯᠴᠡᠵᠦ ᠪᠠᠶᠢᠨ᠎ᠠ᠃ ᠠᠷᠠᠢ ᠴᠤ ᠪᠠᠭ᠎ᠠ ᠶᠤᠮ ᠤᠤ ᠭᠡᠵᠦ ᠪᠤᠳᠤᠬᠤ ᠶᠤᠮ᠃ ᠶᠠᠷᠢᠭᠠᠳ ᠯᠡ ᠪᠠᠶᠢᠬᠤᠯᠠᠷ ᠪᠠᠰᠠ | ᠰᠡᠤᠠᠬᠢᠯ ᠬᠦᠳᠡᠯᠴᠢᠬᠦ ᠶᠤᠮ ᠪᠢᠯᠡ᠃ ᠮᠤᠷᠢᠳᠠᠢ ᠬᠦᠮᠦᠨ ᠪᠠᠭᠤᠵᠤ ᠦᠵᠡᠮᠡᠷ ᠶᠠᠪᠠᠭᠠᠨ ᠬᠦᠮᠦᠨ ᠰᠠᠭᠤᠵᠤ ᠰᠤᠨᠢᠷᠬᠠᠮᠠᠷ ᠬᠡᠤᠬᠡᠨ ᠰᠢᠤ ︽ᠰᠦᠳᠦ ᠭᠡᠭᠦᠦ ᠶᠢᠨ | ᠤᠨᠠᠭ᠎ᠠ ᠰᠠᠶᠢᠨ ᠬᠦᠮᠦᠨ ᠤ ᠦᠷ᠎ᠡ︾ ᠭᠡᠳᠡᠭ ᠶᠠᠭ ᠮᠦᠨ᠃ ᠪᠢ ᠴᠢᠨᠢ ᠨᠤᠳᠤᠭ ᠤᠨ ᠢᠶᠠᠨ ᠬᠠᠷ᠎ᠠ ᠲᠠᠢ ᠲᠤᠯᠤᠭᠠᠢ ᠬᠤᠯᠪᠤᠵᠤ ᠨᠠᠰᠤ ᠪᠠᠨ ᠪᠠᠷᠠᠭᠠᠬᠤ ᠨᠢ ᠭᠡᠵᠦ | ᠵᠤᠪᠠᠳᠠᠭ᠃ ᠰᠠᠶᠢᠬᠠᠨ ᠬᠡᠤᠬᠡᠨ ᠲᠤᠬᠢᠶᠠᠯᠳᠤᠬᠤ ᠦᠭᠡᠢ ᠨᠢ ᠭᠡᠳ ᠰᠠᠨᠠᠭ᠎ᠠ ᠪᠠᠷ ᠤᠨᠠᠬᠤ ᠰᠢᠬᠠᠯ᠎ᠠ᠃ ᠰᠡᠭᠦᠳᠡᠷ ᠢ ᠨᠢ ᠦᠵᠡ ᠭᠡᠳ ᠭᠠᠷ ᠬᠦᠯ ᠢᠶᠠᠨ | ᠲᠡᠷᠪᠡᠯᠵᠢᠭᠦᠯᠦᠨ ᠰᠠᠪᠠᠵᠤ ᠤᠨᠠᠨ ᠬᠥᠭᠦᠷᠬᠦ ᠨᠢ ᠶᠠᠭ ᠯᠡ ᠲᠡᠭᠷᠢ ᠶᠢᠨ ᠤᠮᠠᠳᠠᠭ ᠠᠤᠠᠬᠤᠴᠢᠬᠠᠭᠰᠠᠨ ᠶᠤᠮ ᠰᠢᠭ᠋ ᠬᠦᠭᠰᠡᠨᠡ᠃ ᠵᠠᠶᠠᠭᠠᠬᠦᠦ ︽ᠰᠡᠭᠦᠳᠡᠷ ᠢ | ᠦᠵᠡᠮᠡᠭᠴᠡ ᠮᠢᠨᠤ ᠡᠮᠦᠨ᠎ᠡ ᠠᠴᠠ ᠲᠡᠭᠷᠢ ᠭᠠᠵᠠᠷ ᠦᠭᠡᠢ ᠪᠠᠶᠠᠷᠯᠠᠬᠤ ᠪᠤᠢ︾ ᠭᠡᠮᠡᠨ ᠪᠤᠳᠤᠭᠰᠠᠨ ᠨᠢ ᠲᠠᠯᠠᠭᠠᠷ ᠪᠤᠯᠵᠠᠢ᠃ ᠪᠤᠷᠤᠬᠡᠤᠬᠡᠨ ᠪᠠᠷᠢᠭᠰᠠᠨ ᠴᠤ ᠦᠭᠡᠢ | ᠰᠢᠷᠪᠢᠵᠦ ᠠᠪᠤᠭᠰᠠᠨ ᠢᠶᠠᠨ᠄ | — ᠡᠨᠡ ᠡᠳ᠋ ᠴᠢᠨᠢ ᠬᠦᠭᠰᠢᠨ ᠢ ᠵᠠᠯᠠᠭᠤᠵᠢᠭᠤᠯᠵᠤ ᠴᠢᠳᠠᠨ᠎ᠠ᠃ ᠵᠠᠯᠠᠭᠤ ᠬᠦᠮᠦᠨ ᠢ ᠬᠦᠭᠰᠢᠨ ᠪᠤᠯᠭᠠᠵᠤ ᠴᠤ ᠲᠡᠶᠢᠯᠤᠨ᠎ᠠ᠃ ᠥᠩᠭᠡᠷᠡᠭᠰᠡᠨ ᠬᠦᠮᠦᠨ ᠢ | ᠴᠤ ᠠᠮᠢᠯᠠᠭᠤᠯᠤᠮᠠᠷ ᠶᠤᠮ ᠴᠢᠨᠢ᠃ ᠮᠡᠬᠡᠯᠡᠭᠳᠡᠴᠢᠬᠦ ᠪᠤᠢ ᠬᠢᠴᠢᠶᠡᠭᠡᠷᠡᠢ ᠲᠡᠭᠦᠦ ᠮᠢᠨᠢ︕ ︽ᠨᠢᠭᠤᠷ ᠢ ᠨᠢ ᠦᠵᠡᠪᠡᠯ ᠨᠡᠷ᠎ᠡ ᠶᠢ ᠨᠢ ᠪᠤᠤ ᠠᠰᠠᠭᠤ︾ ᠭᠡᠰᠡᠨ | ᠬᠠᠭᠤᠴᠢ ᠦᠭᠡ ᠤᠷᠤ ᠪᠤᠢ ᠠᠭᠤᠯᠵᠠᠭᠠᠳ ᠰᠠᠶᠢᠨ ᠤᠶᠢᠯᠭᠠᠵᠦ ᠠᠪ︕ ᠭᠡᠵᠦ ᠵᠠᠬᠢᠯ᠎ᠠ᠃ ᠨᠡᠷ᠎ᠡ ᠪᠠᠨ ᠴᠤ ᠮᠠᠷᠳᠠᠮᠠᠷ ᠵᠠᠶᠠᠭᠠᠬᠦᠦ᠄ | — ᠡᠭᠡᠴᠢ ᠨᠠᠳᠠ ᠶᠢ ᠭᠤᠷᠪᠠᠨ ᠨᠠᠰᠤᠳᠠᠢ ᠬᠡᠤᠬᠡᠳ ᠢᠶᠠᠷ ᠦᠵᠡᠵᠦ ᠪᠤᠢ ᠤᠤ︖ ︿︽ᠭᠤᠷᠪᠠᠨ ᠤᠯᠤᠰ ᠤᠨ ᠦᠯᠢᠭᠡᠷ︾᠂ ︽ᠬᠦᠬᠡ ᠰᠤᠳᠤᠷ︾ ᠭᠡᠬᠦ | ᠮᠡᠳᠦ ᠶᠢᠨ ᠲᠡᠤᠬᠡᠨ ᠨᠤᠮ ᠢ ᠴᠡᠭᠡᠵᠢᠯᠡᠳᠡᠯᠡ ᠪᠠᠨ ᠤᠩᠰᠢᠭᠰᠠᠨ ᠰᠢᠤ᠃ ᠲᠡᠷᠢᠬᠢ ᠡᠷᠬᠢᠭᠦᠯᠪᠡᠯ ᠮᠢᠨᠤ ᠴᠠᠭᠠᠨ᠎ᠠ ᠭᠠᠷᠬᠤ ᠬᠦᠮᠦᠨ ᠬᠤᠪᠤᠷ ᠪᠤᠢ ᠭᠡᠳ ᠭᠤᠶ᠎ᠠ ᠪᠠᠨ | ᠠᠯᠠᠭᠠᠳᠠᠨ᠎ᠠ᠃ ᠰᠢᠪᠦᠭᠡ ᠪᠠᠷ ᠴᠢᠴᠢᠭᠰᠡᠨ ᠰᠢᠭ ᠭᠠᠰ ᠭᠤᠰ ᠢᠨᠢᠶᠡᠨ᠎ᠡ᠃ ᠪᠤᠷᠤᠬᠡᠤᠬᠡᠨ ᠵᠤᠷᠢᠭ ᠡᠰᠡ ᠰᠢᠠᠳᠠᠷᠠᠨ᠄ | — ᠶᠠᠭᠤ ᠴᠤ ᠭᠡᠰᠡᠨ ᠬᠡᠷᠰᠡᠤᠯᠡᠭᠰᠡᠨ ᠨᠢ ᠲᠡᠭᠡᠷ᠎ᠡ ᠪᠠᠶᠢᠬᠤ ᠡ ᠡᠵᠢ ᠢᠶᠠᠨ ᠢᠯᠡᠭᠦᠦ ᠰᠢᠭ ᠪᠤᠳᠤᠭᠠᠷᠠᠢ︕ ︽ᠡᠳᠦᠷ ᠤᠨ ᠤᠯᠤᠭᠰᠠᠨ ᠢ ᠥᠷᠯᠥᠭᠡ︾ | ᠭᠡᠰᠡᠨ ᠦᠭᠡ ᠶᠢ ᠴᠡᠭᠡᠵᠢᠯᠡᠵᠦ ᠪᠠᠶᠢᠪᠠᠯ ᠢᠯᠡᠭᠦᠳᠡᠬᠦ ᠪᠠᠷ ᠦᠭᠡᠢ ᠭᠡᠵᠦ ᠰᠤᠷᠭᠠᠨ᠎ᠠ᠃ ᠵᠠᠶᠠᠭᠠᠬᠦᠦ᠄ | — ᠶᠠᠭᠤ ᠭᠡᠰᠡᠨ ᠦᠭᠡ ᠪᠤᠢ︖ ︽ᠬᠡᠷᠰᠡᠦ ᠨᠢ ᠬᠡᠳᠦᠷᠡᠪᠡᠯ ᠪᠡᠷᠰᠡᠭᠦᠦ︾ ᠪᠤᠯᠤᠨ᠎ᠠ ᠭᠡᠳᠡᠭᠴᠢᠯᠡᠨ ᠲᠠ ᠮᠥᠨ ᠲᠡᠭᠡᠭᠡᠳ ᠬᠢᠴᠢᠶᠡᠭᠰᠡᠭᠡᠷ ᠪᠠᠶᠢᠳᠠᠯ᠎ᠠ | ᠭᠤᠴᠢ ᠭᠠᠷᠴᠤ ᠭᠤᠷᠪᠠ ᠨᠤᠭᠤᠷᠠᠳᠠᠯᠠ ᠪᠠᠨ ᠭᠤᠤᠨᠢ ᠪᠡᠶ᠎ᠡ ᠭᠤᠵᠤᠩ ᠲᠤᠯᠤᠭᠠᠶᠢᠯᠠᠭᠠᠳ᠂ ᠰᠢᠯᠢᠵᠦ ᠰᠢᠯᠢᠵᠦ ᠰᠢᠯᠢᠭᠡᠪᠤᠷᠢ ᠲᠡᠭᠡᠷ᠎ᠡ ᠨᠢ ᠭᠡᠭᠴᠢ ᠪᠤᠯᠬᠤ ᠪᠤᠢ︕ | ᠮᠠᠨ ᠤ ᠡᠵᠢ ᠨᠢᠭᠡ ᠨᠠᠰᠤ ᠭᠠᠭᠴᠠᠭᠠᠷ ᠢᠶᠠᠨ ᠦᠵᠡᠳᠡᠭ ᠦᠭᠡᠢ ᠪᠠᠨ ᠦᠵᠡᠵᠦ ᠦᠬᠡᠷ ᠴᠠᠮ ᠢᠶᠠᠨ ᠬᠠᠷᠠᠶᠢᠭᠰᠠᠨ ᠡ᠃ ᠰᠠᠶᠢᠬᠠᠨ ᠪᠦᠰᠡᠭᠦᠢ ᠠᠪᠴᠢᠷᠠᠭᠠᠳ ᠡᠵᠢ | ᠪᠠᠨ ᠵᠢᠷᠭᠠᠭᠤᠯᠤᠨ᠎ᠠ ᠭᠡᠳ ᠰᠤᠴᠢᠳᠠᠯ᠎ᠠ ᠰᠢᠷᠡᠭᠡ ᠠᠯᠠᠭᠠᠳᠠᠵᠦ᠂ ᠲᠤᠬᠤ ᠪᠠᠨ ᠨᠢᠳᠡᠷᠡᠨ ᠪᠠᠷᠢᠬᠤ ᠲᠠᠯᠪᠢᠬᠤ ᠪᠠᠨ ᠡᠰᠡ ᠤᠯᠤᠨ᠎ᠠ᠃ ︽ᠮᠠᠭᠠᠰᠤ ᠬᠡᠤᠬᠡᠳ ᠢᠶᠠᠷ | ᠢᠶᠠᠨ ᠪᠠᠶᠢᠨ᠎ᠠ︾ ᠬᠡᠮᠡᠨ ᠪᠤᠳᠤᠭᠰᠠᠨ ᠪᠤᠷᠤᠬᠡᠤᠬᠡᠨ ᠴᠠᠢ ᠪᠠᠨ ᠤᠭᠤᠴᠢᠯᠠᠨᠠ᠃ | ᠨᠢᠰᠤᠴᠢᠬᠡᠮᠡᠷ ᠶᠠᠭᠠᠷᠠᠭᠰᠠᠨ ᠵᠠᠶᠠᠭᠠᠬᠦᠦ ᠪᠠᠯᠭᠠᠰᠤᠨ ᠳᠤ ᠬᠦᠷᠴᠦ ᠡᠮᠡᠭᠳᠠᠢ ᠨᠠᠶᠢᠵᠠ ᠲᠠᠢ ᠪᠠᠨ ᠵᠤᠯᠭᠠᠨ᠎ᠠ᠃ ᠭᠠᠷ ᠬᠦᠷᠭᠡᠮᠡᠷ ᠦᠭᠡᠢ ᠴᠡᠮᠴᠡᠭᠡᠷ ᠬᠡᠤᠬᠡᠨ | ᠲᠤᠭᠯᠠᠭᠴᠢ ᠰᠢᠭ᠋ ᠬᠠᠷᠠᠭᠳᠠᠨ᠎ᠠ᠃ ᠬᠤᠶᠠᠭᠤᠯᠠ ᠪᠤᠳᠠᠭ᠎ᠠ ᠢᠳᠡᠴᠢᠬᠡᠭᠡᠳ ︽ᠺᠢᠨᠤ᠋ ᠦᠵᠡᠶ᠎ᠡ︾ ᠭᠡᠰᠡᠨ ᠴᠢᠨᠢ ᠬᠡᠤᠬᠡᠨ ᠵᠦᠪᠰᠢᠶᠡᠷᠡᠭᠰᠡᠨ ᠦᠭᠡᠢ᠃ ᠪᠠᠷᠢᠭᠠᠳ | ᠲᠠᠯᠪᠢᠭᠰᠠᠨ ᠪᠠᠯᠢᠩ ᠰᠢᠭ ᠵᠠᠯᠠᠭᠤ ᠳᠤ ᠤᠷᠮ᠎ᠠ ᠬᠤᠭᠤᠷᠠᠨ ᠬᠡᠰᠡᠭ ᠬᠤᠭᠤᠴᠠᠭ᠎ᠠ ᠬᠠᠷᠢᠴᠠᠭᠰᠠᠨ ᠦᠭᠡᠢ᠂᠃ ᠬᠤᠶᠠᠳᠡᠬᠢ ᠤᠳᠠᠭ᠎ᠠ ᠤᠴᠠᠷᠠᠭᠰᠠᠨ ᠵᠠᠶᠠᠭᠠᠬᠦᠦ ᠮᠠᠰᠢᠨ | ᠬᠦᠮᠦᠨ ᠰᠢᠭ ᠬᠡᠤᠬᠡᠨ ᠤ ᠠᠶ᠎ᠠ ᠪᠠᠷ ︽ᠪᠢ ᠴᠢᠨᠢ ᠬᠠᠩᠭᠢ ᠡᠷ᠎ᠡ ᠬᠦᠮᠦᠨ ᠡ ᠬᠦ᠋︾ ᠭᠡᠰᠡᠨ ᠢᠶᠠᠨ ᠲᠠᠨᠢᠭᠤᠯᠵᠠᠢ᠃ ᠲᠤᠷᠠᠳᠤᠭᠰᠠᠨ ᠨᠦᠭᠦᠴᠡᠯ ᠢ ᠨᠢ ᠲᠠᠪᠠᠭᠤᠯᠤᠨ | ᠪᠡᠶᠡᠯᠡᠭᠦᠯᠬᠦ ᠪᠠᠷ ᠦᠭᠡ ᠶᠢ ᠨᠢ ᠭᠠᠵᠠᠷ ᠤᠨᠠᠭᠠᠯ ᠦᠭᠡᠢ ᠦᠯᠢᠭᠡᠷ ᠰᠤᠨᠤᠰᠤᠭ᠎ᠠ ᠬᠡᠤᠬᠡᠳ ᠰᠢᠭ ᠴᠢᠬᠢ ᠲᠠᠯᠪᠢᠨ᠎ᠠ᠃ ᠬᠡᠤᠬᠡᠨ᠄ | — ᠤᠷᠢᠳᠠᠪᠡᠷ ᠠᠵᠢᠯ ᠢᠶᠠᠨ ᠵᠢᠩᠬᠢᠯᠡ᠃ ᠦᠶ᠎ᠡ ᠶᠢᠨ ᠦᠶ᠎ᠡ ᠪᠠᠷ ᠢᠶᠠᠨ ᠮᠠᠯ ᠤᠨ ᠪᠦᠭᠰᠡ ᠲᠠᠭᠠᠨ᠎ᠠ ᠭᠡᠵᠢ ᠤᠤ ᠶᠠᠮᠠᠷ︕ ᠬᠤᠶᠠᠷ ᠵᠢᠯ ᠭᠡᠷ᠎ᠡ ᠪᠠᠷ | ᠠᠵᠢᠯᠯᠠᠪᠠᠯ ᠵᠢᠩᠬᠢᠯᠡᠴᠢᠬᠦ ᠶᠤᠮ ᠴᠢᠨᠢ︕ ᠨᠡᠭᠦᠷᠡᠰᠦ ᠵᠥᠭᠡᠭᠡᠵᠦ ᠭᠠᠷ ᠨᠢᠭᠤᠷ ᠢᠶᠠᠨ ᠬᠠᠷᠠᠯᠠᠭᠤᠯᠵᠤ ᠭᠠᠯ ᠲᠦᠯᠡᠬᠦ ᠬᠦᠮᠦᠨ ᠬᠡᠳᠤ ᠪᠠᠶᠢᠬᠤ ᠪᠢᠯᠡ ᠠᠰᠠᠷ ᠠᠪᠤᠨ᠎ᠠ᠃ | ᠥᠭᠡᠷ᠎ᠡ ᠶᠠᠭᠤ ᠶᠠᠭᠤ ᠠᠪᠬᠤ ᠶᠢ ᠠᠪᠤ ᠡᠵᠢ ᠮᠡᠳᠡᠨ᠎ᠡ︕ ᠭᠡᠰᠡᠨ ︽ᠮᠤᠬᠤᠷ ᠵᠠᠰᠠᠭ︾ ᠤᠨ ᠵᠠᠬᠢᠶ᠎ᠠ ᠬᠠᠭᠠᠨ ᠤ ᠵᠠᠷᠯᠢᠭ ᠠᠴᠠ ᠬᠠᠳᠠᠭᠤ ᠮᠥᠷᠳᠡᠭᠡᠨ ᠡᠷᠴᠢᠮ ᠲᠠᠢ | ᠪᠠᠭᠤᠪᠠ᠃ | ᠦᠷ᠎ᠡ ᠶᠢᠨ ᠢᠶᠠᠨ ᠲᠥᠯᠥᠭᠡ ᠦᠰᠦ ᠪᠠᠨ ᠲᠤᠭᠠᠯᠠᠬᠤ ᠠᠴᠠ ᠪᠤᠴᠠᠬᠤ ᠦᠭᠡᠢ ᠡᠵᠢ ᠬᠦᠮᠦᠨ ᠤ ᠨᠢᠭᠡ ᠪᠤᠯᠬᠤ ᠭᠡᠷᠡᠯᠮ᠎ᠠ ︽ᠲᠤᠷᠢᠭᠤᠨ ᠬᠠᠨᠢ ᠪᠠᠷ᠎ᠠ ᠲᠠᠢ | ᠪᠤᠯᠬᠤ ᠨᠢ ……︾ ᠭᠡᠵᠦ ᠬᠦᠯ ᠨᠢ ᠭᠠᠵᠠᠷ ᠬᠦᠷᠬᠦ ᠦᠭᠡᠢ ᠪᠠᠶᠠᠷᠯᠠᠪᠠᠴᠤ ᠢᠨᠢᠶᠡᠳᠤ ᠲᠤᠭᠯᠠᠭᠤᠯᠵᠤ ᠴᠢᠳᠠᠬᠤ ᠦᠭᠡᠢ ᠪᠠᠶᠢᠯ᠎ᠠ᠃ ᠬᠡᠳᠤᠨ ᠠᠷᠪᠠᠨ ᠲᠦᠮᠡᠨ | ᠲᠦᠭᠦᠷᠢᠭ ᠭᠠᠷᠭᠠᠨ᠎ᠠ ᠭᠡᠭᠴᠢ ᠡᠩ ᠤᠨ ᠨᠢᠭᠡᠨ ᠮᠠᠯᠴᠢᠨ ᠪᠦᠰᠡᠭᠦᠢ ᠳᠤ ᠠᠪᠴᠤ ᠬᠡᠯᠡᠪᠡᠯ ᠨᠠᠭᠠᠳᠤᠮ ᠪᠢᠰᠢ᠃ ᠰᠢᠳᠤ ᠪᠠᠨ ᠵᠠᠭᠤᠵᠤ ᠪᠠᠶᠢᠭᠠᠳ ᠴᠤ ᠭᠡᠰᠡᠨ | ᠭᠦᠢᠴᠡᠤᠠᠭᠡᠬᠦ ᠪᠠᠷ ᠮᠡᠷᠡᠶᠢᠨ᠎ᠡ᠃ ᠬᠤᠶᠠᠷ ᠵᠠᠭᠤ ᠭᠠᠷᠦᠢ ᠪᠤᠭ ᠮᠠᠯ᠃ ᠲᠦᠴᠢᠭᠡᠳ ᠠᠳᠤᠭᠤ᠂ ᠬᠤᠷᠢᠭᠠᠳ ᠦᠬᠡᠷ ᠢᠶᠠᠨ ᠠᠷᠢᠯᠵᠢᠶᠠᠯᠠᠭᠰᠠᠨ ᠴᠤ ᠬᠦᠷᠬᠦ ᠶᠤᠮ ᠪᠢᠰᠢ | ᠃ ᠪᠡᠯᠴᠢᠭᠡᠷ ᠢᠶᠠᠨ ᠲᠦᠷᠢᠶᠡᠰᠦᠯᠡᠬᠦ ᠪᠠᠷ ᠰᠠᠢᠤᠠᠴᠤ᠂ ᠲᠦᠷᠦᠯ ᠰᠠᠳᠤᠨ ᠠᠬ᠎ᠠ ᠡᠭᠡᠴᠢ ᠲᠡᠭᠦᠦ ᠠᠴᠠ ᠪᠠᠨ ᠪᠠᠳᠢᠷ ᠪᠠᠷᠢᠯ᠎ᠠ᠃ | — ᠠᠭᠤᠯᠠ ᠶᠢᠨ ᠪᠤᠭᠤ ᠦᠵᠡᠭᠡᠳ ᠤᠨᠤᠭᠰᠠᠨ ᠪᠤᠬ᠎ᠠ ᠪᠠᠨ ᠬᠠᠶᠠᠨ᠎ᠠ ᠭᠡᠳᠡᠭᠴᠢᠯᠡᠨ ᠲᠡᠶᠢᠮᠦ ᠳᠡᠭᠡᠨ ᠮᠤᠩᠭᠤᠯ ᠬᠡᠤᠬᠡᠨᠴᠤᠳ ᠢᠶᠠᠨ ᠬᠠᠷᠢ ᠦᠠᠳᠦᠰᠦᠳᠡᠨ | ᠳᠤ ᠮᠤᠷᠳᠠᠭᠤᠯᠵᠤ ᠪᠤᠢ᠃ | — ᠲᠡᠬᠢᠮ ᠳᠤ ᠬᠦᠷᠬᠦ ᠦᠭᠡᠢ ᠭᠠᠷ ᠢᠶᠠᠨ ᠲᠡᠭᠷᠢ ᠥᠭᠡᠳᠡ ᠰᠠᠷᠪᠠᠶᠢᠬᠤ ᠶᠤᠮ ……ᠭᠡᠵᠦ ᠪᠤᠷᠤᠭᠤᠤᠠᠬᠠᠭᠰᠠᠨ ᠬᠦᠮᠦᠨ ᠠᠷᠪᠢᠨ ᠪᠠᠶᠢᠭᠰᠠᠨ ᠠᠴᠠ | ᠵᠤᠭᠤᠰ ᠢᠪᠢᠯᠥᠭᠰᠡᠨ ᠨᠢ ᠲᠤᠩ ᠴᠤ ᠴᠦᠬᠡᠨ ᠤᠴᠢᠷ ᠲᠠᠢ ᠪᠤᠯ ᠤᠷᠭᠤᠭᠠᠳ ᠭᠠᠷᠳᠠᠭ ᠪᠤᠷᠤᠬᠡᠤᠬᠡᠨ ᠢ ᠴᠢᠷᠠᠶᠢᠯᠠᠬᠤ ᠳᠤᠨᠢ ᠭᠠᠵᠠᠷ ᠠᠯᠠᠭᠠᠳᠠᠭᠤᠯᠤᠭᠰᠠᠨ ᠦᠭᠡᠢ᠃ | ᠭᠡᠷᠡᠯᠮ᠎ᠠ ᠬᠦᠯ ᠤᠨ ᠲᠠᠪᠠᠭ ᠢᠶᠠᠨ ᠬᠠᠪᠤᠤᠠᠳᠠᠯᠠ ᠭᠦᠶᠤᠯᠡ᠃ | ᠠᠰᠠᠷ ᠲᠠᠭᠳᠤ ᠠᠴᠠ ᠠᠪᠤᠭᠠᠳ ᠲᠤᠬᠢᠯᠢᠭ ᠵᠠᠰᠠᠴᠢᠬᠠᠯᠠ᠃ ᠡᠳ᠋ᠯᠠᠯ ᠬᠡᠷᠡᠭᠰᠡᠯ ᠴᠤ ᠭᠡᠷ ᠲᠦᠭᠦᠷᠡᠩ ᠤᠷᠤᠨ ᠪᠠᠶᠢᠷᠢᠨ ᠳᠠᠭᠠᠨ ᠦᠵᠡᠮᠦᠷᠢ ᠲᠠᠢ | ᠰᠠᠭᠠᠳᠠᠴᠢᠬᠠᠯᠠ᠃ ᠲᠤᠭᠠᠯᠠᠳᠠᠭ ᠶᠠᠭᠤᠮ᠎ᠠ ᠨᠢ ᠪᠠᠶᠢᠪᠠᠯ ᠶᠠᠭᠤ ᠪᠠᠷ ᠴᠤ ᠪᠡᠯᠡᠨ ᠨᠠᠶᠢᠭᠡᠮ ᠪᠤᠯᠬᠤᠷ ᠭᠡᠷᠡᠯᠮ᠎ᠠ ︽ᠪᠡᠷᠢ︾ ᠶᠢᠨ ᠪᠠᠨ ᠬᠦᠰᠡᠯ ᠢ ᠬᠦᠰᠡᠷᠳᠡᠭᠦᠯᠬᠦ ᠦᠭᠡᠢ | ᠃ ᠵᠠᠶᠠᠭᠠᠬᠦᠦ ᠶᠢᠨ ᠭᠡᠷ᠎ᠡ ᠪᠠᠷ ᠬᠢᠵᠦ ᠪᠠᠶᠢᠭᠰᠠᠨ ᠠᠵᠢᠯ ᠨᠢ ᠴᠤ ᠲᠦᠷᠦ ᠶᠢᠨ ᠪᠤᠳᠤᠯᠭ᠎ᠠ ᠶᠢᠨ ᠰᠠᠶᠢᠨ ᠢᠶᠠᠷ ᠵᠢᠩᠬᠢᠨᠢᠴᠢᠬᠡᠯᠡ᠃ ᠦᠰᠤ ᠠᠴᠠ ᠪᠠᠨ ᠠᠷᠪᠢᠨ ᠦᠷᠢ | ᠪᠠᠨ ᠪᠦᠭᠯᠡᠬᠦ ᠪᠠᠷ ᠭᠡᠷᠡᠯᠮ᠎ᠠ ︽ᠲᠠᠯᠠᠢ ᠳᠤ ᠲᠤᠰᠤᠯ ᠨᠡᠮᠡᠷᠢ︾ ᠭᠡᠵᠦ ᠵᠡᠭᠡᠯᠢ ᠴᠡᠪᠡᠷᠯᠡᠨ ᠬᠠᠶᠠᠭᠳᠠᠮᠠᠯ ᠡᠳ᠋ ᠴᠤᠭᠯᠠᠭᠤᠯᠤᠨ ᠬᠤᠶᠠᠷ ᠵᠤᠭᠤᠰ ᠪᠤᠯᠭᠠᠬᠤ ᠪᠠᠷ ᠪᠤᠷᠪᠢ | ᠨᠤᠭᠤᠷᠠᠯ ᠦᠭᠡᠢ ᠵᠢᠷᠤᠭᠠᠯᠠᠨ᠎ᠠ᠃ ᠮᠠᠩᠨᠠᠢ ᠨᠢ ᠭᠦᠢᠴᠡᠳ ᠲᠡᠨᠡᠶᠢᠵᠦ ᠲᠡᠶᠢᠯᠦᠭᠰᠡᠨ ᠦᠭᠡᠢ᠃ ︽ᠬᠤᠳᠠ ᠪᠠᠨ ᠬᠠᠷᠠᠯᠠᠭᠤᠯᠤᠨᠠ ᠭᠡᠭᠴᠢ ᠨᠠᠳᠠ ᠪᠤᠯᠵᠠᠢ︾ ᠭᠡᠮᠡᠨ | ᠬᠠᠨᠴᠤᠢ ᠪᠠᠷ ᠢᠶᠠᠨ ᠨᠢᠯᠪᠤᠰᠤ ᠪᠠᠨ ᠵᠦᠯᠭᠦᠬᠦ ᠪᠦᠷᠢ ᠵᠢᠷᠦᠬᠡ ᠨᠢ ᠰᠢᠮᠰᠢᠷᠡᠨ᠎ᠡ᠃ ᠬᠡᠳᠦᠨ ᠱᠦᠯᠦᠨ ᠤ ᠬᠤᠨᠢ᠂ ᠬᠠᠯᠳᠠᠷ ᠨᠤᠬᠠᠢ ᠰᠢᠷ᠎ᠠ ᠮᠤᠤᠷ ᠢᠶᠠᠨ ᠪᠤᠷᠤᠬᠡᠤᠬᠡᠨ | ᠤ ᠳᠤ ᠠᠪᠠᠴᠢᠵᠠᠢ᠃ ᠨᠤᠬᠠᠢ ᠨᠢ ᠡᠳᠦᠷ ᠤᠨ ᠨᠢᠭᠡ ᠡᠪᠤᠯᠵᠢᠶ᠎ᠡ ᠪᠠᠨ ᠡᠷᠬᠢᠨ ᠲᠦᠷᠢᠶᠡᠰᠦᠯᠡᠭᠰᠡᠨ ᠬᠦᠮᠦᠨ ᠢᠶᠠᠷ ᠬᠠᠷᠢᠶᠠᠭᠳᠠᠨ ᠵᠤᠳᠤᠭᠳᠤᠨ ᠶᠠᠪᠤᠭᠰᠠᠭᠠᠷ ᠪᠠᠶᠢᠭᠠᠳ | ᠴᠦᠬᠦᠷᠡᠵᠦ᠂ ᠰᠢᠨ᠎ᠡ ᠠᠶᠢᠯ ᠤᠨ ᠢᠶᠠᠨ ᠬᠤᠷᠤᠭᠠᠨ ᠤ ᠪᠤᠯᠤᠩ ᠳᠤ ᠨᠤᠭᠤᠷᠠᠨ ᠬᠡᠪᠳᠡᠨ᠎ᠡ᠃ ᠮᠤᠤᠷ ᠨᠢ ᠴᠤ ᠰᠠᠶᠢᠨ ᠢ ᠢᠳᠡᠭᠰᠡᠨ ᠪᠤᠯᠪᠠᠴᠤ ᠡᠵᠡᠨ ᠢᠶᠠᠨ | ᠦᠭᠡᠶᠢᠯᠡᠨ ᠤᠶᠠᠷᠠᠯᠳᠠᠢ ᠪᠠᠷᠬᠢᠷᠠᠨ᠎ᠠ᠃ ᠪᠤᠷᠤᠬᠡᠤᠬᠡᠨ ᠦᠪᠡᠷ ᠤᠨ ᠮᠤᠤᠷ ᠨᠤᠬᠠᠢ ᠪᠠᠨ ︽ᠪᠢᠳᠡᠭᠡᠢ ᠭᠠᠳᠠᠭᠤᠷᠴᠢᠯᠠᠭᠠᠳ ᠪᠠᠢ︕︾ ᠭᠡᠳ ᠠᠬᠢᠨ ᠲᠠᠬᠢᠨ ᠶᠠᠩᠰᠢᠨ᠎ᠠ | ᠃ ᠡᠳᠦᠷ ᠤᠨ ᠤᠳᠠᠭᠠᠨ ᠳᠠᠭᠠᠨ ᠬᠤᠶᠠᠷ ᠠᠶᠢᠯ ᠤᠨ ᠮᠤᠤᠷ ᠨᠤᠬᠠᠢ ᠲᠠᠰᠤᠯᠴᠠᠭᠰᠠᠨ ᠪᠤᠯᠪᠠᠴᠤ ᠰᠠᠨᠠᠭ᠎ᠠ ᠠᠯᠳᠠᠬᠤ ᠵᠠᠩ ᠢᠶᠠᠨ ᠦᠯᠦ ᠤᠷᠬᠢᠨ᠎ᠠ᠃ | ᠡᠳᠦᠷ ᠰᠠᠷ᠎ᠠ ᠭᠦᠢᠴᠡᠭᠳᠡᠬᠦ ᠦᠭᠡᠢ ᠥᠩᠭᠡᠷᠡᠭᠰᠡᠭᠡᠷ᠃ ᠨᠢᠭᠡ ᠮᠡᠳᠡᠬᠦ ᠳᠤ ᠵᠠᠶᠠᠭᠠᠬᠦᠦ ᠤᠷᠢᠯᠭ᠎ᠠ ᠪᠠᠨ ᠲᠠᠷᠬᠠᠭᠠᠨ᠎ᠠ᠃ ᠡᠵᠡᠨ ᠢᠶᠠᠨ ᠲᠠᠨᠢᠭᠰᠠᠨ ᠮᠤᠤᠷ ᠨᠤᠬᠠᠢ | ᠨᠢ ︽ᠭᠡᠷ ᠲᠡᠭᠡᠨ ᠬᠠᠷᠢᠶ᠎ᠠ︾ ᠭᠡᠰᠡᠨ ᠰᠢᠭ ᠨᠤᠤᠷᠤᠯᠳᠤᠨ ᠠᠷᠪᠢᠨ ᠦᠭᠡ ᠶᠠᠷᠢᠴᠢᠬᠠᠮᠠᠷ ᠠᠭᠠᠰᠢ ᠦᠵᠡᠭᠦᠯᠦᠨ᠎ᠡ᠃ | — ᠬᠤᠳᠠ ᠶᠢᠨ ᠶᠠᠪᠤᠳᠠᠯ ᠬᠦᠮᠦᠨ ᠤ ᠰᠠᠨᠠᠭ᠎ᠠ ᠪᠠᠷ ᠪᠤᠯᠳᠠᠭ ᠦᠭᠡᠢ ᠰᠢᠤ ᠭᠡᠵᠦ ᠶᠠᠭᠤ ᠨᠢᠭᠡ ᠶᠢ ᠰᠠᠨᠠᠭᠤᠯᠬᠤ ᠭᠡᠳ ᠪᠤᠷᠤᠬᠡᠤᠬᠡᠨ ᠬᠡᠯᠡ ᠳᠤ ᠤᠷᠤᠵᠤ | ᠪᠠᠶᠢᠭ᠎ᠠ ᠬᠡᠤᠬᠡᠳ ᠰᠢᠭ ᠲᠦᠭᠳᠡᠷᠡᠨᠡ᠃ | —ᠡᠭᠡᠴᠢ ᠶᠠᠭᠠᠬᠢᠭᠠᠳ ᠬᠠᠳᠠᠮ ᠡᠬᠡ ᠰᠢᠭ ᠶᠠᠩᠰᠢᠶ᠎ᠠ ᠪᠤᠯᠴᠢᠬᠠᠪᠠ ᠤᠤ︖ ᠨᠠᠳᠠ ᠲᠠᠤᠯᠠᠢ ᠵᠦᠪ ᠪᠤᠰᠴᠠᠢ᠃ ᠬᠤᠳᠠ ᠳᠤ ᠬᠦᠯ ᠲᠤᠭᠳᠠᠨᠢᠬᠤ | ᠬᠦᠰᠡᠯ ᠪᠡᠶᠡᠯᠡᠭᠳᠡᠵᠦ᠂ ᠤᠴᠢᠷ ᠦᠭᠡᠢ ᠬᠦᠭᠡᠷᠦᠬᠡᠨ ᠪᠦᠰᠡᠭᠦᠢ ᠠᠪᠴᠢᠬᠠᠯ᠎ᠠ᠃ ᠮᠢᠨᠦ ᠲᠥᠯᠥᠭᠡ ᠪᠠᠶᠠᠷᠯᠠᠬᠤ ᠦᠭᠡᠢ ᠮᠠᠭᠤ ᠢᠷᠸ᠎ᠠ ᠶᠢᠨ ᠦᠭᠡ ᠴᠤᠬᠤᠶᠢᠯᠭᠠᠬᠤ | ᠭᠡᠳ ᠪᠠᠶᠢᠳᠠᠭ ᠴᠢᠨᠢ᠃ ᠤᠯᠤᠰ ᠤᠨ ᠴᠠᠯᠢᠩ ᠲᠤᠰᠤᠭᠰᠠᠨ ᠶᠤᠮ ᠴᠢᠨᠢ ᠡᠵᠢ ᠪᠠᠨ ᠲᠡᠵᠢᠭᠡᠵᠦ᠂ ᠡᠬᠡᠨᠡᠷ ᠢᠶᠠᠨ ᠲᠡᠵᠢᠭᠡᠵᠦ ᠯᠠᠪᠳᠠᠢ ᠲᠡᠶᠢᠯᠦᠨ᠎ᠡ ᠭᠡᠵᠦ ᠬᠦᠭᠡᠷᠴᠦ | ᠪᠠᠶᠢᠪᠠ᠃ | ᠵᠢᠷᠤᠭ ᠵᠢᠷᠤᠬᠤ᠂ ᠲᠠᠭᠤᠤ ᠲᠠᠭᠤᠯᠠᠬᠤ᠂ ᠪᠦᠵᠢᠭ ᠦᠰᠦᠷᠬᠦ᠃ ᠬᠦᠭᠵᠢᠮᠳᠡᠬᠦ ᠵᠡᠷᠭᠡ ᠤᠨᠠᠭᠠᠨ ᠠᠪᠢᠶᠠᠰ ᠲᠠᠢ ᠵᠠᠶᠠᠭᠠᠬᠦᠦ ᠬᠦᠮᠦᠨ ᠢ ᠢᠨᠢᠶᠡᠯᠭᠡᠵᠦ ᠴᠤ | ᠴᠢᠳᠠᠨ᠎ᠠ᠃ ᠤᠬᠢᠯᠠᠭᠤᠯᠵᠤ ᠴᠤ ᠲᠡᠶᠢᠯᠦᠨ᠎ᠡ᠃ ᠬᠠᠷ᠎ᠠ ᠤᠰᠤᠨ ᠳᠤ ᠦᠷᠦᠮ᠎ᠡ ᠰᠠᠭᠤᠯᠠᠭᠠᠮᠠᠷ ᠶᠠᠷᠢᠴᠢᠬᠠᠳᠠᠭ ᠤᠪᠤᠤ ᠰᠠᠩᠬᠢᠨᠡᠭᠰᠡᠨ ᠡᠷ᠎ᠡ ᠪᠤᠯᠬᠤᠷ ᠬᠤᠷᠢᠮ ᠤᠨ | ᠶᠤᠰᠤᠯᠠᠯ ᠲᠡᠭᠡᠷ᠎ᠡ ᠪᠠᠨ ᠲᠡᠯᠡᠬᠡᠢ ᠶᠢᠨ ᠲᠤᠮᠤ ᠵᠦᠴᠦᠭᠡᠴᠢᠨ ᠰᠢᠭ ᠲᠤᠭᠯᠠᠵᠤ ᠪᠠᠶᠢᠯ᠎ᠠ᠃ | — ᠬᠦᠭᠡᠷᠦᠬᠦᠢ︕ ᠭᠠᠭᠴᠠ ᠪᠡᠶ᠎ᠡ ᠬᠦᠮᠦᠨ ᠦᠷ᠎ᠡ ᠶᠢᠨ ᠢᠶᠠᠨ ᠭᠠᠷ ᠢ ᠨᠢ ᠭᠠᠨᠵᠤᠭᠠᠨ ᠳᠤ ᠬᠦᠯ ᠢ ᠨᠢ ᠲᠦᠷᠦᠭᠡᠨ ᠳᠤ ᠬᠦᠷᠭᠡᠨ᠎ᠡ ᠭᠡᠳᠡᠭ ᠬᠢᠯᠪᠠᠷ | ᠪᠢᠰᠢ …… | — ᠰᠠᠨᠴᠢᠭ ᠤᠨ ᠦᠰᠦᠨ ᠳᠡᠭᠡᠨ ᠬᠢᠷᠠᠭᠤ ᠪᠠᠭᠤᠳᠠᠯ᠎ᠠ ᠱᠤᠭᠰᠢᠯᠠ᠃ ᠤᠳᠤ ᠯᠡ ᠨᠢᠭᠡ ᠵᠢᠷᠭᠠᠬᠤ ᠴᠠᠭ ᠨᠢ ᠨᠠᠰᠢᠯᠠᠵᠤ ᠪᠤᠢ ……ᠭᠡᠵᠡᠭᠡᠭᠰᠡᠨ ᠨᠤᠳᠤᠭ | ᠤᠰᠤᠨ ᠤ ᠬᠢᠨ ᠨᠢ ᠢᠷᠡᠵᠡᠭᠡᠵᠦ᠂ ᠬᠤᠭᠤᠯᠠ ᠭᠡᠷ ᠢ ᠡᠷᠭᠦᠴᠢᠬᠡᠮᠡᠷ ᠴᠤᠭᠯᠠᠷᠠᠵᠠᠢ᠃ ᠪᠤᠷᠤᠬᠡᠤᠬᠡᠨ ᠪᠤᠳᠤᠯ ᠢᠶᠠᠨ ᠵᠡᠬᠢᠷᠴᠦ ᠲᠡᠶᠢᠯᠬᠦ ᠦᠭᠡᠢ ᠰᠡᠤᠠᠬᠢᠯ ᠤᠨ ᠦᠭᠡ | ᠪᠠᠨ ᠶᠠᠷᠢᠬᠤ ᠭᠠᠵᠠᠷ ᠦᠭᠡᠢ ᠬᠤᠨᠳᠠᠭ᠎ᠠ ᠲᠠᠢ ᠪᠠᠨ ᠠᠷᠤ ᠠᠷᠤ ᠠᠴᠠ ᠨᠢ ᠬᠦᠨᠳᠦᠷᠡᠭᠦᠯᠦᠨ᠎ᠡ᠃ ᠬᠤᠷᠸ᠎ᠠ ᠲᠡᠭᠡᠷ᠎ᠡ ᠦᠷ᠎ᠡ ᠶᠢᠨ ᠢᠶᠠᠨ ᠰᠡᠤᠠᠬᠢᠯᠭᠡ ᠶᠢ ᠤᠶᠢᠯᠭᠠᠳᠠᠭ | ᠡᠵᠢ ᠨᠢ ᠬᠠᠭᠤᠷᠠᠢ ᠦᠬᠢᠨ ᠢᠶᠠᠨ ᠬᠠᠷᠠᠬᠤ ᠪᠦᠷᠢ ᠡᠯᠢᠭᠡ ᠨᠢ ᠡᠮᠳᠡᠷᠡᠵᠦ ᠤᠨᠳᠤᠷᠠᠬᠤ ᠭᠡᠵᠦ ᠪᠠᠶᠢᠭ᠎ᠠ ᠨᠢᠯᠪᠤᠰᠤ ᠪᠠᠨ ᠵᠠᠯᠬᠢᠨᠠ᠃ ᠵᠠᠶᠠᠭᠠᠬᠦᠦ ᠲᠠᠬᠢᠨᠢ | ᠪᠠᠭᠤᠯᠭᠠᠭᠰᠠᠨ ᠰᠢᠭ᠋ ᠰᠢᠷᠡᠭᠡ ᠲᠤᠭᠤᠷᠢᠨ ᠠᠷᠢᠬᠢ ᠪᠠᠷᠢᠬᠤ ᠳᠠᠭᠠᠨ ᠨᠢᠭᠤᠷ ᠲᠦᠭᠦᠷᠡᠩ ᠲᠤᠭᠯᠠᠭᠤᠯᠵᠤ᠂ ᠬᠡᠢ ᠨᠢ ᠶᠡᠬᠡᠳᠦᠭᠰᠡᠨ ᠪᠦᠮᠪᠦᠭᠡ ᠭᠡᠮᠡᠷ ᠲᠡᠭᠡᠷ᠎ᠡ ᠲᠡᠭᠡᠷ᠎ᠡ | ᠦᠰᠦᠷᠬᠢᠯᠡᠬᠦ ᠳᠤ ᠤᠶᠢᠷᠠᠬᠠᠨ ᠪᠠᠶᠢᠯ᠎ᠠ᠃ | ᠲᠦᠩᠬᠦᠷ ᠬᠤᠷᠢᠮ ᠢᠶᠠᠨ ᠬᠢᠭᠡᠳ ᠪᠠᠷᠠᠯ᠎ᠠ᠃ ᠲᠥᠷᠥᠯ ᠪᠤᠯᠤᠨ ᠠᠬ᠎ᠠ ᠲᠡᠭᠦᠦ ᠶᠢᠨ ᠢᠶᠠᠨ ᠠᠮᠠᠨ ᠢᠷᠦᠭᠡᠯ ᠢ ᠴᠤ ᠬᠦᠷᠳᠡᠭᠡᠳ ᠪᠠᠷᠠᠴᠢᠬᠠᠯ᠎ᠠ᠃ ︽ᠰᠢᠨ᠎ᠡ | ᠲᠡᠭᠡᠷ᠎ᠡ ᠰᠤᠬᠤᠯᠵᠠᠨᠠ ᠰᠢᠨ᠎ᠡ ᠪᠠᠨ ᠪᠠᠷᠠᠪᠠᠯ ᠶᠤᠬᠤᠯᠵᠠᠨᠠ︾ ᠭᠡᠳᠡᠭ ᠢᠶᠠᠷ ᠵᠠᠶᠠᠭᠠᠬᠦᠦ ᠬᠤᠶᠠᠭᠤᠯᠠ ᠪᠠᠨ ᠰᠢᠨ᠎ᠡ ᠬᠤᠨᠤᠬᠤ ᠲᠤᠳᠤᠮ ᠬᠡᠷᠡᠭᠦᠯ ᠨᠢ ᠠᠷᠪᠢᠤᠠᠴᠤ᠂ | ᠨᠢᠭᠡ ᠤᠷᠤᠨ ᠲᠡᠭᠡᠷ᠎ᠡ ᠤᠨᠳᠠᠬᠤ ᠨᠢ ᠴᠤ ᠴᠥᠬᠡᠷᠡᠵᠡᠢ᠃ ︽ᠪᠡᠷᠢ︾ ᠨᠢ ᠬᠠᠶᠠ ᠨᠢᠭᠡ ᠢᠷᠡᠮᠡᠭᠴᠡ᠄ | — ᠰᠠᠶᠢᠨ ᠶᠠ ᠮᠠᠭᠤ ᠶᠠ ᠤᠯᠤᠰ ᠤᠨ ᠠᠵᠢᠯᠴᠢᠨ ᠰᠢᠤ᠂ ᠡᠬᠡ ᠴᠢᠨᠢ ᠵᠡᠭᠡᠯᠢ ᠴᠡᠪᠡᠷᠯᠡᠨ ᠯᠠᠭ ᠲᠡᠭᠦᠭᠡᠳ ᠮᠠᠨᠤᠰ ᠤᠨ ᠨᠢᠭᠤᠷ ᠲᠤ ᠬᠦ᠋ ᠲᠦᠷᠬᠢᠵᠦ | ᠪᠠᠶᠢᠨ᠎ᠠ ᠭᠡᠳ ᠭᠠᠩ ᠤᠨ ᠲᠡᠭᠷᠢ ᠰᠢᠭ ᠲᠠᠴᠢᠬᠢᠨᠠᠯᠠ᠃ ᠭᠡᠷᠡᠯᠮ᠎ᠠ ᠲᠤᠭᠤᠭᠠᠨ ᠭᠡᠷ ᠲᠡᠭᠡᠨ ᠤᠯᠠᠭᠠᠨ ᠬᠤᠭᠤᠯᠠᠢ ᠤᠷᠤᠭᠤᠳᠠᠭᠤᠯᠬᠤ ᠶᠠᠭᠤᠮ᠎ᠠ ᠬᠢᠬᠦ ᠪᠠᠷ | ᠮᠤᠩᠬᠢᠭᠠᠨᠢᠵᠦ ᠪᠠᠶᠢᠭᠰᠠᠨ ᠲᠤᠯᠠ ᠲᠤᠪ ᠲᠤᠳᠤᠷᠬᠠᠢ ᠰᠤᠨᠤᠰᠤᠭᠰᠠᠨ ᠴᠤ ᠴᠢᠬᠢ ᠦᠭᠡᠢ ᠲᠤᠯᠤᠭᠠᠢ ᠰᠢᠭ᠋ ᠥᠩᠭᠡᠷᠡᠭᠡᠪᠡᠴᠦ ᠨᠢᠯᠪᠤᠰᠤ ᠨᠢ ᠥᠪᠡᠷ ᠤᠨ ᠡᠷᠬᠡ ᠦᠭᠡᠢ | ᠪᠦᠮᠪᠤᠷᠢᠨᠡ᠃ ᠵᠠᠶᠠᠭᠠᠬᠦᠦ᠄ | — ᠨᠠᠰᠤ ᠪᠠᠷ ᠢᠶᠠᠨ ᠠᠵᠢᠯ ᠬᠢᠵᠦ ᠰᠤᠷᠤᠭᠰᠠᠨ ᠬᠦᠮᠦᠨ ᠴᠢᠨᠢ᠂ ᠵᠦᠭᠡᠷ ᠰᠠᠭᠤᠬᠤ ᠠᠴᠠ ᠵᠦᠯᠭᠦᠵᠦ ᠰᠠᠭᠤᠨ᠎ᠠ ᠭᠡᠳᠡᠭ᠃ ᠬᠡᠤᠬᠡᠳ ᠠᠴᠠ ᠪᠠᠨ ᠭᠠᠷ | ᠲᠤᠰᠬᠤ ᠦᠭᠡᠢ ᠶᠢᠨ ᠲᠥᠯᠥᠭᠡ ᠰᠢᠳᠡ ᠃ ︽ ᠲᠤᠰᠤᠯ ᠬᠤᠷᠢᠶᠠᠪᠠᠯ ᠲᠠᠯᠠᠢ ᠪᠤᠯᠤᠨ᠎ᠠ ︾ ᠭᠡᠳᠡᠭ ᠪᠢᠰᠢᠤ ᠭᠡᠵᠦ ᠲᠤᠤᠷ᠎ᠡ ᠲᠠᠭᠤᠨ ᠢᠶᠠᠷ ᠭᠡᠵᠦ ᠰᠠᠨᠠᠭᠤᠯᠵᠠᠢ᠃ | ︽ᠪᠡᠷᠢ︾ ᠨᠢ᠄ | — ᠵᠠᠪᠠᠯ ᠬᠤᠳᠠ ᠵᠡᠭᠡᠯᠢ ᠲᠡᠭᠡᠷ᠎ᠡ ᠠᠵᠢᠯ ᠬᠢᠬᠦ ᠠᠯᠪᠠ ᠲᠠᠢ ᠤᠤ ︖ ᠬᠦᠳᠡᠭᠡ ᠶᠠᠪᠤᠵᠤ ᠪᠤᠯᠤᠨ᠎ᠠ ᠰᠢᠳᠡ᠃ ᠲᠠᠬᠢᠵᠦ ᠪᠢᠳᠡᠭᠡᠢ ᠪᠤᠳᠠᠭ᠎ᠠ ᠬᠢᠯᠭᠡ︕ | ᠭᠠᠷ ᠬᠤᠷᠤᠭᠤ ᠨᠢ ᠰᠠᠭᠠᠷᠢᠳᠦᠭᠠᠳ ᠦᠵᠡᠬᠦ ᠠᠴᠠ ᠤᠭᠰᠢᠭᠤ ᠬᠦᠷᠴᠤ᠂ ᠬᠢᠭᠰᠡᠨ ᠪᠤᠳᠠᠭ᠎ᠠ ᠨᠢ ᠠᠮᠳᠠ ᠰᠢᠮᠳᠡ ᠴᠤ ᠦᠭᠡᠢ ᠭᠡᠵᠦ ᠵᠠᠩᠳᠤᠷᠴᠠᠢ᠃ ᠬᠤᠶᠠᠷ | ᠬᠡᠤᠬᠡᠳ ᠲᠡᠭᠡᠨ ᠲᠠᠷᠤᠭᠠᠰᠤ ᠪᠤᠯᠬᠤ ᠡᠴᠠᠵᠢᠷᠦᠬᠡᠰᠢᠶᠡᠭᠰᠡᠨ ᠭᠡᠷᠡᠯᠮ᠎ᠠ ᠬᠠᠮᠢᠭ᠎ᠠ ᠤᠴᠢᠬᠤ ᠪᠠᠨ ᠤᠯᠬᠤ ᠦᠭᠡᠢ ᠭᠠᠴᠢᠭᠳᠠᠨ᠎ᠠ᠃ ᠵᠠᠶᠠᠭᠠᠬᠦᠦ ᠡᠵᠢ ᠶᠢᠨ ᠢᠶᠠᠨ | ᠲᠡᠷᠭᠡᠳᠡ ᠤᠴᠢᠵᠦ᠄ | — ᠭᠠᠷ ᠨᠢᠭᠤᠷ ᠢᠶᠠᠨ ᠰᠠᠶᠢᠨ ᠤᠬᠢᠶᠠᠵᠤ ᠴᠡᠪᠡᠷᠯᠡᠪᠡᠯ ᠶᠠᠭᠠᠬᠢᠳᠠᠭ ᠶᠤᠮ︕ ᠬᠤᠶᠢᠰᠢᠳᠠ ᠮᠠᠨ ᠤ ᠬᠤᠶᠠᠷ ᠬᠤᠭᠤᠯᠠ ᠬᠢᠶ᠎ᠡ᠂ ᠴᠡᠪᠡᠷᠬᠡᠨ ᠰᠢᠭ ᠭᠡᠷ | ᠲᠡᠭᠡᠨ ᠰᠠᠭᠤᠵᠤ ᠪᠠᠢ᠂ ᠮᠢᠨᠤ ᠴᠠᠯᠢᠩ ᠬᠦᠷᠴᠢᠬᠡᠨ᠎ᠡ ᠭᠡᠳ ᠦᠷᠦ ᠡᠪᠡᠤᠠᠬᠦ ᠪᠤᠷᠤᠭᠤᠰᠢᠶᠠᠬᠤ ᠶᠢᠨ ᠠᠯᠢ ᠨᠢᠭᠡ ᠪᠠᠷ ᠨᠢ ᠠᠶᠢᠯᠠᠤᠠᠬᠠᠵᠠᠢ᠃ ︽ᠪᠡᠷᠢ︾ ᠨᠢ ᠠᠷᠤ | ᠠᠴᠠ ᠨᠢ ᠢᠷᠡᠵᠦ᠄ | — ᠴᠢ ᠵᠤᠭᠤᠰ ᠬᠡᠪᠯᠡᠵᠦ ᠪᠠᠶᠢᠭ᠎ᠠ ᠤᠤ︖ ᠤᠰᠤ ᠴᠠᠬᠢᠯᠭᠠᠨ ᠤ ᠰᠤᠶᠢᠤᠠᠬᠡᠯ᠂ ᠲᠤᠯᠠᠭᠠᠪᠤᠷᠢ ᠶᠢᠨ ᠮᠦᠩᠭᠦ ᠭᠡᠳ ᠵᠠᠷᠤᠬᠤ ᠭᠠᠵᠠᠷ ᠪᠠᠶᠢᠬᠠᠯᠠ᠃ ᠡᠨᠡ | ᠨᠡᠭᠦᠷᠡᠰᠦᠳᠦᠷᠦᠭᠴᠢ ᠬᠡᠢ ᠴᠤ ᠵᠦᠭᠡᠷ ᠠᠰᠠᠴᠤ ᠦᠭᠡᠢ᠃ ᠪᠡᠯᠡᠨ ᠪᠤᠳᠠᠭ᠎ᠠ ᠢᠳᠡᠵᠦ ᠦᠬᠦᠭᠰᠡᠨ ᠲᠡᠮᠡᠭᠡ ᠬᠠᠷᠢᠭᠤᠯᠤᠨ᠎ᠠ ᠤᠤ ᠭᠡᠳ ᠲᠤᠭᠤᠯ ᠢᠶᠠᠨ ᠭᠤᠯᠤᠭᠰᠠᠨ | ᠦᠨᠢᠶ᠎ᠡ ᠰᠢᠭ ᠰᠢᠯᠪᠠᠯᠵᠢᠨᠠ᠃ ᠬᠠᠪᠤᠷ ᠤᠨ ᠴᠠᠰᠤᠨ ᠠᠴᠠ ᠤᠶᠠᠬᠠᠨ ᠪᠠᠶᠢᠭᠰᠠᠨ ︽ᠪᠡᠷᠢ︾ ᠨᠢ ᠬᠠᠯᠠ ᠲᠠᠢ ᠬᠤᠶᠢᠳᠤ ᠡᠬᠡ ᠠᠴᠠ ᠴᠤ ᠬᠠᠳᠠᠭᠤ ᠪᠤᠯᠤᠨ | ᠬᠤᠪᠢᠷᠠᠬᠤ ᠪᠠᠷ ᠭᠡᠷᠡᠯᠮ᠎ᠠ ︽ᠪᠢ ᠯᠡ ᠬᠡᠤᠬᠡᠳ ᠤᠳ ᠲᠡᠭᠡᠨ ᠲᠤᠱᠠ ᠪᠤᠯᠵᠤ ᠪᠤᠢ︾ ᠭᠡᠵᠦ ᠪᠤᠳᠤᠳᠠᠯᠠ ᠲᠤᠭᠤᠯᠠᠩ ᠨᠢᠯᠪᠤᠰᠤ ᠤᠨᠠᠨ᠎ᠠ᠃ ᠵᠠᠶᠠᠭᠠᠬᠦᠦ᠄ | — ᠶᠠᠭᠠᠬᠢᠭᠰᠠᠨ ᠬᠦᠮᠦᠨ ᠬᠡᠬᠦᠯᠡᠷ ᠤᠬᠢᠯᠠᠬᠤ ᠲᠤᠷᠠᠳᠠᠢ ᠪᠠᠶᠢᠳᠠᠭ ᠶᠤᠮ︖ ᠵᠤᠪᠬᠢᠨ ᠲᠤᠤᠷᠡᠬᠢ ᠮᠡᠩᠭᠡ ᠪᠠᠨ ᠠᠪᠤᠭᠤᠯ᠂ ᠵᠤᠪᠠᠯᠠᠩ ᠤᠨ ᠮᠡᠩᠭᠡ | ᠪᠠᠶᠢᠵᠢ ᠮᠡᠳᠡᠨ᠎ᠡ᠃ ᠵᠦᠭᠡᠷ ᠪᠠᠶᠢᠭᠠᠳ ᠤᠬᠢᠯᠠᠳᠠᠭ ᠴᠢᠨᠢ ᠭᠡᠵᠦ ᠡᠮᠦᠨ᠎ᠡ ᠬᠤᠶᠢᠨ᠎ᠠ ᠭᠠᠷᠤᠭ᠎ᠠ ᠦᠭᠡᠢ ᠤᠪᠤᠷ ᠢᠶᠠᠷ ᠦᠭᠡᠯᠡᠨ ᠠᠶᠠᠭᠦᠢ ᠬᠠᠷᠠᠵᠠᠢ᠃ ᠭᠡᠷᠡᠯᠮ᠎ᠠ ︽ | ᠡᠬᠡ ᠶᠢᠨ ᠦᠭᠡ ᠠᠴᠠ ᠡᠮ᠎ᠡ ᠶᠢᠨ ᠦᠭᠡ ᠭᠡᠭᠴᠢ ᠤᠷᠤ ᠲᠠᠢ ᠪᠠᠶᠢᠵᠠᠢ︾ ᠭᠡᠳ ᠪᠤᠳᠤᠬᠤᠯᠠᠷ ᠤᠯᠠᠮ ᠦᠷ᠎ᠡ ᠳᠡᠭᠡᠨ ᠭᠤᠮᠤᠳᠠᠭᠰᠠᠨ ᠢᠶᠠᠨ | — ᠶᠠᠪᠤᠶ᠎ᠠ᠂ ᠶᠠᠪᠤᠶ᠎ᠠ︕ ᠤᠯᠠᠨ ᠢ ᠲᠤᠭᠤᠷᠢᠵᠤ ᠪᠤᠳᠠᠭ᠎ᠠ ᠭᠤᠶᠤᠭᠰᠠᠨ ᠴᠤ ᠥᠯᠪᠡᠷᠢᠬᠦ ᠪᠠᠷ ᠦᠭᠡᠢ᠃ ᠵᠢᠷᠠ ᠬᠦᠷᠦᠭᠰᠡᠨᠮᠠᠭᠤ ᠠᠮᠢᠳᠠᠨ ᠲᠠᠨᠤᠰ ᠲᠤ | ᠲᠡᠮᠡᠢ ᠤᠳᠠᠭᠠᠨ ᠠᠳᠠ ᠦᠵᠡᠭᠳᠡᠬᠦ ᠦᠭᠡᠢ ᠭᠡᠵᠦ ᠶᠠᠷᠢᠭ᠎ᠠ ᠦᠭᠡᠢ ᠦᠭᠡ ᠪᠠᠨ ᠴᠢᠯᠠᠭᠤᠳᠠᠵᠤ ᠨᠢᠳᠦ ᠪᠠᠨ ᠠᠷᠴᠢᠨ᠎ᠠ᠃ ᠠᠭᠤᠷ ᠲᠠᠭᠠᠨ ᠴᠠᠳᠤᠭᠰᠠᠨ ᠲᠤᠯᠠ | ᠪᠤᠳᠠᠭ᠎ᠠ ᠠᠴᠠ ᠨᠢ ᠠᠮᠰᠠᠭᠰᠠᠨ ᠴᠤ ᠦᠭᠡᠢ᠃ | — ᠢᠱᠢ︕ ᠡᠨᠡ ᠬᠦᠮᠦᠨ ᠬᠠᠴᠢᠨ ᠪᠤᠯᠵᠠᠢ ᠤᠬᠤᠰᠬᠢᠪᠡᠯ ᠤᠬᠢᠯᠠᠨ᠎ᠠ᠃ ᠡᠶᠢᠮᠦ ᠰᠠᠶᠢᠬᠠᠨ ᠨᠠᠶᠢᠭᠡᠮ ᠳᠤ ᠵᠤᠪᠠᠭ᠋ᠤ ᠶᠠᠭᠤ ᠪᠢᠯᠡ ᠭᠡᠰᠡᠨ ᠵᠠᠶᠠᠭᠠᠬᠦᠦ | ᠭᠠᠵᠠᠷ ᠤᠷᠤ ᠪᠠᠨ ᠵᠠᠰᠠᠨ ᠦᠴᠦᠭᠡᠨᠡᠨᠡ᠃ ᠡᠬᠡᠨᠡᠷ ᠨᠢ ᠤᠷᠤᠨ ᠲᠡᠭᠡᠷ᠎ᠡ ᠪᠠᠨ ᠬᠡᠪᠳᠡᠭᠰᠡᠨ ᠢᠶᠠᠨ᠄ | — ᠡᠪᠡᠰᠤ ᠲᠠᠢ ᠭᠠᠵᠠᠷ ᠮᠠᠯ ᠲᠤᠭᠳᠠᠬᠤ ᠦᠭᠡᠢ᠂ ᠵᠢᠷᠭᠠᠯ ᠲᠠᠢ ᠭᠠᠵᠠᠷ ᠬᠦᠮᠦᠨ ᠲᠤᠭᠳᠠᠬᠤ ᠦᠭᠡᠢ ᠭᠡᠳᠡᠭ ᠶᠠᠭ ᠦᠨᠡᠨ ᠭᠡᠳ ᠲᠦᠷᠡᠯᠵᠡᠭᠰᠡᠨ ᠭᠠᠯ | ᠲᠡᠭᠡᠷ᠎ᠡ ᠲᠤᠰᠤ ᠲᠤᠰᠤᠭᠠᠨ᠎ᠠ᠃ | ᠲᠤᠭ᠎ᠠ ᠲᠠᠢ ᠬᠡᠳᠦᠨ ᠬᠤᠪᠴᠠᠰᠤ ᠪᠠᠨ ᠪᠤᠭᠴᠤᠨ ᠳᠠᠭᠠᠨ ᠴᠢᠬᠢᠭᠰᠡᠨ ᠭᠡᠷᠡᠯᠮ᠎ᠠ ᠨᠢᠭᠡ ᠦᠷᠯᠦᠭᠡ ᠬᠤᠰᠢᠭᠤᠨ ᠠᠴᠠ ᠭᠠᠷᠴᠤ ᠠᠶᠢᠯ ᠤᠨ ᠬᠤᠨᠢᠴᠢᠨ ᠪᠤᠯᠬᠤ | ᠪᠠᠷ ᠮᠤᠷᠳᠠᠵᠠᠢ᠃ | ᠪᠤᠷᠤᠬᠡᠤᠬᠡᠨ ᠭᠡᠷ ᠤᠨ ᠠᠵᠢᠯ ᠳᠠᠭᠠᠨ ᠭᠠᠷᠴᠤ ᠤᠷᠤᠵᠤ ᠪᠠᠶᠢᠳᠠᠯ᠎ᠠ ᠬᠤᠶᠠᠷ ᠨᠤᠬᠠᠢ ᠬᠤᠷᠭᠤᠭᠠᠬᠤ ᠪᠠᠷ ᠨᠢ ᠠᠵᠢᠭᠯᠠᠪᠠᠯ ᠨᠢᠭᠡ ᠬᠦᠮᠦᠨ ᠠᠶᠢᠰᠤᠢ᠃ | ᠭᠡᠷᠡᠯᠮ᠎ᠠ ᠤᠷᠮ᠎ᠠ ᠮᠠᠭᠤᠳᠠᠶᠢᠬᠠᠨ ᠤᠷᠤᠵᠤ ᠢᠷᠡᠪᠡ᠃ | ᠪᠤᠷᠤᠬᠡᠤᠬᠡᠨ ᠭᠡᠷᠡᠯᠮ᠎ᠠ ᠶᠢᠨ ᠭᠠᠴᠠᠭᠳᠠᠵᠤ ᠶᠠᠳᠠᠷᠠᠭᠰᠠᠨ ᠪᠠᠶᠢᠳᠠᠯ ᠢ ᠨᠢ ᠴᠠᠢ ᠤᠰᠤ ᠬᠢᠬᠦ ᠶᠢᠨ ᠬᠤᠭᠤᠷᠤᠨᠳᠤ ᠤᠶᠢᠯᠠᠭᠠᠯ᠎ᠠ᠃ ᠭᠡᠷᠡᠯᠮ᠎ᠠ ᠶᠢ ᠲᠥᠷᠥᠭᠰᠡᠨ ᠡᠵᠢ | ᠲᠠᠢ ᠪᠠᠨ ᠠᠪ ᠠᠳᠠᠯᠢᠬᠠᠨᠬᠠᠶᠢᠷᠠᠯᠠᠵᠤ ᠬᠦᠭᠡᠷᠦᠬᠦᠶᠢᠯᠡᠳᠡᠭ ᠪᠤᠷᠤᠬᠡᠤᠬᠡᠨ ᠥᠪᠡᠷ ᠤᠨ ᠡᠷᠬᠡ ᠦᠭᠡᠢ ᠤᠶᠠᠷᠠᠵᠤ᠂ ᠨᠢᠳᠦᠨ ᠳᠤᠨᠢ ᠨᠢᠯᠪᠤᠰᠤ ᠲᠤᠭᠳᠠᠵᠤ ᠭᠡᠷᠡᠯᠮ᠎ᠠ | ᠶᠢ ᠲᠡᠪᠡᠷᠢᠨ ᠬᠡᠰᠡᠭ ᠤᠬᠢᠯᠠᠬᠤ ᠪᠠᠷ ᠨᠢ ᠨᠦᠭᠦᠭᠡ ᠦᠷᠦᠭᠡᠨ ᠳᠤ ᠤᠨᠳᠠᠵᠤ ᠪᠠᠶᠢᠭᠰᠠᠨ ᠬᠡᠤᠬᠡᠳ ᠴᠤ ᠰᠡᠷᠢᠯᠠ᠃ ᠭᠡᠷ ᠤᠨ ᠡᠵᠡᠨ ᠭᠡᠳᠡᠭᠡᠷ ᠬᠠᠷ᠎ᠠ ᠴᠤ | ᠬᠠᠷᠢᠭᠠᠳ ᠢᠷᠡᠴᠢᠬᠡᠯ᠎ᠡ᠁ ᠁ | ᠠᠷᠪᠠ ᠶᠢ ᠪᠦᠷᠬᠦᠭᠦᠯᠬᠦ ᠲᠦᠷᠦ ᠶᠢᠨ ᠪᠤᠳᠤᠯᠭ᠎ᠠ ᠪᠠᠷ ᠮᠠᠯᠴᠢᠳ ᠤᠨ ᠬᠤᠷᠤᠭ᠎ᠠ ᠪᠠᠶᠢᠰᠢᠩ ᠴᠠᠭᠠᠨ ᠢᠶᠠᠷ ᠪᠤᠳᠤᠭᠳᠠᠵᠤ᠂ ᠬᠤᠳᠠ ᠶᠢᠨ ᠠᠶᠢᠯ ᠠᠴᠠ | ᠬᠤᠴᠤᠷᠬᠤ ᠦᠭᠡᠢ ᠴᠡᠪᠡᠷ ᠴᠡᠭᠴᠢ ᠭᠡᠳᠡᠭ ᠨᠢ ᠵᠢᠭᠳᠡᠶᠢᠬᠡᠨ᠃ ᠭᠡᠷᠡᠯᠮ᠎ᠠ ᠶᠢᠨ ᠡᠪᠤᠯᠵᠢᠶ᠎ᠡ ᠭᠠᠳᠠᠭᠤᠷᠴᠢᠯᠠᠭᠳᠠᠭᠰᠠᠨᠥᠨᠥᠴᠢᠨ ᠬᠡᠤᠬᠡᠳ ᠶᠤᠮ ᠰᠢᠭ᠋ ᠪᠤᠷᠤ ᠪᠠᠷ | ᠢᠶᠠᠨ ᠲᠦᠩᠬᠦᠶᠢᠨᠡ᠃ | — ᠲᠠᠨ ᠤ ᠬᠤᠨᠢᠨ ᠳᠤ ᠶᠠᠪᠤᠵᠤ ᠦᠷᠢ ᠪᠠᠨ ᠪᠦᠭᠯᠡᠶᠡ ᠭᠡᠳ ᠤᠭᠵᠢᠨ ᠤ ᠬᠤᠷᠠᠭ᠎ᠠ ᠶᠢᠨ ᠨᠢᠳᠤ ᠪᠠᠷ ᠰᠢᠷᠳᠡᠬᠦ ᠳᠤ ᠵᠠᠶᠢᠷ ᠮᠡᠯᠳᠡᠭᠡᠨᠡᠨᠡ᠃ ᠪᠤᠷᠤᠬᠡᠤᠬᠡᠨ | ᠄ | — ᠰᠤᠯᠢᠶ᠎ᠠ ᠪᠠᠶᠢᠨ᠎ᠠ ᠤᠤ︖ ᠪᠢ ᠨᠠᠭ᠎ᠠ ᠠᠴᠠ ᠵᠤᠭᠤᠰ ᠢᠶᠠᠨ ᠨᠡᠬᠡᠵᠤ ᠪᠠᠶᠢᠭ᠎ᠠ ᠪᠢᠰᠢ᠃ ᠵᠤᠨ ᠨᠠᠮᠤᠷ ᠲᠠᠭᠠᠨ ᠬᠤᠨᠢᠨ ᠤ ᠵᠠᠬ᠎ᠠ ᠪᠠᠷ ᠶᠠᠪᠤᠭᠰᠠᠨ ᠴᠤ | ᠪᠤᠯᠤᠯᠭᠦᠢ᠃ ᠡᠪᠤᠯ ᠬᠠᠪᠤᠷ ᠮᠠᠨ ᠤ ᠪᠢᠴᠢᠬᠠᠨ ︽ᠨᠤᠶᠠᠨ︾ ᠢ ᠬᠠᠷᠠᠵᠤ ᠪᠠᠢ ᠴᠠᠯᠢᠩ ᠮᠦᠩᠭᠦ ᠶᠢ ᠴᠢᠨᠢ ᠲᠤᠭ᠎ᠠ ᠶᠤᠰᠤᠭᠠᠷ ᠥᠭᠭᠦᠶ᠎ᠡ᠃ ᠠᠳᠡ ᠲᠡᠨᠳᠡ ᠤᠴᠢᠬᠤ | ᠬᠡᠷᠡᠭ ᠦᠭᠡᠢ᠂ ᠮᠠᠨ ᠤ ᠳᠤ ᠰᠠᠭᠤ ᠭᠡᠵᠦ ᠤᠶᠠᠷᠠᠩᠭᠤᠢ ᠬᠡᠯᠡᠨ᠎ᠡ᠃ ᠤᠢ ᠬᠦᠷᠦᠭᠡᠳᠦᠢ ᠬᠦᠦ ᠨᠢ ︽ᠨᠠᠳᠠ ᠶᠢ ᠬᠠᠷᠠᠬᠤ ᠬᠦᠨᠳᠦ ᠡᠭᠦᠷᠭᠡ ᠲᠠᠢ ᠪᠤᠯᠤᠭᠰᠠᠨ ᠡ︾ | ᠭᠡᠰᠡᠨ ᠰᠢᠭ ᠬᠦᠭᠡᠷᠦᠭᠦᠨ ᠢᠨᠢᠶᠡᠨ᠎ᠡ᠃ ︽ᠭᠡᠷ ᠤᠨ ᠬᠦᠮᠦᠨ ᠨᠢ ᠶᠠᠭᠤ ᠬᠡᠯᠡᠬᠦ ᠪᠤᠯ ᠭᠡᠵᠦ ᠰᠢᠷᠬᠢᠰᠡᠨ ᠭᠡᠷᠡᠯᠮ᠎ᠠ ᠬᠠᠷᠠᠭᠰᠠᠨ ᠴᠢᠨᠢ | — ︽ᠮᠠᠨ ᠤ ᠬᠦᠮᠦᠨ ᠤ ᠦᠭᠡ ᠪᠠᠷ ᠪᠤᠯᠴᠢᠬᠠ ᠲᠠ︾ ᠭᠡᠳ ᠴᠢᠳᠦᠷ ᠢᠶᠠᠨ ᠮᠤᠰᠬᠢᠨ᠎ᠠ᠃ | ᠡᠵᠢ ᠪᠠᠨ ᠶᠠᠪᠤᠭᠤᠯᠤᠭᠰᠠᠨ ᠵᠠᠶᠠᠭᠠᠬᠦᠦ ᠬᠤᠶᠠᠭᠤᠯᠠ ᠪᠠᠨ ᠬᠡᠯᠡ ᠠᠮᠠ ᠲᠠᠰᠤᠷᠠᠭ᠎ᠠ ᠦᠭᠡᠢ᠃ ᠲᠤᠭᠤᠢ ᠬᠦᠮᠦᠨ ᠢ ᠪᠠᠷᠬᠢᠷᠠᠭᠤᠯᠳᠠᠭ ᠲᠤᠭᠰᠢᠨ ᠬᠠᠷ᠎ᠠ ᠠᠴᠠ | ᠪᠠᠯᠭᠤᠭᠰᠠᠨ ᠵᠠᠶᠠᠭᠠᠬᠦᠦ ᠬᠠᠷᠢᠮᠠᠭᠴᠠ ᠢᠷᠪᠡᠰ ᠤᠨ ᠰᠦᠰᠦ ᠵᠠᠯᠭᠢᠭᠰᠠᠨ ᠰᠢᠭ᠋ ᠵᠤᠷᠢᠭᠯᠠᠨ ᠡᠬᠡᠨᠡᠷ ᠢᠶᠠᠨ ᠠᠶᠤᠯᠭᠠᠵᠦ ︽ᠭᠠᠷ ᠲᠠᠭᠠᠨ ᠤᠷᠤᠭᠤᠯᠵᠤ ᠠᠪᠬᠤ ᠰᠠᠨᠠᠭ᠎ᠠ | ᠲᠠᠢ ᠤᠷᠤᠯᠳᠤᠵᠠᠢ᠃ | — ᠴᠠᠰᠢ ᠪᠠᠨ︕ ᠡᠭᠳᠡᠭᠦᠦ ᠲᠠᠢ ᠭᠡᠳᠡᠭ ᠴᠢᠨᠢ ᠠᠷᠢᠬᠢᠨ ᠤ ᠢᠰᠭᠦᠯᠡᠩ ᠦᠨᠦᠷ ᠦᠨᠦᠷᠳᠡᠭᠦᠯᠦᠭᠡᠳ ᠲᠤᠳᠤᠷ ᠮᠠᠭᠤᠬᠠᠶᠢᠷᠠᠴᠢᠬᠠᠯᠠ ᠭᠡᠳ ᠲᠦᠯᠬᠢᠭᠰᠡᠨ | ᠴᠢᠨᠢ ᠬᠦᠯ ᠤᠷᠢᠶᠠᠯᠳᠤᠵᠤ ᠡᠰᠡ ᠯᠡ ᠤᠶᠢᠴᠢᠯᠠ᠃ ᠵᠠᠶᠠᠭᠠᠬᠦᠦ ᠤᠨᠢᠭᠠᠷ ᠨᠢᠳᠤ ᠪᠠᠨ ᠭᠠᠶᠢᠭᠤᠢ ᠪᠦᠯᠳᠡᠶᠢᠯᠭᠡᠨ᠄ | — ᠪᠢ ᠴᠢᠮ᠎ᠠ ᠶᠢ ᠭᠦᠩᠭᠠᠷᠪᠠ ᠳᠤ ᠬᠢᠵᠦ ᠲᠠᠬᠢᠬᠤ ᠪᠠᠷ ᠠᠪᠤᠭᠰᠠᠨ ᠪᠢᠰᠢ᠂ ᠬᠠᠳᠠᠮ ᠡᠵᠢ ᠪᠠᠨ ᠬᠦᠭᠡᠭᠡᠵᠦ ᠶᠠᠪᠤᠭᠤᠯᠴᠢᠬᠠᠭᠠᠳ ᠰᠠᠨᠠᠭ᠎ᠠ ᠴᠢᠨᠢ ᠬᠠᠩᠬᠤ | ᠦᠭᠡᠢ ᠪᠠᠰᠠ ᠨᠠᠮᠠᠢᠢ ᠬᠦᠭᠡᠭᠡᠬᠦ ᠨᠢ ᠤᠤ︖ ᠴᠢ ᠡᠨᠡ ᠭᠡᠷ ᠠᠴᠠ ᠶᠠᠪᠤᠬᠤ ᠠᠴᠠ ᠪᠢᠰᠢ ᠪᠢ ᠬᠠᠷᠢᠨ ᠭᠠᠷᠬᠤ ᠶᠤᠰᠤ ᠠᠯᠠᠭ᠎ᠠ᠃ ᠲᠡᠶᠢᠮᠦ ᠡᠭᠳᠡᠭᠦᠴᠢᠭᠰᠡᠨ ᠪᠤᠯ | ᠰᠠᠯᠤᠶ᠎ᠠ᠃ ︽ᠵᠦᠩ ᠵᠦᠩ ᠳᠡᠭᠡᠨ ᠵᠦᠭᠡᠢ ᠨᠦᠬᠡᠨ ᠳᠡᠭᠡᠨ︾ ᠭᠡᠵᠦ ᠡᠷᠡᠭᠦᠯ ᠦᠶ᠎ᠡ ᠳᠡᠭᠡᠨ ᠪᠤᠳᠤᠭᠰᠠᠨ ᠦᠭᠡ ᠪᠠᠨ ᠠᠷᠢᠬᠢᠨ ᠢᠳᠡ ᠪᠠᠷ ᠴᠦᠯᠴᠡᠷᠡᠨ | ᠭᠤᠶᠢᠪᠠᠯᠵᠠᠵᠤ ᠬᠡᠯᠡᠴᠢᠬᠡᠯ᠎ᠡ᠃ ᠡᠬᠡᠨᠡᠷ ᠨᠢ᠄ | — ᠬᠦᠯ ᠬᠦᠠᠳᠦ ᠬᠦᠮᠦᠨ ᠳᠤ ᠭᠠᠷ ᠬᠦᠷᠪᠡᠯ ᠬᠠᠥᠯᠢ ᠳᠤ ᠤᠷᠤᠬᠤ ᠪᠠᠨ ᠮᠡᠳᠡ︾ ᠭᠡᠵᠦ ᠠᠭᠤᠷᠳᠠᠢ ᠬᠡᠯᠡᠵᠦ ᠴᠠᠰᠢ ᠪᠠᠨ ᠬᠠᠷᠠᠵᠦ ᠬᠡᠪᠳᠡᠭᠰᠡᠨ ᠳᠤ | ᠵᠠᠶᠠᠭᠠᠬᠦᠦ ᠲᠤᠤᠷᠠᠬᠠᠨ ᠢᠶᠠᠨ ᠮᠡᠯᠡᠷᠡᠵᠤ ᠠᠪᠤᠭᠰᠠᠨ ᠢᠶᠠᠨ ᠭᠡᠨᠡᠤᠠᠳᠡ ᠲᠡᠭᠡᠷ᠎ᠡ ᠲᠡᠭᠡᠷ᠎ᠡ ᠲᠡᠪᠬᠡᠷᠤᠨ ᠬᠡᠤᠬᠡᠳ ᠰᠢᠭ ᠬᠦᠭᠡᠷᠡᠵᠠᠢ᠃ ᠪᠤᠯᠳᠠᠭ ᠰᠠᠨ ᠪᠤᠯ ᠭᠠᠭᠴᠠᠬᠠᠨ | ᠦᠰᠦᠷᠦᠭᠡᠳ ᠭᠡᠷ ᠢᠶᠠᠨ ᠴᠤᠭᠤᠯᠤᠨ ᠵᠢᠭᠦᠷ ᠤᠷᠭᠤᠭᠤᠯᠤᠨ ᠲᠡᠭᠷᠢ ᠶᠢᠨ ᠬᠠᠶᠠᠭ᠎ᠠ ᠳᠤ ᠨᠢᠰᠴᠤ ᠬᠦᠷᠦᠭᠡᠳ ᠴᠢᠨᠡᠭᠡ ᠮᠡᠳᠡᠨ ᠬᠠᠰᠬᠢᠷᠴᠤ ︽ᠪᠢ ᠠᠪᠤ | ᠰᠠᠭᠤᠴᠢᠬᠠᠭᠰᠠᠨ ᠡ ᠁ ᠁︾ ᠭᠡᠵᠦ ᠬᠠᠳᠠᠨ ᠳᠤ ᠴᠤᠤᠷᠢᠶᠠᠳᠠᠭᠤᠯᠤᠮᠠᠷ ᠰᠠᠭᠰᠠᠭᠤᠷᠠᠨᠠ᠃ ᠰᠢᠩᠬᠡᠯᠢᠭ ᠲᠠᠬᠢ ᠰᠢᠪᠠᠭᠤ ᠰᠢᠭ᠋ ᠦᠰᠦᠷᠬᠢᠯᠡᠨᠡ᠃ | — ᠰᠢᠨᠵᠢ ᠪᠠᠨ ᠦᠵᠡ︕ ᠨᠠᠰᠤᠨ ᠳᠠᠭᠠᠨ ᠰᠦ ᠠᠴᠠ ᠪᠠᠨ ᠰᠠᠯᠤᠭᠰᠠᠨ ᠦᠭᠡᠢ ᠡᠷᠭᠡᠭ ᠢᠰᠢᠭᠡ ᠰᠢᠭ ᠭᠡᠵᠦ ᠡᠬᠡᠨᠡᠷ ᠨᠢ ᠲᠦᠳᠦᠭᠡᠨᠡᠨᠡ᠃ | ᠬᠤᠶᠠᠳᠤᠭᠠᠷ ᠡᠳᠦᠷ ᠨᠢ ᠵᠠᠶᠠᠭᠠᠬᠦᠦ ᠡᠵᠢ ᠳᠡᠭᠡᠨ ᠪᠠᠶᠠᠷ ᠤᠨ ᠴᠢᠮᠡᠭᠡ ᠬᠦᠷᠭᠷᠬᠦ ᠪᠠᠷ ᠤᠳᠠᠰᠤ ᠵᠠᠯᠭᠠᠬᠤ ᠭᠡᠰᠡᠨ ᠴᠢᠨᠢ ᠨᠡᠪᠳᠡᠷᠡᠬᠦ ᠦᠭᠡᠢ᠃ ︽ᠬᠡᠷᠡᠭᠯᠡᠬᠦ ᠳᠤ | ᠬᠡᠷᠢᠶᠡᠨ ᠪᠠᠭᠠᠰᠤ ᠤᠯᠳᠠᠬᠤ ᠦᠭᠡᠢ ᠭᠡᠳᠡᠭᠴᠢᠯᠡᠨ ᠡᠨᠡ ᠮᠠᠭᠤ ᠲᠤᠯᠬᠢᠶᠠᠨ ᠨᠢ ᠪᠠᠴᠢᠮ ᠦᠶ᠎ᠡ ᠳᠤ ᠲᠦᠯᠡᠢ ᠪᠤᠯᠴᠢᠬᠤ ᠶᠤᠮ᠂ ᠴᠢᠰᠤ ᠪᠠᠷ ᠤᠷᠤᠰᠤᠭᠰᠠᠨ ᠢ ᠬᠦ᠋︾ | ᠭᠡᠳ ᠤᠴᠠᠭᠠᠷᠳᠠᠨᠠ᠃ ︽ᠴᠠᠭ ᠤᠨ ᠶᠠᠭᠤᠮ᠎ᠠ ᠴᠠᠭ ᠲᠠᠭᠠᠨ ᠴᠠᠰᠤᠨ ᠤ ᠴᠢᠬᠢᠭ ᠭᠠᠵᠠᠷ ᠲᠠᠭᠠᠨ︾ ᠭᠡᠭᠴᠢ ᠪᠠᠷ ᠭᠡᠷᠡᠯᠮ᠎ᠠ ᠶᠢᠨ ᠪᠡᠷᠢ ᠡᠮᠨᠡᠯᠭᠡ ᠳᠤ ᠰᠠᠭᠤᠵᠤ | ᠬᠦᠩᠭᠡᠵᠢᠯᠡ᠃ ᠬᠤᠶᠠᠷ ᠠᠮᠠ ᠤᠭᠤᠴᠢᠭᠰᠠᠨ ᠵᠠᠶᠠᠭᠠᠬᠦᠦ᠄ — ᠬᠠᠰᠠ ᠪᠠᠨ ᠲᠠᠭᠠᠭᠠᠳ ᠬᠠᠷᠠᠯᠠᠨ᠎ᠠ ᠭᠡᠳᠡᠭ ᠢᠶᠠᠷ ᠬᠠᠷᠠᠯ᠎ᠠ︕ ᠬᠠᠷᠠᠯ᠎ᠠ︕ ᠬᠡᠳᠦᠨ | ᠦᠶ᠎ᠡ ᠪᠠᠷ ᠢᠶᠠᠨ ᠬᠦᠦ ᠬᠦᠰᠡᠭᠡᠳ ᠬᠡᠤᠬᠡᠨ ᠭᠠᠷᠤᠨ᠎ᠠ ᠭᠡᠵᠦ ᠬᠡᠨ ᠰᠠᠨᠠᠨ᠎ᠠ᠃ ᠲᠤᠮᠠᠷᠤᠭᠰᠠᠨ︕ ᠲᠤᠮᠠᠷᠤᠭᠰᠠᠨ︕ ᠮᠠᠨ ᠤ ᠭᠤᠯᠤᠮᠳᠠ ᠮᠦᠨ ᠢᠩᠭᠢᠭᠡᠳ | ᠪᠠᠯᠠᠷᠠᠬᠤ ᠨᠢ ᠭᠡᠳ ᠬᠠᠷᠠᠩᠭᠤᠢ ᠭᠡᠷ ᠲᠤ ᠬᠤᠷᠢᠭᠳᠠᠭᠰᠠᠨ ᠡᠯᠵᠢᠭᠡ ᠰᠢᠭ ᠭᠤᠳᠤᠮᠵᠢᠨ ᠳᠤ ᠡᠷᠢᠶᠡᠨ ᠰᠠᠷᠠᠯ ᠢᠶᠠᠷ ᠤᠬᠢᠷᠠᠨ ᠭᠠᠵᠠᠷ ᠰᠠᠭᠤᠵᠤ ᠲᠡᠪᠬᠡᠴᠢᠨᠡ᠃ | ᠭᠡᠳᠡᠯ᠎ᠡ ᠵᠠᠶᠠᠭᠠᠬᠦᠦ ᠬᠡᠷᠬᠢᠨ ᠲᠡᠪᠬᠢᠴᠡᠭᠰᠡᠨ ᠴᠤ ᠬᠡᠤᠬᠡᠨ ᠨᠢ ᠬᠦᠦ ᠪᠠᠷ ᠰᠤᠯᠢᠭᠳᠠᠬᠤ ᠦᠭᠡᠢ ᠶᠢᠨ ᠬᠠᠳᠠᠭᠤ ᠶᠤᠰᠤ ᠶᠠᠭ ᠯᠡ ᠬᠤᠷᠸ᠎ᠠ ᠲᠡᠭᠦᠨ ᠢᠶᠠᠷ | ᠨᠠᠭᠠᠤᠠᠴᠤ ᠪᠠᠶᠢᠮᠠᠷ ᠭᠠᠴᠢᠭᠳᠠᠭᠤᠯᠤᠨᠠ᠃ ᠡᠮᠴᠢ ᠰᠤᠪᠢᠯᠠᠭᠴᠢ ᠪᠠᠷ ᠬᠡᠯᠡᠭᠳᠡᠨ ᠤᠷᠢᠯᠠᠵᠤ ᠴᠢᠷᠠᠯᠠᠨᠠ᠃ ᠵᠠᠶᠠᠭᠠᠬᠦᠦ ᠢᠩᠬᠢᠵᠦ ᠭᠠᠯᠵᠠᠭᠤᠷᠠᠵᠦ ᠪᠠᠶᠢᠭ᠎ᠠ ᠦᠭᠡ ᠶᠢ | ᠨᠢ ᠲᠤᠳᠤ ᠰᠤᠨᠤᠰᠴᠤ ᠪᠠᠶᠢᠭ᠎ᠠ ᠡᠬᠡᠨᠡᠷ ᠤᠨ ᠬᠢᠨᠢ ᠨᠢᠯᠪᠤᠰᠤ ᠬᠠᠰᠢᠯᠭ᠎ᠠ ᠪᠠᠨ ᠰᠡᠳᠡᠯᠡᠭᠰᠡᠨ ᠦᠶᠡᠷ ᠰᠢᠭ ᠤᠷᠤᠰᠤᠨ ᠨᠢᠭᠤᠷ ᠢ ᠨᠢ ᠤᠬᠢᠶᠠᠨ᠎ᠠ᠃ ᠰᠠᠷ᠎ᠠ ᠳᠤ | ᠰᠠᠭᠤᠭᠰᠠᠨ ᠬᠦᠮᠦᠨ ᠵᠤᠪᠠᠭ᠋ᠤ ᠶᠢ ᠤᠠᠴᠠᠭᠠᠢ ᠬᠢᠴᠢᠶᠡᠬᠦ ᠶᠢ ᠤᠶᠢᠯᠭᠠᠬᠤ ᠭᠡᠷᠡᠯᠮ᠎ᠠ᠄ | — ᠬᠦᠶ᠋ᠢ︕ ᠬᠦᠦ ᠮᠢᠨᠢ ᠡᠶᠢᠮᠦ ᠪᠢᠴᠢᠭ ᠰᠤᠶᠤᠯ ᠲᠠᠢ ᠪᠠᠶᠢᠭᠠᠳ ᠶᠠᠭᠠᠬᠢᠵᠤ ᠭᠠᠯᠵᠠᠭᠤᠷᠠᠵᠦ ᠪᠠᠶᠢᠬᠤ ᠨᠢ ᠡᠨᠡ ᠪᠤᠢ︕ ᠬᠦᠦ ᠬᠡᠤᠬᠡᠨ ᠠᠳᠠᠯᠢᠬᠠᠨ᠃ | ᠪᠢᠳᠡᠬᠡᠢ ᠬᠦᠮᠦᠨ ᠤ ᠵᠢᠷᠦᠬᠡᠨ ᠳᠤ ᠰᠢᠷ᠎ᠠ ᠤᠰᠤ ᠬᠤᠷᠠᠬᠤ ᠦᠭᠡ ᠶᠠᠷᠢᠭᠠᠳ ᠪᠠᠢ︕ ᠭᠡᠵᠦ ᠰᠤᠭᠤᠨ ᠠᠴᠠ ᠨᠢ ᠡᠷᠬᠦᠨ ᠪᠤᠰᠬᠠᠯ᠎ᠠ᠃ | ᠬᠡᠤᠬᠡᠨ ᠢᠶᠠᠨ ᠬᠦᠩᠭᠡᠵᠢᠭᠰᠡᠨ ᠲᠡᠷᠡ ᠡᠳᠥᠷ ᠠᠴᠠ ᠡᠬᠡᠨᠡᠷ ᠨᠢ ᠦᠭᠡ ᠲᠠᠭᠤ ᠦᠭᠡᠢ ᠪᠤᠯᠵᠠᠢ᠃ ᠪᠤᠰᠬᠤ ᠴᠠᠭ ᠲᠠᠭᠠᠨ ᠪᠤᠰᠤᠨ᠎ᠠ᠃ ᠢᠳᠡᠬᠦ ᠴᠠᠭ ᠲᠠᠭᠠᠨ | ᠢᠳᠡᠴᠢᠬᠡᠨ᠎ᠡ᠃ ᠠᠮᠠᠷᠠᠵᠦ ᠤᠨᠳᠠᠬᠤ ᠦᠶ᠎ᠡ ᠳᠡᠭᠡᠨ ᠤᠨᠳᠠᠨ᠎ᠠ᠃ ᠵᠠᠶᠠᠭᠠᠬᠦᠦ ᠲᠠᠬᠢᠨ ᠲᠠᠪᠳᠠᠨ ᠪᠤᠷᠤᠭᠤ ᠪᠠᠨ ᠬᠦᠯᠢᠶᠡᠨ ᠰᠦᠭᠦᠤᠠᠴᠦ ᠴᠤ ᠦᠵᠡᠯ᠎ᠡ᠃ | ᠠᠭᠤᠴᠢᠯᠠᠭᠰᠠᠨ ᠶᠠᠩᠵᠦ ᠠᠯᠠᠭ᠎ᠠ᠃ ᠪᠦᠰᠡᠭᠦᠢ ᠨᠢ ᠬᠡᠳᠡᠷ ᠨᠤᠬᠠᠢ ᠰᠢᠭ᠋ ᠡᠷ᠎ᠡ ᠪᠠᠨ ᠪᠡᠶᠡᠨ ᠳᠡᠭᠡᠨ ᠴᠤ ᠤᠶᠢᠷᠠᠳᠤᠭᠤᠯᠬᠤ ᠪᠠᠨ ᠪᠤᠯᠢᠵᠠᠢ᠃ ᠵᠠᠶᠠᠭᠠᠬᠦᠦ ᠠᠵᠢᠯ | ᠳᠠᠭᠠᠨ ᠰᠠᠯᠠᠮᠠᠭᠠᠢ ᠪᠤᠯᠬᠤᠷ ᠤᠳᠤᠷᠢᠳᠤᠯᠭ᠎ᠠ ᠶᠢᠨ ᠢᠶᠠᠨ ᠮᠠᠭᠳᠠᠭᠠᠯ ᠰᠠᠶᠢᠰᠢᠶᠠᠯ ᠢ ᠦᠷᠭᠦᠯᠵᠢ ᠬᠦᠷᠳᠡᠳᠡᠭ᠃ ᠮᠥᠨᠴᠤ ᠶᠠᠭᠠᠷᠠᠯᠳᠠᠢ ᠠᠵᠢᠯᠯᠠᠨ᠎ᠠ᠃ ᠨᠢᠭᠡ ᠡᠳᠦᠷ | ᠰᠦᠷᠡᠬᠡᠢ ᠶᠠᠳᠠᠷᠠᠭᠰᠠᠨ ᠮᠠᠶ᠋ᠢᠭᠳᠠᠢ ᠬᠠᠷᠢᠭᠰᠠᠨ ᠴᠢᠨᠢ ᠴᠠᠢ ᠴᠤ ᠦᠭᠡᠢ ᠴᠢᠷᠠᠢ ᠴᠤ ᠦᠭᠡᠢ ᠲᠤᠮᠪᠤᠶᠢᠨᠠ᠃ ᠵᠠᠷᠢᠮ ᠬᠦᠮᠦᠨ ᠤ ᠥᠯᠥᠰᠬᠦ ᠳ᠋ᠡᠭᠡᠨᠠᠭᠤᠷᠯᠠᠳᠠᠭ ᠵᠠᠩ | ᠢᠶᠠᠷ ᠢᠶᠠᠨ ᠄ | — ᠪᠤᠳᠠᠭ᠎ᠠ ᠬᠤᠭᠤᠯᠠ ᠪᠠᠨ ᠬᠢᠬᠦ ᠦᠭᠡᠢ ᠲᠤᠯᠤᠭᠠᠢ ᠲᠡᠭᠡᠷ᠎ᠡ ᠭᠠᠷᠴᠤ ᠪᠠᠶᠢᠨ᠎ᠠ ᠤᠤ ᠴᠢ︖ ᠠᠮᠠᠷᠠᠬᠤ ᠦᠭᠡᠢ ᠪᠤᠯ ᠠᠰᠠᠷᠠᠭᠴᠢ ᠬᠦᠯᠦᠰᠦᠯᠡᠶᠡ᠃ ᠲᠠᠨ | ᠤ ᠠᠬ᠎ᠠ ᠡᠭᠡᠴᠢ ᠲᠡᠭᠦᠦ ᠪᠦᠷ ᠬᠦᠮᠦᠨ᠂ ᠮᠠᠨ ᠤ ᠰᠠᠳᠤᠨ ᠬᠦᠮᠦᠨ ᠪᠢᠰᠢ ᠶᠤᠮ ᠴᠢᠨᠢ ᠲᠦᠷᠦᠯ ᠠᠴᠠ ᠪᠠᠨ ᠤᠯᠤᠭᠰᠠᠨ ᠴᠤ ᠪᠤᠯᠤᠯᠭᠦᠢ᠃ ︽ᠬᠦᠢᠳᠡᠨ ᠲᠠᠶᠢᠨ︾ | ᠴᠢᠨᠢ ᠪᠠᠰᠠ ᠲᠠᠭᠤᠰᠬᠤ ᠪᠤᠯᠤᠭᠠᠳᠤᠢ ᠤᠤ︖ ︽ᠬᠡᠤᠬᠡᠨ ᠮᠠᠭᠤ ᠪᠤᠯ ᠲᠦᠷᠬᠦᠮ ᠳᠡᠭᠡᠨ︾ ᠭᠡᠳᠡᠭ ᠢᠶᠠᠷ ᠦᠰᠢᠶ᠎ᠡ ᠬᠦᠷᠪᠡᠯ ᠪᠤᠴᠠᠭᠠᠨ᠎ᠠ ᠭᠡᠵᠦ ᠡᠷᠬᠡᠯᠡᠬᠦ ᠦᠭᠡᠯᠡᠬᠦ | ᠶᠢᠨ ᠠᠯᠢ ᠨᠢᠭᠡ ᠪᠠᠷ ᠨᠢ ᠴᠢᠤᠠᠬᠤᠵᠠᠢ᠃ ᠨᠠᠩᠬᠤ ᠠᠴᠠ ᠴᠤᠮᠤᠨ ᠳᠤ ᠤᠰᠤ ᠬᠢᠬᠦᠯᠡᠷ ᠨᠢ ︽ᠭᠤᠤᠯ ᠲᠡᠪᠳᠡᠭᠡᠬᠦ ᠨᠢ︾ ᠭᠡᠵᠦ ᠪᠠᠶᠠᠷᠯᠠᠨ ᠬᠦᠯᠢᠶᠡᠵᠦ ᠪᠠᠶᠢᠳᠠᠯ᠎ᠠ | ᠥᠭᠡᠳᠡ ᠠᠴᠠ ᠨᠢ ᠰᠠᠴᠤᠵᠠᠢ᠃ ᠬᠠᠯᠠᠭᠠᠬᠰᠠᠨ ᠲᠠᠢ ᠰᠤᠴᠢᠬᠰᠠᠨ ᠲᠠᠢ ᠠᠭᠤᠷᠯᠠᠭᠰᠠᠨ ᠬᠦᠴᠦᠨ ᠳᠡᠭᠡᠨ ᠪᠤᠭᠤᠨᠢ ᠮᠦᠷᠳᠡᠭᠡᠨ ᠪᠦᠳᠦᠭᠦᠨ ᠬᠤᠷᠤᠭᠤ ᠪᠠᠷ ᠢᠶᠠᠨ | ᠬᠤᠷᠤᠭᠤᠨ ᠤᠷᠤᠮ ᠭᠠᠷᠳᠠᠯ᠎ᠠ ᠠᠯᠠᠭ᠎ᠠ ᠪᠤᠭᠤᠷᠰᠤᠭ ᠠᠮᠰᠠᠭᠤᠯᠬᠤ ᠨᠢ ᠲᠡᠷᠡ᠃ ᠲᠡᠭᠷᠢ ᠭᠠᠵᠠᠷ ᠨᠠᠶᠢᠯᠡᠨᠡ ᠭᠡᠰᠡᠨ ᠦᠭᠡ᠃ ᠲᠦᠩᠭᠡᠵᠢ ᠰᠠᠷ᠎ᠠ ᠲᠦᠭᠦᠷᠦᠭᠰᠡᠨ | ᠬᠡᠤᠬᠡᠳ ᠢᠶᠠᠨ ᠲᠡᠪᠡᠷᠢᠭᠡᠳ ᠶᠠᠪᠤᠴᠢᠬᠠᠯ᠎ᠠ᠃ ᠤᠴᠢᠵᠦ ᠪᠤᠷᠤᠭᠤ ᠬᠦᠯᠢᠶᠡᠭᠰᠡᠨ ᠴᠢᠨᠢ ᠠᠭᠤᠴᠢᠯᠠᠬᠤ ᠬᠦᠮᠦᠨ ᠨᠢᠭᠡ ᠴᠤ ᠪᠠᠶᠢᠬᠤ ᠦᠭᠡᠢ᠃ ᠬᠠᠳᠠᠮ ᠡᠵᠢ ᠨᠢ | ᠲᠠᠮᠠᠬᠢ ᠪᠠᠨ ᠰᠠᠪᠰᠠᠭᠤᠯᠤᠨ᠄ | ᠡᠬᠡ ᠴᠢᠨᠢ ᠢᠷᠡᠵᠦ ᠮᠦᠷᠭᠦᠭᠡᠳ ᠭᠤᠶᠤᠪᠠᠯ ᠪᠤᠳᠤᠯᠬᠢᠯᠠᠵᠤ ᠦᠵᠡᠶ᠎ᠡ ᠭᠡᠵᠦ ᠲᠠᠰᠤ ᠲᠤᠤᠭᠠᠷᠴᠠᠢ᠃ ᠭᠡᠷᠡᠯᠮ᠎ᠠ ᠬᠦᠦ ᠶᠢᠨ ᠢᠶᠠᠨ ᠲᠥᠯᠥᠭᠡ ᠤᠯᠠᠭᠠᠨ ᠨᠢᠭᠤᠷ | ᠢᠶᠠᠨ ᠲᠦᠷᠡᠶᠢᠯᠡᠵᠦ ᠠᠭᠤᠴᠢᠯᠠᠯ ᠭᠤᠶᠤᠬᠤ ᠪᠠᠷ ᠤᠴᠢᠪᠠ᠃ ᠲᠥᠷᠥᠯ ᠨᠦᠭᠦᠳ ᠨᠢ ᠵᠤᠳᠤᠭᠠᠴᠢᠨ ᠤ ᠲᠤᠯᠤᠭᠠᠢ ᠰᠢᠭ᠋ ᠨᠢᠭᠡ ᠨᠢ ᠨᠢᠭᠡᠨ ᠠᠴᠠ ᠪᠠᠨ ᠰᠦᠷᠳᠡᠢ | ᠵᠤᠭᠰᠤᠨ᠎ᠠ᠃ ᠭᠡᠷᠡᠯᠮ᠎ᠠ ᠲᠦᠷᠪᠡ ᠮᠦᠴᠢᠯᠡᠵᠦ ᠲᠤᠬᠤ ᠪᠠᠨ ᠴᠤᠭᠤᠯᠤᠴᠢᠮᠠᠷ ᠮᠦᠷᠭᠦᠯ᠎ᠡ᠃ ᠵᠤᠳᠤᠯᠳᠤᠵᠦ ᠪᠠᠶᠢᠭ᠎ᠠ ᠲᠠᠬᠢᠶ᠎ᠠ ᠰᠢᠭ᠋ ᠲᠤᠯᠤᠭᠠᠨ ᠮᠠᠭᠤ ᠶᠢ ᠨᠢ | ᠲᠤᠷᠠᠤᠠᠴᠤ᠂ ᠶᠢᠰᠦᠨ ᠪᠤᠯᠴᠢᠷᠬᠠᠢ ᠶᠢ ᠨᠢ ᠲᠡᠭᠦᠨ᠎ᠡ᠃ ᠡᠵᠢ ᠪᠠᠨ ᠬᠠᠷᠠᠭᠠᠳ ᠵᠢᠷᠦᠬᠡ ᠨᠢ ᠰᠢᠮᠰᠢᠷᠡᠭᠰᠡᠨ ᠵᠠᠶᠠᠭᠠᠬᠦᠦ ᠲᠡᠰᠬᠦ ᠪᠠᠨ ᠪᠤᠯᠢᠵᠦ᠄ | — ᠲᠦᠮᠡᠨ ᠤ ᠦᠷ᠎ᠡ ᠪᠠᠷ ᠮᠤᠩᠳᠠᠭᠠ ᠤᠤ︖ ᠲᠠᠩᠴᠦ ᠬᠦᠮᠦᠨ ᠤ ᠬᠢᠷᠢ ᠪᠠᠷ ᠠᠭᠠᠰᠢᠯᠠᠵᠦ ᠪᠠᠶᠢᠨ᠎ᠠ ᠭᠡᠳ ᠡᠷᠭᠦᠭᠦ ᠳᠤ ᠡᠪᠤᠳᠤᠭ᠌ ᠨᠢ ᠨᠤᠭᠤᠷᠠᠨ | ᠵᠤᠭᠰᠤᠵᠤ ᠲᠡᠶᠢᠯᠬᠦ ᠦᠭᠡᠢ ᠨᠠᠶᠢᠭᠤᠨ᠎ᠠ᠃ ᠰᠠᠷ᠎ᠠ ᠪᠤᠯᠤᠭᠰᠠᠨ ᠦᠭᠡᠢ ᠬᠠᠤᠯᠢ ᠶᠢᠨ ᠬᠤᠷᠢᠶ᠎ᠠ ᠳᠤ ᠤᠴᠢᠨ ᠤᠷᠤᠭ ᠰᠠᠯᠤᠯ᠎ᠠ᠃ ᠭᠡᠷᠡᠯᠮ᠎ᠠ ᠤᠮᠪᠤᠯᠤ ᠢᠶᠠᠨ ᠲᠡᠪᠡᠷᠢᠶᠠ | ᠭᠡᠵᠦ ᠲᠡᠷᠭᠡᠳᠡ ᠨᠢ ᠬᠦᠷᠴᠡᠢ᠃ ︽ᠪᠡᠷᠢ︾᠄ | — ᠮᠢᠨᠦ ᠬᠡᠤᠬᠡᠳ ᠲᠠ ᠨᠠᠷ ᠲᠠᠢ ᠬᠢᠯᠭᠠᠰᠤᠨ ᠴᠢᠨᠡᠭᠡᠨ ᠬᠠᠷᠢᠴᠠᠭ᠎ᠠ ᠦᠭᠡᠢ ᠭᠡᠳ ᠲᠡᠪᠡᠷᠢᠨ ᠴᠠᠰᠢ ᠶᠠᠪᠤᠯ᠎ᠠ᠃ ︽ᠬᠠᠷᠢᠴᠠᠭ᠎ᠠ ᠦᠭᠡᠢ ᠪᠤᠯ ᠨᠠᠰᠤᠨ | ᠵᠡᠷᠭᠡ ᠳᠤ ᠬᠦᠷᠳᠡᠯ᠎ᠡ ᠨᠢ ᠵᠤᠭᠤᠰ ᠥᠭᠭᠦᠭᠡᠳ ᠶᠠᠭᠠᠬᠢᠬᠤ ᠪᠢᠯᠡ︾ ᠭᠡᠰᠡᠨ ᠦᠭᠡ ᠪᠠᠨ ᠬᠡᠯᠡᠨ ᠲᠤᠤᠷ᠎ᠠ ᠪᠠᠨ ᠲᠠᠷᠤᠭᠰᠠᠨ ᠭᠡᠷᠡᠯᠮ᠎ᠠ ᠨᠢᠯᠪᠤᠰᠤᠨ ᠴᠠᠭᠠᠷᠢᠭ ᠲᠠᠢ | ᠬᠤᠴᠤᠷᠴᠠᠢ᠃ | ᠵᠡᠭᠦᠳᠦ ᠪᠤᠳᠤᠯ ᠰᠢᠭ᠋ ᠵᠡᠷᠭᠡᠯᠭᠡᠨ ᠮᠡᠳᠤ ᠲᠠᠪᠠᠯᠭᠠᠯᠠᠭᠠᠳ ᠲᠤᠭᠤᠯᠤᠭᠰᠠᠨ ᠬᠦᠦ ᠶᠢᠨ ᠢᠶᠠᠨ ᠠᠮᠢᠳᠤᠷᠠᠯ ᠳᠤ ᠭᠡᠷᠡᠯᠮ᠎ᠠ ᠰᠠᠨᠠᠭ᠎ᠠ ᠪᠠᠷ ᠤᠨᠠᠭᠠᠳ ᠬᠡᠳᠤᠨ ᠵᠢᠯ | ᠡᠪᠡᠤᠠᠴᠢᠯᠡᠭᠡᠳ ᠠᠷᠠᠢ ᠴᠢᠷᠠᠢ ᠭᠡᠵᠦ ᠪᠤᠰᠴᠠᠢ᠃ ᠵᠠᠶᠠᠭᠠᠬᠦᠦ ᠴᠤ ᠦᠭᠡ ᠲᠠᠭᠤᠨ ᠴᠦᠬᠡᠷᠡᠵᠦ᠂ ᠵᠤᠵᠢᠭ ᠢᠮᠠᠭ᠎ᠠ ᠰᠢᠭ᠋ ᠶᠠᠪᠤᠵᠦ ᠪᠠᠶᠢᠭᠰᠠᠨ ᠢᠶᠠᠨ ᠤᠬᠠᠭ᠎ᠠ | ᠤᠷᠤᠭᠰᠠᠨ ᠰᠢᠭ᠋ ᠠᠵᠢᠯ ᠲᠡᠭᠡᠷ᠎ᠡ ᠪᠠᠨ ᠰᠠᠨᠠᠭ᠎ᠠ ᠪᠠᠨ ᠲᠥᠪᠯᠡᠷᠡᠭᠦᠯᠵᠠᠢ᠃ ᠡᠵᠢ ᠬᠦᠦ ᠬᠤᠶᠠᠷ ᠢ ᠦᠷᠢ ᠰᠢᠷᠢ ᠰᠡᠭᠦᠯᠳᠡᠨ ᠲᠠᠭᠠᠵᠦ᠂ ᠪᠦᠭᠡᠰᠤ ᠠᠷᠪᠢᠳᠠᠪᠠᠯ | ᠬᠠᠵᠠᠬᠤ ᠪᠠᠨ ᠮᠡᠳᠡᠬᠦ ᠦᠭᠡᠢ ᠦᠷᠢ ᠶᠡᠬᠡᠳᠡᠪᠡᠯ ᠦᠭᠬᠦ ᠪᠠᠨ ᠮᠡᠳᠡᠬᠦ ᠦᠭᠡᠢ ᠭᠡᠭᠴᠢ ᠲᠠ ᠬᠤᠶᠠᠷ ᠲᠤ ᠪᠤᠯᠵᠠᠢ︾ ᠭᠡᠰᠡᠨ ᠦᠭᠡ ᠴᠢᠬᠢᠨ ᠬᠡᠩᠭᠡᠷᠭᠡ ᠶᠢ ᠨᠢ | ᠲᠤᠷᠬᠢᠨ᠎ᠠ᠃ ᠵᠠᠶᠠᠭᠠᠬᠦᠦ ᠴᠠᠬᠢᠯᠭᠠᠨ ᠲᠤᠭᠤᠢ ᠪᠠᠨ ᠤᠨᠤᠵᠤ ᠬᠦᠷᠢᠶᠠᠨ ᠠᠴᠠ ᠭᠠᠷᠳᠠᠯ᠎ᠠ ᠲᠠᠨᠢᠯ ᠲᠠᠢ ᠪᠠᠨ ᠠᠶᠠᠭ᠎ᠠ ᠠᠮᠠ ᠰᠢᠭ᠋ ᠲᠠᠭᠠᠷᠠᠯᠳᠤᠵᠠᠢ᠃ ᠮᠡᠨᠳᠤ ᠵᠦᠷᠢᠯᠡ | ᠃ | — ᠬᠡᠵᠢᠶ᠎ᠡ ᠢᠷᠡᠪᠡ ᠤᠤ︖ ᠮᠠᠯ ᠲᠥᠯᠯᠡᠵᠦ ᠪᠠᠶᠢᠨ᠎ᠠ ᠤᠤ︖ ᠬᠦᠢᠳᠡᠨ ᠬᠠᠪᠰᠤᠷᠭ᠎ᠠ ᠶᠡᠭᠡ ᠤᠤ ᠭᠡᠵᠦ ᠨᠢᠭᠡ ᠯᠡ ᠠᠮᠢᠰᠬᠤᠭ᠎ᠠ ᠪᠠᠷ ᠤᠭᠰᠠᠷᠠᠭᠤᠯᠤᠨ | ᠠᠰᠠᠭᠤᠵᠠᠢ᠃ | — ᠤᠳᠤᠬᠢ ᠶᠢᠨ ᠮᠠᠯ ᠲᠥᠯᠯᠡᠬᠦ ᠪᠤᠯᠴᠢᠬᠠᠭᠰᠠᠨ ᠴᠢᠨᠢ ᠦᠨᠡᠬᠡᠷ ᠶᠠᠷᠰᠢᠭ ᠲᠠᠢ᠂ ᠡᠬᠡ ᠨᠢ ᠴᠠᠶᠢᠷᠠᠵᠦ ᠴᠢᠳᠠᠬᠤ ᠦᠭᠡᠢ ᠭᠡᠵᠦ ᠤᠴᠡᠭᠠᠷᠯᠠᠨᠠ᠃ | ᠵᠠᠶᠠᠭᠠᠬᠦᠦ᠄ | — ᠲᠡᠯᠡᠪᠴᠢ ᠵᠡᠬᠦᠯᠭᠡᠬᠦ ᠪᠠᠨ ᠪᠠᠶᠢᠴᠢᠬᠠᠭᠰᠠᠨ ᠶᠤᠮ ᠴᠢᠨᠢ᠂ ᠪᠠᠭ᠎ᠠ ᠪᠠᠶᠢᠬᠤ ᠳᠤ ᠬᠦᠳᠡᠭᠡᠨ ᠤ ᠬᠤᠴᠠ ᠤᠬᠤᠨ᠎ᠠ ᠲᠡᠯᠡᠪᠴᠢ ᠵᠡᠭᠦᠳᠡᠭ ᠪᠠᠶᠢᠭᠰᠠᠨ᠂ ᠤᠳᠤ | ᠬᠠᠷᠢᠨ ᠬᠤᠳᠠ ᠶᠢᠨ ᠴᠠᠬᠢᠯᠭᠠᠨ ᠲᠤᠭᠤᠢ ᠲᠡᠷᠭᠡ ᠲᠡᠯᠡᠪᠴᠢ ᠵᠡᠭᠦᠭᠦ ᠪᠤᠯᠵᠠᠢ᠃ ᠲᠤᠷᠢᠭᠤᠨ ᠡᠪᠤᠳᠤᠭ᠌ ᠢᠶᠠᠷ ᠲᠤᠯᠠᠭᠠᠨ ᠶᠤᠮ᠃ ᠢᠯᠡᠭᠦᠦ ᠦᠭᠡ ᠴᠠᠭ ᠤᠨ | ᠭᠠᠷᠤᠵᠠ ᠢᠷ ᠦᠭᠡᠢ ᠰᠦᠬᠡ ᠮᠤᠳᠤᠨ ᠤ ᠭᠠᠷᠤᠵᠠ ᠭᠡᠳᠡᠭ ᠢᠶᠠᠷ ᠭᠡᠳᠡᠰᠦ ᠬᠤᠷᠴᠢᠬᠢᠨᠠᠭᠠᠳ ᠭᠤᠷᠢ ᠦᠭᠡᠢ ᠨᠢ᠂ ᠠᠮᠢ ᠪᠠᠨ ᠪᠤᠷᠤᠯᠠᠭᠤᠯᠬᠤ ᠪᠠᠷ ᠶᠠᠪᠤᠵᠤ ᠪᠠᠶᠢᠨ᠎ᠠ | ᠭᠡᠳ ᠬᠦᠳᠡᠯᠵᠡᠢ᠃ ᠮᠦᠰᠦᠨ ᠲᠡᠭᠡᠭᠦᠷ ᠥᠩᠭᠡᠷᠡᠳᠡᠯ᠎ᠡ ᠮᠤᠲ᠋ᠤᠷ ᠲᠠᠢ ᠬᠦᠮᠦᠨ ᠶᠠᠭᠤ ᠶᠠᠭᠤ ᠦᠭᠡᠢ ᠮᠦᠷᠭᠦᠵᠡᠢ᠃ ᠬᠠᠵᠠᠭᠤᠯᠳᠠᠨ ᠤᠨᠠᠭᠰᠠᠨ ᠮᠤᠲ᠋ᠤᠷ ᠪᠤᠯᠤᠨ | ᠴᠠᠬᠢᠯᠭᠠᠨ ᠲᠤᠭᠤᠢ ᠲᠡᠷᠭᠡᠨ ᠤ ᠪᠤᠯᠤ ᠨᠢ ᠡᠷᠭᠢᠯᠳᠦᠬᠦ ᠪᠠᠷ ᠢᠶᠠᠨ ᠡᠷᠬᠢᠯᠳᠦᠨ᠎ᠡ᠃ ᠮᠤᠲ᠋ᠤᠷ ᠤᠨ ᠡᠵᠡᠨ᠄ | — ᠬᠦᠶ᠋ᠢ ᠬᠦᠶ᠋ᠢ᠂ ᠲᠡᠭᠦᠦ ᠮᠢᠨᠢ ᠵᠦᠭᠡᠷ ᠤᠤ︖ ᠮᠤᠷᠢ ᠪᠤᠯ ᠰᠤᠭᠳᠤᠭᠤ ᠳᠤ ᠡᠶᠡᠯᠰᠡᠭ ᠪᠠᠶᠢᠳᠠᠭ᠃ ᠡᠨᠡ ᠮᠠᠭᠤᠰᠠᠶᠢᠨ ︽ᠲᠡᠮᠦᠷ ᠭᠤᠤᠯ ᠲᠠᠢ ᠮᠤᠷᠢ︾ | ᠱᠠᠯ ᠬᠡᠷᠡᠭ ᠦᠭᠡᠢ ᠡᠳ᠋ ᠪᠠᠶᠢᠨ᠎ᠠ ᠭᠡᠳ ᠡᠷᠭᠦᠵᠡᠢ᠃ ᠵᠠᠶᠠᠭᠠᠬᠦᠦ ᠶᠢᠨ ᠭᠠᠷ ᠨᠢ ᠬᠤᠭᠤᠷᠤᠭᠰᠠᠨ ᠲᠤᠯᠠ ᠱᠡᠬᠢᠷᠠᠨ ᠡᠪᠡᠳᠤᠨᠡ᠃ ᠶᠠᠭᠤ ᠴᠤ ᠭᠡᠰᠡᠨ ᠡᠮᠨᠡᠯᠭᠡ ᠳᠤ | ᠬᠦᠷᠭᠡᠯ᠎ᠡ᠃ ᠡᠬᠡᠨᠡᠷ ᠬᠡᠤᠬᠡᠳ ᠦᠭᠡᠢ ᠠᠯᠠ ᠲᠤᠯᠤᠭᠠᠢ ᠠᠴᠠ ᠦᠭᠡᠷ᠎ᠡ ᠶᠠᠭᠤ ᠴᠤ ᠠᠯᠠᠭ᠎ᠠ᠃ ︽ᠠᠪᠤᠪᠠᠯ ᠠᠮᠢ ᠪᠠᠶᠢᠨ᠎ᠠ︾ ᠭᠡᠰᠡᠨ ᠯᠦᠳ᠋ ᠰᠢᠭ ᠠᠮᠢᠳᠠᠨ ᠠᠴᠠ | ᠰᠤᠬᠤᠷ ᠮᠦᠩᠭᠦ ᠴᠤ ᠤᠯᠵᠤ ᠲᠠᠶᠢᠯᠬᠦ ᠦᠭᠡᠢ ᠪᠠᠨ ᠪᠠᠷᠤᠭᠯᠠᠭᠰᠠᠨ ᠵᠠᠶᠠᠭᠠᠬᠦᠦ ︽ᠬᠤᠷᠳᠤᠨ ᠴᠠᠰᠢ ᠪᠠᠨ᠂ ᠪᠢᠳᠡᠬᠡᠢ ᠨᠢᠳᠤᠨ ᠤ ᠬᠤᠭ ᠪᠤᠯᠤᠭᠠᠳ ᠪᠠᠢ︾ ᠭᠡᠬᠦ | ᠰᠢᠭ ᠭᠠᠷ ᠢᠶᠠᠷ ᠢᠶᠠᠨ ︽ᠶᠠᠪᠤ︾ ᠭᠡᠰᠡᠨ ᠲᠤᠬᠢᠶ᠎ᠠ ᠥᠭᠭᠦᠭᠰᠡᠨ ᠴᠢᠨᠢ ᠤᠮ ᠬᠤᠮ ᠦᠭᠡᠢ ᠤᠤᠠᠴᠠᠢ᠃ ᠬᠤᠰᠢᠭᠤᠨ ᠤ ᠡᠮᠨᠡᠯᠭᠡ ᠠᠴᠠ ᠠᠶᠢᠮᠠᠭ ᠤᠨ ᠡᠮᠨᠡᠯᠭᠡ ᠶᠢᠨ | ᠬᠤᠷᠢᠶᠠᠨ ᠳᠤ ᠰᠢᠯᠵᠢᠵᠡᠢ᠃ ᠶᠠᠭ ᠯᠡ ︽ᠬᠠᠮᠠᠷ ᠲᠤᠨᠢ ᠤᠳᠤᠭ᠎ᠠ ᠤᠷᠤᠭᠤᠯᠬᠤ ᠦᠭᠡᠢ ᠪᠤᠯ ᠤᠬᠠᠭᠠᠷᠠᠬᠤ ᠦᠭᠡᠢ︾ ᠭᠡᠵᠦ ᠡᠪᠳᠡᠭᠦᠯᠦᠭᠡᠳ ᠭᠤᠷᠢ ᠦᠭᠡᠢ᠃ | ᠵᠠᠶᠠᠭᠠᠬᠦᠦ ᠡᠵᠢ ᠳᠡᠭᠡᠨ ᠤᠳᠠᠰᠤᠳᠠᠵᠤ᠄ | — ᠮᠦᠮᠦ︕ ᠪᠢ ᠲᠠᠨ ᠢ ᠰᠠᠨᠠᠵᠤ ᠪᠠᠶᠢᠨ᠎ᠠ᠃ ᠡᠨᠡ ᠮᠠᠭᠤᠰᠠᠶᠢᠨ ᠡᠮᠴᠢ ᠡᠮ ᠢᠶᠠᠨ ᠲᠤᠳᠠᠭᠤ ᠵᠠᠷᠤᠭᠠᠳ ᠡᠪᠡᠤᠠᠬᠦ ᠶᠢ ᠵᠤᠭᠰᠤᠭᠠᠬᠤ ᠦᠭᠡᠢ ᠦ ᠦ ᠁ | ᠭᠡᠳ ᠴᠢᠨᠡᠭᠡ ᠮᠡᠳᠡᠨ ᠤᠬᠢᠯᠠᠵᠠᠢ᠃ ᠭᠡᠷᠡᠯᠮ᠎ᠠ ᠰᠠᠨᠳᠤᠷᠴᠤ᠄ | — ᠪᠢᠳᠡᠬᠡᠢ ᠤᠬᠢᠯᠠ ᠬᠦᠦ ᠮᠢᠨᠢ︕ ᠮᠦᠮᠦ ᠨᠢ ᠤᠴᠢᠶ᠎ᠠ ᠭᠡᠳ ᠲᠡᠰᠦᠭᠰᠡᠨ ᠦᠭᠡᠢ ᠵᠠᠶᠢᠷ ᠭᠦᠶᠦᠯᠭᠡᠨ᠎ᠡ᠃ ᠬᠤᠳᠠ ᠤᠷᠤᠪᠠᠯ ᠵᠦᠭ ᠴᠢᠭ ᠢᠶᠠᠨ | ᠢᠯᠭᠠᠬᠤ ᠦᠭᠡᠢ ᠡᠵᠢ ᠪᠠᠨ ᠬᠦᠦ ᠨᠢ ᠲᠤᠰᠬᠤ ᠪᠠᠷ ᠤᠴᠢᠪᠠ᠃ ᠤᠯᠠᠨ ᠤ ᠲᠤᠮᠳᠠᠭᠤᠷ ᠦᠭᠡᠷ᠎ᠡ ᠰᠦᠷᠦᠭ ᠤᠨ ᠲᠤᠳᠤᠷ᠎ᠠ ᠬᠤᠷᠠᠭ᠎ᠠ ᠪᠠᠨ ᠡᠷᠢᠭᠰᠡᠨ ᠬᠤᠨᠢ ᠰᠢᠭ᠋ | ᠡᠶᠢᠰᠢ ᠲᠡᠶᠢᠰᠢ ᠠᠵᠢᠭᠯᠠᠨ᠂ ᠮᠠᠶᠢᠵᠢᠬᠢ ᠬᠠᠶᠢᠵᠢᠬᠢ ᠰᠠᠵᠢᠯᠠᠨ᠎ᠠ᠃ ᠵᠠᠶᠠᠭᠠᠬᠦᠦ ᠡᠬᠡ ᠪᠠᠨ ᠦᠵᠡᠭᠰᠡᠨ ᠢᠨᠵᠠᠭ᠎ᠠ ᠰᠢᠭ᠋ ᠤᠴᠢᠮᠠᠭᠴᠠ᠄ | — ᠡᠵᠢ ᠲᠠᠢ ᠬᠦᠮᠦᠨ ᠡᠯᠢᠭᠡ ᠪᠦᠳᠦᠨ ᠭᠡᠳᠡᠭ ᠦᠨᠡᠨ ᠪᠠᠶᠢᠵᠠᠢ᠃ ᠡᠵᠢ ᠲᠠᠢ ᠶᠠᠪᠤᠬᠤ ᠶᠠᠭᠠᠬᠢᠭᠰᠠᠨ ᠰᠠᠶᠢᠬᠠᠨ ᠪᠤᠢ ᠭᠡᠵᠦ ᠬᠦᠵᠦᠭᠦᠳᠡᠭᠡᠳ᠂ ᠮᠦᠷᠦ ᠶᠢ | ᠨᠢ ᠨᠤᠷᠠᠳᠠᠯᠠ ᠲᠠᠭᠤ ᠲᠠᠯᠪᠢᠨ ᠤᠬᠢᠯᠠᠴᠢᠬᠠᠪᠠ᠃ ︽ᠤᠯᠠᠭᠠᠨ ᠪᠠᠭᠯᠠᠭ᠎ᠠ︾ ᠱᠠᠮᠰᠢᠭᠰᠠᠨ ᠡᠮᠴᠢ ᠶᠢᠨ ᠴᠢᠷᠠᠢ ᠲᠡᠨᠡᠶᠢᠵᠦ ᠴᠢᠨᠠᠷᠯᠢᠭ ᠦᠨᠡᠳᠡᠢ ᠡᠮ ᠢᠶᠠᠨ | ᠵᠠᠷᠤᠴᠢᠬᠠᠯᠠ᠃ ᠬᠠᠭᠠᠰ ᠰᠠᠷ᠎ᠠ ᠬᠢᠷᠢᠳᠡᠢ ᠬᠠᠶᠢᠷᠠᠳᠤ ᠡᠵᠢ ᠶᠢᠨ ᠢᠶᠠᠨ ᠬᠠᠯᠠᠮᠵᠢᠯᠠᠯ ᠲᠤᠳᠤᠮᠳᠠᠯᠭ᠎ᠠ᠂ ᠨᠢᠮᠪᠠᠢ ᠠᠰᠠᠷᠠᠭᠰᠠᠨ ᠤ ᠠᠴᠢ ᠳᠤ ᠵᠠᠶᠠᠭᠠᠬᠦᠦ ᠴᠤ | ᠡᠷᠡᠭᠦᠯᠵᠢᠵᠡᠢ᠃ | ᠤᠨ ᠵᠢᠯ ᠵᠤᠷᠰᠢᠯ ᠶᠤᠰᠤᠭᠠᠷ ᠢᠶᠠᠨ ᠶᠠᠭᠤ ᠶᠢ ᠴᠤ ᠬᠦᠯᠢᠶᠡᠬᠦ ᠦᠭᠡᠢ ᠤᠷᠤᠰᠤᠨ ᠤᠳᠤᠭᠰᠠᠭᠠᠷ ᠨᠢᠭᠡ ᠮᠡᠳᠡᠬᠦ ᠳᠤ ᠪᠠᠰᠠ ᠲᠠᠪᠤᠨ ᠤᠨ ᠥᠩᠭᠡᠷᠡᠪᠡ᠃ ᠪᠠᠭ᠎ᠠ | ᠦᠳᠡ ᠥᠩᠭᠡᠷᠡᠵᠦ᠂ ᠬᠤᠳᠠ ᠶᠢᠨ ᠠᠶᠢᠯ ᠤᠳ ᠠᠵᠢᠯ ᠠᠴᠠ ᠪᠠᠨ ᠪᠠᠭᠤᠵᠤ ᠬᠠᠷᠢᠭᠠᠳ᠂ ᠬᠤᠭᠤᠯᠠ ᠪᠤᠳᠠᠭ᠎ᠠ ᠬᠢᠬᠦ ᠪᠠᠷ ᠪᠤᠵᠢᠬᠢᠨᠠᠯᠳᠤᠨᠠ᠃ ᠵᠠᠶᠠᠭᠠᠬᠦᠦ ᠡᠵᠢ | ᠲᠠᠢ ᠪᠠᠨ ᠬᠤᠶᠠᠭᠤᠯᠠ ᠨᠤᠭᠤᠭ᠎ᠠ ᠴᠠᠭ᠎ᠠ ᠠᠷᠢᠯᠭᠠᠨ᠂ ᠲᠤᠭᠤᠭ᠎ᠠ ᠰᠢᠨᠠᠭ᠎ᠠ ᠲᠠᠢ ᠨᠤᠴᠤᠯᠳᠤᠨ᠂ ᠪᠢᠯᠵᠤᠤᠬᠠᠢ ᠶᠢᠨ ᠶᠡᠷᠢᠶ᠎ᠠ ᠪᠤᠯᠤᠨ᠎ᠠ᠃ ᠵᠠᠶᠠᠭᠠᠬᠦᠦ᠄ | — ᠡᠨᠡ ᠬᠡᠳᠦᠨ ᠵᠢᠯ ᠬᠦᠦ ᠴᠢᠨᠢ ᠠᠵᠢᠯ ᠲᠠᠭᠠᠨ ᠰᠢᠮᠳᠠᠭᠰᠠᠨ ᠢᠶᠠᠷ ᠤᠳᠤᠷᠢᠳᠤᠯᠭ᠎ᠠ ᠶᠢᠨ ᠢᠶᠠᠨ ᠬᠦᠨᠳᠦᠤᠠᠭᠡᠯ ᠢ ᠬᠦᠷᠳᠡᠵᠦ᠂ ᠮᠠᠰᠢ ᠠᠷᠪᠢᠨ ᠱᠠᠩᠨᠠᠯ | ᠬᠦᠬᠢᠭᠦᠯᠦᠯ ᠤᠯᠵᠤ᠂ ᠨᠡᠶᠢᠳᠡ ᠠᠷᠪᠠᠭᠠᠳ ᠲᠦᠮᠡᠨ ᠲᠦᠭᠦᠷᠢᠭ ᠤᠨ ᠱᠠᠩᠨᠠᠯ ᠤᠨ ᠮᠦᠩᠭᠦ ᠤᠯᠵᠤ᠂ ᠴᠠᠯᠢᠩ ᠬᠦᠯᠦᠰᠦ ᠨᠡᠮᠡᠭᠳᠡᠯ᠎ᠡ᠃ ᠭᠠᠳᠠᠨ᠎ᠠ ᠪᠠᠶᠢᠭᠰᠠᠨ ᠦᠷᠢ | ᠰᠢᠷᠢᠭᠳᠡᠯ ᠢᠶᠠᠨ ᠪᠦᠬᠦᠨ ᠶᠢ ᠨᠢ ᠪᠦᠭᠯᠡᠴᠢᠬᠡᠯᠡ᠃ ᠥᠯᠡᠳᠡᠭᠰᠡᠨ ᠵᠤᠭᠤᠰ ᠪᠠᠷ ᠨᠢ ᠤᠳᠤ ᠮᠦᠮᠦ ᠳᠤ ᠨᠠᠰᠤᠵᠢᠯ ᠤᠨ ᠲᠠᠭᠠᠳᠬᠠᠯ ᠲᠤᠰᠢᠶᠠᠵᠦ ᠦᠭᠭᠦᠯ᠎ᠡ᠂ | ᠲᠠᠷᠠᠭ᠎ᠠ ᠰᠠᠷ᠎ᠠ ᠠᠴᠠ ᠴᠠᠯᠢᠩ ᠢᠳᠡᠴᠢᠬᠡᠨ᠎ᠡ ᠰᠢᠤ ᠭᠡᠳ ᠪᠡᠷᠢᠮᠳᠠ ᠪᠤᠯᠤᠨ ᠡᠵᠢ ᠶᠢᠨ ᠢᠶᠠᠨ ᠴᠠᠯᠢᠩ ᠤᠨ ᠲᠡᠪᠳᠡᠷ ᠢ ᠨᠢ ᠡᠵᠢ ᠳᠡᠭᠡᠨ ᠦᠭᠭᠦᠯ᠎ᠡ᠃ | — ᠪᠠᠶᠢᠭ᠂ ᠪᠠᠶᠢᠭ᠂ ᠶᠠᠭᠠᠬᠢᠬᠤ ᠨᠢ ᠪᠤᠢ︖ ᠵᠢᠷᠠ ᠭᠠᠷᠤᠭᠰᠠᠨ ᠮᠠᠭᠤ ᠬᠦᠭᠰᠢᠨ ᠲᠤᠯᠤᠭᠠᠢ ᠮᠠᠭᠤ ᠭᠠᠭᠴᠠᠬᠠᠨ ᠬᠦᠦ ᠳᠡᠭᠡᠨ ᠢᠩᠬᠢᠵᠦ ᠲᠠᠷᠤᠭᠠᠰᠤ | ᠪᠤᠯᠤᠨ᠎ᠠ ᠭᠡᠳᠡᠭ ᠴᠢᠨᠢ᠃ ᠬᠦᠦ ᠮᠢᠨᠢ ᠲᠡᠷᠡ ᠵᠤᠭᠤᠰ ᠢᠶᠠᠨ ᠬᠠᠳᠠᠭᠠᠯᠠᠵᠤ ᠪᠠᠶᠢᠭᠠᠳ ᠬᠦᠭᠡᠷᠦᠬᠦᠢ ᠳᠡᠭᠡᠨ ᠥᠭ᠃ ᠦᠬᠢᠨ ᠢᠶᠠᠨ ᠪᠢᠳᠡ ᠦᠵᠡᠵᠦ ᠲᠠᠨᠢᠯᠴᠠᠵᠦ | ᠲᠡᠶᠢᠯᠬᠦ ᠦᠭᠡᠢ ᠴᠤ ᠬᠠᠥᠯᠢ ᠶᠤᠰᠤᠨ ᠤ ᠠᠰᠠᠷᠠᠮᠵᠢ ᠬᠠᠷᠠᠭᠠᠯᠵᠠᠯᠠᠯ ᠤᠨ ᠰᠦᠢᠤᠠᠭᠡᠯ ᠢ ᠨᠢ ᠲᠤᠭ᠎ᠠ ᠶᠤᠰᠤᠭᠠᠷ ᠥᠭᠴᠦ ᠪᠠᠶᠢᠶ᠎ᠠ ᠳ᠋ᠠ᠃ ᠴᠢ ᠬᠦᠮᠦᠨ ᠤ ᠦᠷ᠎ᠡ ᠶᠢ | ᠲᠡᠭᠡᠳᠡᠯ᠎ᠡ ᠭᠤᠮᠤᠳᠠᠭᠠᠭᠰᠠᠨ ᠶᠤᠮ ᠴᠢᠨᠢ᠂ ᠬᠦᠮᠦᠨ ᠦᠰᠢᠶᠡᠨ ᠳᠡᠭᠡᠨ ᠪᠢᠳᠡᠨ ᠳᠤ ᠢᠩᠬᠢᠵᠦ ᠬᠠᠨᠳᠤᠵᠤ ᠪᠠᠶᠢᠬᠤ ᠦᠭᠡᠢ ᠤᠤ︖ ᠰᠠᠯᠵᠦ ᠪᠤᠳᠠᠷᠠᠭᠰᠠᠨ ᠨᠢᠭᠡ | ᠡᠮᠡᠭᠳᠠᠢ ᠬᠦᠮᠦᠨ ᠭᠠᠭᠴᠠᠭᠠᠷ ᠢᠶᠠᠨ ᠨᠢᠭᠡ ᠬᠡᠤᠬᠡᠳ ᠢ ᠴᠢᠷᠴᠤ ᠦᠰᠦᠭᠡᠨᠡ ᠭᠡᠵᠦ ᠠᠮᠠᠷ ᠦᠭᠡᠢ ᠰᠢᠤ᠃ ᠡᠵᠢ ᠲᠠᠢ ᠬᠡᠤᠬᠡᠳ ᠦᠨᠦᠴᠢᠷᠡᠳᠡᠭ ᠦᠭᠡᠢ ᠶᠤᠮ᠂ | ᠦᠬᠢᠨ ᠢ ᠮᠢᠨᠢ ᠪᠠᠶᠠᠷ ᠵᠢᠷᠭᠠᠯ ᠲᠠᠢ ᠪᠠᠷ ᠡᠷᠡᠭᠦᠯ ᠪᠦᠳᠦᠨ ᠥᠰᠭᠡᠵᠦ ᠬᠦᠮᠦᠨ ᠪᠤᠯᠭᠠᠴᠢᠬᠠᠪᠠᠯ ᠪᠢᠳᠠ ᠰᠠᠨᠠᠭ᠎ᠠ ᠠᠮᠠᠷ ᠰᠢᠤ᠃ ᠪᠡᠷᠢ ᠴᠢᠨᠢ ᠪᠢᠳᠡᠨ ᠳᠤ ᠶᠠᠭᠠᠬᠢᠵᠦ | ᠬᠠᠨᠳᠤᠭᠰᠠᠨ ᠴᠤ ᠬᠠᠮᠢᠶ᠎ᠠ ᠦᠭᠡᠢ᠂ ᠬᠦᠮᠦᠨ ᠢ ᠠᠭᠤᠴᠢᠯᠠᠵᠤ ᠪᠠᠭᠳᠠᠭᠠᠵᠤ ᠰᠤᠷ ᠡ᠂ ᠬᠦᠦ ᠮᠢᠨᠢ ᠁ ᠁ ᠭᠡᠳ ᠲᠡᠭᠷᠢ ᠮᠡᠳᠦ ᠦᠷᠦᠰᠢᠶᠡᠩᠭᠦᠢ ᠰᠠᠨᠠᠭ᠎ᠠ | ᠡᠪᠤᠷᠯᠡᠵᠦ᠂ ᠬᠦᠦ ᠪᠠᠨ ᠰᠤᠷᠭᠠᠨ᠎ᠠ᠃ ᠁ ᠁ ᠁ | ᠡᠪᠡᠰᠦᠨ ᠤ ᠲᠤᠯᠤᠭᠠᠢ ᠰᠢᠷᠠᠯᠠᠵᠦ᠂ ᠤᠶᠢᠤᠠᠬᠠᠷᠳᠤ ᠨᠠᠮᠦᠷ ᠢᠷᠡᠯ᠎ᠡ᠃ ᠭᠠᠵᠠᠷ ᠲᠡᠭᠡᠷ᠎ᠡ ᠭᠠᠭᠴᠠᠬᠠᠨ ᠦᠷ᠎ᠡ ᠲᠠᠢ ᠭᠡᠷᠡᠯᠮ᠎ᠠ᠂ ᠬᠤᠶᠢᠮᠤᠷ ᠲᠤᠭᠤᠷᠢᠭᠤᠯᠵᠤ | ᠪᠤᠵᠢᠬᠢᠨᠠᠯᠳᠤᠭᠰᠠᠨ ᠬᠤᠩᠭᠤᠷ ᠠᠴᠢ ᠵᠢᠭᠡᠨᠡᠷ ᠢᠶᠠᠨ ᠦᠰᠭᠡᠬᠦ ᠶᠢᠨ ᠬᠤᠷᠸ᠎ᠠ ᠶᠢᠨ ᠬᠠᠮᠤᠭ ᠶᠡᠭᠡ ᠵᠢᠷᠭᠠᠯ ᠳᠤ ᠱᠠᠩᠳᠠᠭᠤᠷᠠᠭᠰᠠᠨ ᠲᠡᠷᠭᠡᠳᠡᠬᠢ ᠲᠦᠷᠦᠯ ᠰᠠᠳᠤᠨ ᠵᠢᠴᠢ | ᠦᠶ᠎ᠡ ᠵᠡᠷᠭᠡ ᠶᠢᠨ ᠬᠦᠮᠦᠰ ᠢ ᠦᠵᠡᠭᠡᠳ᠂ ᠭᠠᠭᠴᠠᠬᠠᠨ ᠤᠮᠪᠤᠯᠤ ᠪᠠᠨ ᠰᠠᠨᠠᠬᠤ ᠦᠭᠡᠢ ᠭᠡᠵᠦ ᠪᠠᠶᠢᠨ᠎ᠠ ᠤᠤ ᠳ᠋ᠠ᠃ ᠭᠡᠷᠡᠯᠮ᠎ᠠ ᠤᠮᠪᠤᠯᠤ ᠶᠢᠨ ᠢᠶᠠᠨ ᠰᠠᠷ᠎ᠠ ᠲᠦᠭᠦᠷᠬᠦ | ᠦᠶ᠎ᠡ ᠶᠢᠨ ᠬᠢᠨᠢ ᠪᠠᠭᠤᠯᠭᠠᠭᠰᠠᠨ ᠵᠢᠷᠤᠭ ᠰᠡᠭᠦᠳᠡᠷ ᠢ ᠨᠢ ᠤᠬᠢᠶᠠᠵᠦ ᠡᠪᠤᠷᠳᠤᠯᠡᠭᠡᠳ ᠡᠳᠦᠷᠵᠢᠨ ᠦᠵᠡᠵᠦ ᠦᠭᠦᠭᠡᠷᠳᠦᠨ ᠥᠨᠥᠰᠴᠦ᠂ ᠵᠠᠷᠢᠮ ᠳᠠᠭᠠᠨ ᠬᠦᠦ ᠶᠢᠨ | ᠢᠶᠠᠨ ᠠᠯᠳᠠᠭ᠎ᠠ ᠪᠤᠷᠤᠭᠤ ᠳᠤ ᠤᠨᠳᠤᠭᠤᠴᠠᠨ᠂ ᠭᠠᠭᠴᠠᠭᠠᠷ ᠢᠶᠠᠨ ᠲᠦᠩᠬᠢᠨᠡᠳᠡᠯᠡ ᠶᠠᠷᠢᠵᠦ᠂ ︽ᠬᠦᠦ ᠮᠢᠨᠢ᠂ ᠴᠢ ᠲᠡᠭᠡᠵᠦ ᠶᠡᠭᠡ ᠪᠢᠴᠢᠭ ᠰᠤᠶᠤᠯ ᠲᠠᠢ ᠪᠠᠶᠢᠭᠠᠳ | ᠶᠠᠭᠠᠬᠢᠭᠠᠳ ᠡᠵᠢ ᠶᠢᠨ ᠢᠶᠠᠨ ᠬᠢᠮᠦᠰᠦᠨ ᠲᠡᠳᠦᠢ ᠲᠡᠰᠪᠤᠷᠢ ᠲᠡᠪᠴᠢᠶᠡᠷᠢ ᠪᠠᠶᠢᠳᠠᠭ ᠦᠭᠡᠢ ᠪᠤᠢ︖ ᠶᠠᠭᠤ ᠭᠡᠵᠦ ᠬᠦᠮᠦᠨ ᠤ ᠬᠡᠤᠬᠡᠳ ᠢ ᠲᠡᠭᠡᠵᠦ ᠭᠤᠮᠤᠳᠠᠭᠠᠨᠠ | ᠳ᠋ᠠ ᠁ ᠁︾ ᠭᠡᠵᠦ ᠵᠢᠮᠡᠯᠡᠨ᠂ ᠤᠮᠪᠤᠯᠤ ᠪᠠᠨ ᠤᠯᠠᠮ ᠶᠡᠭᠡ ᠰᠠᠨᠠᠵᠦ᠂ ᠲᠡᠰᠬᠦ ᠦᠭᠡᠢ ᠳᠡᠭᠡᠨ ︽ᠪᠡᠷᠢ︾ ᠳᠡᠭᠡᠨ ᠬᠡᠴᠢᠨᠡᠨ ᠤᠳᠠᠰᠤ ᠠᠪᠤᠭᠰᠠᠨ ᠴᠤ ︽ | ᠪᠡᠷᠢ︾ ᠨᠢ ᠲᠤᠰᠤᠭᠰᠠᠨ ᠦᠭᠡᠢ᠃ ᠨᠢᠭᠡ ᠤᠳᠠᠭ᠎ᠠ ᠦᠪᠡᠷ ᠤᠨ ᠲᠠᠨᠢᠯ ᠢᠶᠠᠨ ᠭᠤᠶᠤᠵᠦ ︽ᠪᠡᠷᠢ︾ ᠳᠡᠭᠡᠨ ᠤᠳᠠᠰᠤᠳᠠᠭᠤᠯᠤᠭᠰᠠᠨ ᠳᠤ᠂ ︽ᠪᠡᠷᠢ︾ ᠨᠢ | ᠲᠤᠷᠠᠮᠵᠢᠬᠠᠨ ᠲᠤᠰᠴᠤ ︽ᠬᠡᠨ ᠪᠤᠢ︖ ᠤᠴᠢᠷᠳᠠᠢ ᠪᠤᠯ ᠲᠦᠷᠭᠡᠨ ᠤᠴᠢᠷ ᠢᠶᠠᠨ ᠶᠠᠷᠢ᠂ ᠪᠢ ᠪᠠᠰᠠ ᠶᠠᠭᠠᠷᠠᠵᠦ ᠪᠠᠶᠢᠨ᠎ᠠ︾ ᠭᠡᠰᠡᠨ ᠳᠤ᠂ ᠭᠡᠷᠡᠯᠮ᠎ᠠ ᠤᠳᠠᠰᠤ ᠶᠢ | ᠲᠤᠰᠴᠤ ᠠᠪᠤᠭᠠᠳ ︽ᠪᠢ ᠵᠠᠶᠠᠭᠠᠬᠦᠦ ᠶᠢᠨ ᠡᠵᠢ ᠨᠢ ᠪᠠᠶᠢᠨ᠎ᠠ᠂ ᠦᠬᠢᠨ ᠮᠢᠨᠢ᠃ ᠠᠵᠢᠯ ᠰᠤᠷᠤᠯᠭ᠎ᠠ ᠳᠠᠭᠠᠨ ᠶᠠᠭᠠᠷᠠᠵᠦ ᠪᠠᠶᠢᠨ᠎ᠠ ᠤᠤ︖ ᠪᠢ ᠥᠪᠡᠷ ᠤᠨ | ᠤᠳᠠᠰᠤ ᠪᠠᠷ ᠬᠡᠳᠦᠢ ᠤᠳᠠᠰᠤᠳᠠᠭᠰᠠᠨ ᠴᠤ ᠴᠢ ᠲᠤᠰᠤᠭᠰᠠᠨ ᠦᠭᠡᠢ᠂ ᠠᠷᠭ᠎ᠠ ᠦᠭᠡᠢ ᠬᠦᠮᠦᠨ ᠤ ᠤᠳᠠᠰᠤ ᠪᠠᠷ ᠠᠪᠤᠯ᠎ᠠ᠂ ᠪᠢ ᠤᠮᠪᠤᠯᠤ ᠪᠠᠨ ᠦᠵᠡᠶ᠎ᠡ ᠭᠡᠵᠦ | ᠰᠠᠨᠠᠵᠦ ᠪᠠᠶᠢᠨ᠎ᠠ ᠂ ᠭᠠᠷᠠᠭ ᠲᠠᠭᠠᠷᠠᠭᠤᠯᠵᠦ ᠤᠴᠢᠶ᠎ᠠ ᠂ ᠴᠢ ᠭᠠᠵᠠᠷ ᠲᠤᠭᠳᠠᠬᠤ ᠪᠤᠯᠪᠠᠤ ᠂ ᠪᠢ ᠤᠴᠢᠭᠠᠳ ᠨᠢᠭᠡ ᠴᠤ ᠭᠡᠰᠡᠨ ᠬᠠᠷᠠᠭᠠᠳ ᠠᠪᠤᠶ᠎ᠠ | ᠪᠤᠯᠬᠤ ᠤᠤ ᠁ ᠁︾ ᠭᠡᠳ ᠦᠭᠡ ᠪᠠᠨ ᠶᠠᠷᠢᠵᠦ ᠭᠠᠷᠬᠤ ᠪᠠᠨ ᠪᠤᠯᠢᠵᠦ᠂ ᠬᠤᠭᠤᠯᠠᠢ ᠨᠢ ᠡᠷᠢᠶᠡᠳᠦᠨ ᠵᠦᠭᠡᠯᠡᠨ ᠮᠡᠭᠰᠢᠬᠦ ᠳᠤ᠂ ᠥᠨᠥ ︽ᠪᠡᠷᠢ︾ ᠨᠢ | ᠤᠳᠠᠵᠤ ᠤᠳᠠᠵᠤ᠄ ︽ᠬᠦᠦ ᠴᠢᠨᠢ᠂ ᠨᠠᠮᠠᠢᠢ ᠬᠡᠤᠬᠡᠨ ᠲᠦᠷᠦᠯ᠎ᠡ ᠭᠡᠵᠦ ᠵᠢᠭᠰᠢᠵᠦ ᠬᠦᠭᠡᠭᠡᠵᠦ ᠶᠠᠪᠤᠭᠤᠯᠤᠭᠰᠠᠨ᠃ ᠡᠨᠡ ᠬᠡᠤᠬᠡᠳ ᠲᠠᠨᠤᠰ ᠲᠠᠢ ᠶᠠᠮᠠᠷᠴᠤ ᠬᠠᠮᠢᠶ᠎ᠠ | ᠦᠭᠡᠢ᠃ ᠪᠢ ᠴᠤ ᠪᠠᠰᠠ ᠲᠠᠬᠢᠵᠦ ᠠᠶᠢᠯ ᠭᠡᠷ ᠪᠤᠯᠭᠰᠠᠨ᠂ ᠮᠢᠨᠦ ᠦᠬᠢᠨ ᠤᠳᠤ ᠶᠢᠨ ᠨᠦᠬᠦᠷ ᠢ ᠲᠦᠷᠦᠭᠰᠡᠨ ᠠᠪᠤ ᠪᠠᠨ ᠭᠡᠵᠦ ᠪᠤᠳᠤᠵᠤ ᠪᠠᠶᠢᠨ᠎ᠠ᠂ ᠵᠠᠶᠠᠭᠠᠬᠦᠦ | ᠰᠢᠭ᠋ ᠲᠡᠶᠢᠮᠦ ᠠᠷᠳᠠᠭ ᠲᠤᠭᠰᠢᠨ᠂ ᠪᠤᠯᠬᠢ ᠮᠠᠭᠤᠬᠠᠢ᠂ ᠭᠠᠵᠢᠭᠤ ᠵᠡᠷᠯᠢᠭ ᠮᠠᠭᠤ ᠶᠢᠨ ᠲᠤᠶᠢᠯ ᠳᠤ ᠬᠦᠷᠦᠭᠰᠡᠨ ᠡᠴᠢᠭᠡ ᠮᠢᠨᠦ ᠦᠬᠢᠨ ᠳᠤ ᠡᠨᠡ ᠨᠠᠰᠦᠨ | ᠳᠤ ᠴᠤ ᠦᠭᠡᠢ ᠭᠡᠳᠡᠭ ᠢ ᠲᠠᠨᠤᠰ ᠮᠡᠳᠡᠭᠡᠷᠡᠢ ᠁ ᠁︾ ᠭᠡᠳ ᠤᠳᠠᠰᠤ ᠪᠠᠨ ᠲᠠᠰᠤ ᠭᠡᠳᠡᠯ᠎ᠡ ᠲᠠᠷᠤᠵᠤ ᠬᠠᠶᠠᠬᠤ ᠳᠤ᠂ ᠭᠡᠷᠡᠯᠮ᠎ᠠ ᠶᠢᠨ ᠵᠢᠷᠦᠬᠡᠨ ᠳᠤᠨᠢ | ᠬᠦᠢᠳᠡᠨ ᠤᠰᠤ ᠴᠠᠴᠤᠵᠤ᠂ ᠬᠢᠳᠤᠭ᠎ᠠ ᠪᠦᠯᠢᠭᠰᠡᠨ ᠰᠢᠭ ᠰᠢᠷᠬᠠᠯᠠᠨ ᠡᠪᠡᠳᠴᠤ᠂ ᠲᠤᠳᠤᠷ᠎ᠠ ᠨᠢ ᠬᠠᠷ᠎ᠠ ᠪᠠᠭᠤᠵᠤ᠂ ᠮᠦᠰᠦ ᠵᠠᠯᠬᠢᠭᠰᠠᠨ ᠰᠢᠭ᠋ ᠪᠤᠯᠵᠤ ᠮᠠᠨᠠᠷᠠᠨ | ᠤᠨᠠᠪᠠ᠃ ᠵᠤᠯ ᠢᠶᠠᠷ ᠪᠤᠷᠤᠬᠡᠤᠬᠡᠨ ᠲᠡᠷᠭᠡᠳᠡ ᠨᠢ ᠪᠠᠶᠢᠬᠤ ᠲᠠᠭᠠᠷᠠᠵᠦ᠂ ᠡᠪᠤᠭᠡᠨ ᠲᠠᠢ ᠪᠠᠨ ᠬᠤᠶᠠᠭᠤᠯᠠ ᠡᠮᠨᠡᠯᠭᠡ ᠳᠤ ᠤᠷᠤᠭᠤᠯᠤᠭᠰᠠᠨ ᠨᠢ ᠡᠨᠡ ᠪᠠᠶᠢᠵᠠᠢ᠃ | ︽ᠮᠠᠭᠤ ᠬᠡᠢ ᠰᠤᠯᠢᠶ᠎ᠠ ᠲᠠᠢ ᠲᠡᠭᠦᠦ ᠤᠳᠤ ᠮᠦᠮᠦ ᠪᠠᠨ ᠭᠡᠵᠦ ᠤᠷᠢᠯᠠᠵᠦ ᠪᠠᠷᠬᠢᠷᠠᠭᠠᠳ ᠲᠤᠯᠤᠭᠠᠨ ᠭᠠᠯᠵᠠᠭᠤ ᠬᠦᠶᠦᠵᠦ ᠪᠤᠢ ᠳ᠋ᠠ︾ ᠭᠡᠵᠦ | ᠲᠥᠰᠦᠭᠡᠯᠡᠭᠰᠡᠨ ᠪᠤᠷᠤᠬᠡᠤᠬᠡᠨ ᠡᠮᠨᠡᠯᠭᠡ ᠶᠢᠨ ᠬᠤᠷᠢᠶᠠᠨ ᠤ ᠡᠭᠦᠳᠡᠨ ᠲᠡᠭᠡᠷ᠎ᠡ ᠬᠦᠯᠢᠶᠡᠵᠦ ᠪᠠᠶᠢᠳᠠᠯ᠎ᠠ᠂ ᠤᠨᠠᠵᠤ ᠲᠤᠰᠤᠮᠠᠷ ᠭᠦᠶᠦᠵᠦ᠂ ᠨᠢᠳᠦ ᠨᠢ ᠤᠷᠤᠢ ᠲᠡᠭᠡᠷ᠎ᠡ | ᠪᠠᠨ ᠭᠠᠷᠤᠭᠰᠠᠨ ᠵᠠᠶᠠᠭᠠᠬᠦᠦ ᠶᠢ ᠲᠤᠰᠴᠦ ᠠᠪᠤᠯ᠎ᠠ᠃ | — ᠮᠦᠮᠦ ᠡ︕ ᠶᠠᠮᠠᠷ ᠡᠪᠡᠤᠠᠴᠢᠨ ᠤᠷᠤᠴᠢᠬᠠᠭᠰᠠᠨ ᠪᠤᠢ︖ ᠲᠠᠨᠤᠰ ᠴᠢᠨᠢ ᠵᠠᠷᠤᠬᠤ ᠪᠠᠨ ᠮᠡᠳᠡᠭᠡᠳ᠂ ᠡᠮᠨᠡᠭᠦᠯᠬᠦ ᠪᠠᠨ ᠮᠡᠳᠡᠳᠡᠭ ᠦᠭᠡᠢ ᠶᠠᠮᠠᠷ | ᠬᠠᠶᠢᠰᠢ ᠪᠠᠨ ᠰᠦᠷᠡᠬᠡᠢ ᠤᠯᠤᠰ ᠪᠤᠢ ᠭᠡᠵᠦ ᠤᠬᠢᠯᠠᠭ ᠬᠠᠶᠢᠯᠠᠭ ᠠᠯᠳᠠᠨ ᠡᠭᠦᠳᠡ ᠬᠠᠭᠠᠯᠭ᠎ᠠ ᠶᠢ ᠲᠦᠰ ᠫᠠᠰᠬᠢᠳᠠᠯᠠ ᠲᠦᠯᠬᠢᠵᠦ ᠤᠷᠤᠭᠠᠳ᠂ ᠡᠵᠢ ᠪᠠᠨ ᠲᠡᠪᠡᠷᠢᠯ᠎ᠡ | ᠃ ᠰᠤᠳᠠᠯ ᠤᠨ ᠵᠡᠭᠦᠦ ᠪᠠᠷ ᠡᠮ ᠲᠡᠭᠦᠵᠢᠯᠡᠭᠰᠡᠨ ᠭᠡᠷᠡᠯᠮ᠎ᠠ᠄ | — ᠮᠢᠨᠦ ᠬᠦᠦ ᠪᠢᠳᠡᠭᠡᠢ ᠰᠠᠭᠭᠠᠭᠠᠳ ᠪᠠᠶᠢᠯ ᠳ᠋ᠠ᠃ ᠡᠭᠡᠴᠢ ᠬᠦᠷᠭᠡᠨ ᠠᠬ᠎ᠠ ᠴᠢᠨᠢ ᠪᠠᠶᠢᠭᠰᠠᠨ ᠦᠭᠡᠢ ᠪᠤᠯ ᠡᠵᠢ ᠨᠢ ᠦᠨᠡᠬᠡᠷ ᠮᠠᠭᠤ ᠬᠦᠦ ᠪᠠᠨ ᠦᠵᠡᠵᠦ | ᠴᠢᠳᠠᠬᠤ ᠪᠠᠨ ᠪᠠᠶᠢᠴᠢᠬᠠᠬᠤ ᠶᠤᠮ ᠭᠡᠵᠦ ᠪᠤᠳᠤᠯ᠎ᠠ᠃ ᠤᠯᠠᠨ ᠵᠢᠯ ᠤᠨ ᠴᠢᠰᠤᠨ ᠲᠠᠷᠤᠯᠳᠠ ᠶᠢᠨ ᠡᠪᠡᠤᠠᠴᠢᠨ ᠵᠢᠭᠠᠬᠠᠨ ᠬᠢᠮᠦᠷᠠᠭᠰᠠᠨ ᠲᠠᠢ ᠲᠠᠪᠬᠤᠷᠯᠠᠴᠢᠬᠠᠯᠠ᠃ | ᠬᠡᠳᠦᠨ ᠡᠳᠦᠷ ᠡᠮᠨᠡᠯᠭᠡ ᠳᠤ ᠰᠠᠭᠤᠪᠠᠯ ᠶᠠᠮᠠᠷᠴᠤ ᠠᠰᠠᠭᠤᠳᠠᠯ ᠦᠭᠡᠢ ᠭᠡᠨ᠎ᠡ ᠰᠢᠤ᠂ ᠬᠦᠦ ᠮᠢᠨᠢ ᠪᠢᠳᠡᠬᠡᠢ ᠰᠠᠨᠳᠤᠷᠠ᠃ ᠡᠭᠡᠴᠢ ᠬᠦᠷᠭᠡᠨ ᠠᠬ᠎ᠠ ᠴᠢᠨᠢ | ᠰᠠᠨᠳᠤᠷᠠᠭᠠᠳ ᠪᠦᠬᠦ ᠪᠡᠶ᠎ᠡ ᠶᠢ ᠪᠠᠶᠢᠴᠠᠭᠠᠯᠠᠭᠰᠠᠨ ᠴᠢᠨᠢ ᠶᠠᠮᠠᠷᠴᠤ ᠭᠡᠮ ᠦᠭᠡᠢ ᠭᠡᠨ᠎ᠡ᠂ ᠬᠦᠦ ᠮᠢᠨᠢ ᠰᠠᠨᠠᠭ᠎ᠠ ᠠᠮᠦᠷ ᠠᠵᠢᠯ ᠢᠶᠠᠨ ᠰᠠᠶᠢᠨ ᠬᠢ ᠁ ᠁ ᠭᠡᠳ | ᠬᠦᠦ ᠪᠠᠨ ᠲᠠᠶᠢᠤᠠᠬᠤᠷᠠᠭᠤᠯᠤᠨᠠ᠃ ᠭᠤᠤᠯ ᠵᠢᠷᠦᠬᠡ ᠪᠠᠨ ᠠᠷᠠᠢ ᠭᠡᠵᠦ ᠵᠢᠭᠠᠬᠠᠨ ᠲᠠᠷᠤᠭᠰᠠᠨ ᠵᠠᠶᠠᠭᠠᠬᠦᠦ᠄ | — ᠡᠨᠡ ᠠᠭ᠎ᠠ ᠦᠭᠡ ᠪᠠᠨ ᠭᠦᠢᠴᠡᠳ ᠶᠠᠷᠢᠬᠤ ᠦᠭᠡᠢ᠂ ᠬᠦᠮᠦᠨ ᠢ ᠦᠬᠦᠳᠡᠯ᠎ᠡ ᠠᠶᠤᠯᠭᠠᠭᠠᠳ᠂ ᠲᠠᠪᠤᠨ ᠴᠤᠯᠤ ᠠᠮᠠ ᠪᠠᠷ ᠭᠠᠷᠴᠢᠬᠠᠬᠤ ᠰᠢᠬᠠᠯ᠎ᠠ᠃ | ᠮᠦᠮᠦ ᠲᠡᠬᠢᠵᠦ ᠬᠦᠳᠡᠭᠡ ᠤᠴᠢᠬᠤ ᠭᠡᠷᠡᠭ ᠦᠭᠡᠢ᠂ ᠦᠭᠡᠢ ᠪᠤᠯ ᠠᠭ᠎ᠠ ᠬᠦᠷᠭᠡᠨ ᠠᠬ᠎ᠠ ᠳᠤ ᠪᠠᠰᠠ ᠲᠠᠷᠤᠭᠠᠰᠤ ᠪᠤᠯᠬᠤ ᠶᠤᠮ ᠪᠠᠶᠢᠨ᠎ᠠ᠂ ᠴᠠᠯᠢᠩ ᠢᠶᠠᠨ ᠢᠳᠡᠭᠡᠳ | ᠬᠤᠳᠠ ᠳᠤ ᠢᠷᠡᠵᠦ ᠬᠦᠦ ᠳᠡᠭᠡᠨ ᠬᠠᠨᠢ ᠲᠠᠢ ᠰᠠᠭᠤᠨ᠎ᠠ ᠪᠠ ᠳ᠋ᠠ ᠭᠡᠵᠦ ᠡᠷᠬᠡᠭ ᠪᠠᠭ᠎ᠠ ᠬᠡᠤᠬᠡᠳ ᠰᠢᠭ ᠠᠭᠠᠰᠢᠯᠠᠵᠤ ᠡᠵᠢ ᠪᠠᠨ ᠭᠤᠶᠤᠨ᠎ᠠ᠃ ᠭᠡᠷᠡᠯᠮ᠎ᠠ᠄ | — ᠭᠠᠭᠴᠠᠬᠠᠨ ᠮᠠᠭᠤ ᠦᠷ᠎ᠡ ᠮᠢᠨᠢ ᠲᠦᠴᠢ ᠲᠠᠪᠢ ᠬᠦᠷᠴᠢᠬᠡᠭᠰᠡᠨ ᠴᠤ ᠡᠵᠢ ᠳᠡᠭᠡᠨ ᠨᠢᠯᠬ᠎ᠠ ᠠᠮᠢᠳᠠᠨ ᠰᠢᠤ᠂ ᠬᠡᠵᠢᠶ᠎ᠡ ᠨᠢᠭᠡ ᠲᠤᠮᠤᠭᠠᠵᠢᠬᠤ ᠶᠢ ᠪᠤᠤ | ᠮᠡᠳᠡ ᠭᠡᠵᠦ ᠵᠤᠯᠠᠢ ᠶᠢ ᠨᠢ ᠢᠯᠪᠡᠨ ᠠᠷᠭᠠᠳᠠᠨ᠎ᠠ᠃ | ᠡᠨᠡᠬᠡᠨ ᠬᠤᠷᠸ᠎ᠠ ᠲᠡᠭᠡᠷ᠎ᠡ ᠡᠵᠢ ᠶᠢᠨ ᠢᠶᠠᠨ ᠲᠡᠷᠭᠡᠳᠡ ᠪᠠᠶᠢᠬᠤ ᠰᠢᠭ ᠡᠯᠪᠡᠭ ᠵᠢᠷᠭᠠᠯ ᠦᠭᠡᠷ᠎ᠡ ᠪᠠᠶᠢᠳᠠᠭ ᠦᠭᠡᠢ᠃ ᠡᠬᠡᠨᠡᠷ ᠬᠡᠤᠬᠡᠳ ᠢᠶᠠᠨ ᠲᠤᠳᠤᠯᠳᠠᠵᠤ | ᠴᠢᠳᠠᠳᠠᠭ ᠦᠭᠡᠢ ᠪᠠᠶᠢᠭᠰᠠᠨ ᠰᠠᠭᠰᠠᠭᠠᠷ ᠬᠦᠦ ᠵᠠᠶᠠᠭᠠᠬᠦᠦ ᠤᠷᠤᠶᠢᠳᠠᠵᠦ ᠤᠬᠠᠭᠠᠷᠠᠭᠰᠠᠨ ᠴᠤ ᠡᠨᠡᠷᠢᠯᠳᠤ ᠠᠴᠢᠯᠠᠯᠳᠤ ᠰᠡᠤᠠᠬᠢᠯ ᠢ ᠪᠠᠳᠤ ᠡᠪᠤᠷᠯᠡᠨ᠂ ᠡᠵᠢ ᠶᠢᠨ | ᠢᠶᠠᠨ ᠭᠠᠷ ᠠᠴᠠ ᠬᠦᠳᠦᠯᠦᠨ᠂ ᠡᠮᠨᠡᠯᠭᠡ ᠶᠢᠨ ᠬᠤᠷᠢᠶᠠᠨ ᠠᠴᠠ ᠭᠠᠷᠴᠤ ᠪᠡᠶ᠎ᠡ ᠪᠡᠶ᠎ᠡ ᠪᠠᠨ ᠲᠦᠰᠢᠯᠴᠡᠨ ᠶᠠᠪᠤᠬᠤ ᠪᠠᠷ᠎ᠠ ᠨᠢ ᠬᠤᠯᠠᠳᠠᠵᠤ ᠬᠠᠷᠠᠭᠳᠠᠨ᠎ᠠ ᠁ ᠁ | |