ᠡᠷᠯᠢᠭ ᠤᠨ ᠡᠬᠦᠲᠠᠨ ᠠᠴᠠ ᠪᠤᠴᠠᠵᠤ ᠢᠷᠡᠭᠰᠠᠨ ᠲᠡᠮᠲᠡᠭᠯᠠᠯ | | ᠪᠢᠯᠢᠭᠪᠡᠭᠠᠲᠤᠷ | | ᠡᠳ᠋ ᠢᠶᠠᠷ ᠪᠠᠶᠠᠨ ᠶᠠᠪᠤᠬᠤ ᠪᠠᠷ ᠢᠶᠠᠨ ᠡᠷᠠᠬᠦᠯ ᠮᠠᠨᠲᠤ ᠪᠡᠶ᠎ᠠ ᠲᠠᠢ ᠶᠠᠪᠤ ᠭᠡᠰᠠᠨ ᠠᠬᠠᠮᠠᠳ ᠤᠨ ᠦᠭᠡ ᠦᠨᠠᠨ ᠡ᠂ ᠡᠷᠠᠬᠦᠯ ᠮᠠᠨᠲᠤ ᠪᠤᠯ ᠬᠠᠮᠤᠭ ᠤᠨ ᠶᠡᠭᠡ | ᠵᠤᠯ ᠵᠢᠷᠭᠠᠯ ᠮᠥᠨ᠃ ᠪᠢ ᠡᠨᠡ ᠦᠭᠡᠨ ᠤ ᠤᠴᠢᠷ ᠶᠤᠰᠤ ᠶᠢ ᠦᠲᠡᠯᠤᠭᠡ ᠨᠠᠰᠤᠨ ᠳᠠᠭᠠᠨ ᠡᠪᠡᠳᠴᠢᠨ ᠳᠤ ᠠᠪᠲᠠᠭᠲᠠᠵᠤ ᠡᠮᠨᠡᠯᠭᠡ ᠳᠤ ᠬᠡᠪᠲᠡᠨ ᠮᠠᠰᠨ ᠵᠠᠰᠠᠯ | ᠬᠢᠯᠭᠡᠵᠤ᠂ ᠡᠷᠯᠢᠭ ᠤᠨ ᠡᠬᠦᠲᠠᠨ ᠠᠴᠠ ᠪᠤᠴᠠᠵᠤ ᠢᠷᠡᠭᠡᠳ ᠰᠠᠶ᠋ᠢ ᠤᠬᠠᠭᠠᠷᠠᠵᠤ ᠮᠡᠲᠡᠷᠡᠭᠰᠠᠨ ᠶᠤᠮ᠃ | ᠠᠮᠢ ᠨᠠᠰᠤ ᠪᠤᠯ ᠨᠢᠭᠡ ᠤᠲᠠᠭ᠎ᠠ ᠯᠠ ᠤᠯᠲᠠᠲᠠᠭ᠂ ᠠᠷᠢᠭᠤᠨ ᠲᠡᠷᠬᠠᠨ ᠴᠤᠭᠴᠡᠰ ᠢ ᠠᠪᠤ ᠡᠵᠢ ᠮᠢᠨᠢ ᠦᠭᠬᠦᠭᠰᠠᠨ᠂ ᠪᠤᠷᠬᠠᠨ ᠠᠴᠠ ᠴᠦ ᠬᠠᠷᠠᠮᠨᠠᠮᠠᠷ ᠡᠷᠲᠠᠨᠢ | ᠰᠢᠤ᠃ ᠭᠡᠲᠡᠯ᠎ᠠ ᠬᠦᠮᠤᠨ ᠶᠠᠷᠤ ᠨᠢ ᠠᠮᠢ ᠨᠠᠰᠤᠨ ᠳᠠᠭᠠᠨ ᠦᠪᠠᠷ ᠢᠶᠠᠨ ᠬᠤᠤᠷ ᠲᠠᠷᠢᠵᠤ᠂ ᠡᠷᠠᠬᠦᠯ ᠰᠠᠶᠢᠬᠠᠨ ᠪᠡᠶ᠎ᠠ ᠮᠠᠬᠠᠪᠤᠳ ᠢᠶᠠᠨ ᠦᠭᠡᠶᠢᠭᠢᠵᠤ ᠶᠠᠪᠤᠲᠠᠭ | ᠶᠠᠪᠤᠲᠠᠯ ᠵᠦᠩᠲᠡᠭᠡᠨ᠃ ᠡᠶᠢᠮᠦ ᠬᠦᠮᠦᠨ ᠤ ᠲᠤᠲᠤᠷᠠᠬᠢ ᠨᠢᠭᠡ ᠨᠢ ᠮᠢᠨᠤ ᠪᠡᠶ᠎ᠠ ᠶᠤᠮ᠃ ᠪᠢ ᠭᠡᠤᠭᠡᠳ ᠪᠠᠭ᠎ᠠ ᠨᠠᠰᠤᠨ ᠳᠠᠭᠠᠨ ᠬᠠᠯᠨ ᠵᠤᠪᠠᠯᠠᠩ ᠢ ᠬᠠᠰᠢᠷᠠᠲᠠᠯ᠎ᠠ | ᠪᠠᠨ ᠠᠮᠰᠠᠵᠤ᠂ ᠠᠪᠤ ᠶᠢᠨ ᠬᠠᠶᠢᠷ᠎ᠠ ᠦᠭᠡᠢ᠂ ᠡᠵᠢ ᠶᠢᠨ ᠡᠨᠡᠷᠢᠯ ᠦᠭᠡᠢ᠂ ᠠᠵᠤ ᠠᠮᠢᠲᠤᠷᠠᠯ ᠤᠨ ᠲᠡᠯ᠎ᠠ ᠪᠠᠷ ᠬᠦᠴᠢᠷᠲᠠᠯ ᠲᠠᠢ ᠦᠰᠦᠭᠰᠠᠨ ᠭᠡᠤᠭᠡᠳ ᠶᠤᠮ᠃ ᠡᠪ | ᠬᠠᠮᠲᠤ ᠨᠠᠮ ᠤᠨ ᠬᠠᠶᠢᠷ᠎ᠠ ᠬᠠᠯᠠᠮᠵᠢ ᠪᠠᠷ ᠠᠷᠠᠳ ᠤᠨ ᠰᠤᠷᠭᠠᠭᠤᠯᠢ ᠳᠤ ᠤᠷᠤᠵᠤ ᠪᠢᠴᠢᠭ ᠨᠤᠮ ᠰᠤᠷᠴᠤ᠂ ᠦᠪᠤᠷ ᠮᠤᠩᠭᠤᠯ ᠤᠨ ᠮᠤᠩᠭᠤᠯ ᠭᠡᠯᠨ ᠪᠢᠴᠢᠭ ᠤᠨ | ᠲᠤᠰᠬᠠᠢ ᠮᠡᠷᠭᠡᠵᠢᠯ ᠤᠨ ᠰᠤᠷᠭᠠᠭᠤᠯᠢ ᠲᠡᠬᠦᠰᠲᠠᠯᠠ ᠰᠤᠷᠤᠯᠴᠠᠭᠰᠠᠨ ᠶᠤᠮ᠃ ᠲᠦᠴᠢᠨ ᠵᠢᠯ ᠤᠨ ᠡᠮᠤᠨ᠎ᠠ ᠰᠤᠷᠭᠠᠭᠤᠯᠢ ᠪᠠᠨ ᠠᠮᠵᠢᠯᠲᠠ ᠲᠠᠢ ᠲᠡᠬᠦᠰᠴᠤ ᠨᠡᠶᠢᠭᠡᠮ | ᠲᠡᠭᠡᠷ᠎ᠠ ᠭᠠᠷᠴᠤ ᠤᠯᠤᠰ ᠤᠨ ᠠᠵᠢᠯᠲᠠᠨ ᠪᠤᠯᠵᠤ ᠠᠵᠢᠯᠯᠠᠵᠤ ᠶᠠᠪᠤᠬᠤ ᠳᠠᠭᠠᠨ ᠨᠠᠮ ᠤᠨ ᠬᠠᠶᠢᠷ᠎ᠠ ᠬᠠᠯᠠᠮᠵᠢ ᠶᠢ ᠲᠡᠭᠡᠵᠢᠯᠠᠵᠤ᠂ ᠤᠯᠤᠰ ᠤᠷᠤᠨ ᠳᠠᠭᠠᠨ ᠵᠢᠳᠬᠦᠯ | ᠲᠠᠢ ᠶᠠᠪᠤᠬᠤ ᠶᠢ ᠪᠤᠲᠤᠵᠤ ᠵᠢᠳᠬᠦᠬᠦ ᠳᠡᠭᠡᠨ ᠦᠪᠡᠷ ᠤᠨ ᠪᠡᠶ᠎ᠠ ᠶᠢᠨ ᠡᠷᠠᠬᠦᠯ ᠮᠠᠨᠲᠤ ᠪᠠᠨ ᠬᠠᠶᠢᠬᠤᠷᠤᠭᠰᠠᠨ ᠦᠭᠡᠢ ᠶᠠᠪᠤᠵᠤ ᠵᠤᠬᠢᠬᠤ ᠠᠮᠵᠢᠯᠲᠠ ᠤᠯᠤᠭᠰᠠᠨ | ᠪᠤᠯᠪᠠᠴᠤ ᠪᠡᠶ᠎ᠠ ᠪᠠᠨ ᠰᠦᠢᠳᠭᠡᠵᠤ ᠶᠠᠪᠤᠵᠠᠢ᠃ ᠨᠡᠩ ᠴᠦ ᠰᠤᠨᠢᠨ ᠤ ᠬᠤᠷᠢᠶᠠᠨ ᠤ ᠰᠤᠷᠪᠤᠯᠵᠢᠯᠬᠠᠴᠢ ᠪᠤᠯᠵᠤ ᠠᠵᠢᠯᠯᠠᠭᠰᠠᠨ ᠠᠴᠠ ᠬᠤᠶᠢᠰᠢ ᠲᠠᠶᠢᠯᠠᠯᠭ᠎ᠠ | ᠵᠤᠴᠢᠯᠭᠠᠨ ᠳᠤ ᠤᠷᠤᠬᠤ ᠨᠢ ᠤᠯᠠᠲᠠᠵᠤ᠂ ᠠᠷᠢᠬᠢ ᠤᠤᠭᠤᠬᠤ ᠶᠢ ᠰᠤᠷᠴᠤ᠂ ᠠᠷᠢᠬᠢ ᠤᠤᠭᠤᠬᠤ ᠲᠤᠭ᠎ᠠ ᠡᠲᠤᠷ ᠢᠷᠠᠬᠦᠶ᠎ᠠ ᠨᠡᠮᠡᠭᠲᠠᠪᠠ᠃ ᠪᠢ ᠲᠤᠬᠠᠢ ᠶᠢᠨ | ᠦᠶ᠎ᠠ ᠳᠤ ᠠᠷᠢᠬᠢ ᠤᠤᠭᠤᠬᠤ ᠶᠠᠪᠤᠲᠠᠯ ᠢ ᠠᠵᠢᠯ ᠤᠨ ᠭᠡᠷᠡᠭᠴᠡᠭᠡ᠂ ᠨᠡᠶᠢᠭᠡᠮ ᠤᠨ ᠶᠠᠪᠤᠯᠴᠠᠭ᠎ᠠ ᠶᠢᠨ ᠱᠠᠭᠠᠷᠲᠠᠯᠭ᠎ᠠ᠂ ᠠᠨᠲᠠ ᠨᠦᠬᠦᠳ ᠤᠨ ᠨᠦᠬᠦᠷᠯᠠᠯ ᠭᠡᠵᠤ | ᠦᠵᠠᠵᠤ ᠪᠠᠶᠢᠭᠰᠠᠨ ᠠᠴᠠ ᠪᠤᠰᠤ ᠡᠷᠠᠬᠦᠯ ᠪᠡᠶ᠎ᠠ ᠪᠠᠨ ᠬᠤᠤᠷᠯᠠᠵᠤ᠂ ᠡᠪᠡᠳᠴᠢᠨ ᠡᠮᠭᠡᠭ ᠢ ᠪᠡᠶ᠎ᠠ ᠵᠦᠭ ᠢᠶᠠᠨ ᠲᠠᠲᠠᠵᠤ᠂ ᠦᠬᠦᠯ ᠢᠶᠠᠨ ᠦᠪᠡᠷ ᠢᠶᠠᠨ ᠡᠷᠢᠵᠤ | ᠪᠠᠶᠢᠭ᠎ᠠ ᠲᠡᠨᠡᠭ ᠬᠢᠲᠠᠯ ᠭᠡᠵᠤ ᠦᠵᠠᠵᠤ ᠪᠠᠶᠢᠭᠰᠠᠨ ᠦᠭᠡᠢ᠂ ᠨᠠᠩ ᠴᠦ ᠨᠡᠶᠢᠭᠡᠮ ᠤᠨ ᠨᠢᠭᠡ ᠵᠤᠶᠢᠯ ᠤᠨ ᠭᠠᠵᠢᠭᠤ ᠦᠵᠡᠭᠲᠠᠯ ᠭᠡᠵᠤ ᠦᠵᠡᠭᠰᠠᠨ ᠦᠭᠡᠢ᠃ ᠮᠠᠨ ᠤ | ᠲᠠᠷᠤᠭ᠎ᠠ ᠴᠦ ᠨᠠᠮᠠᠢᠢ ︿︿ᠠᠵᠢᠯ ᠢ ᠬᠢᠯᠠᠷᠠᠲᠠᠯ᠎ᠠ ᠬᠢᠵᠤ᠂ ᠠᠷᠢᠬᠢ ᠶᠢ ᠮᠠᠨᠠᠷᠠᠲᠠᠯ᠎ᠠ ᠤᠤᠭᠤᠲᠠᠭ﹀﹀ ᠭᠡᠵᠤ ᠮᠠᠭᠲᠠᠬᠤ ᠶᠢ ᠰᠤᠨᠤᠰᠤᠭᠠᠳ ᠰᠡᠳᠬᠢᠯ ᠬᠠᠨᠤᠵᠤ ᠠᠷᠢᠬᠢ | ᠲᠠᠢ ᠬᠠᠨᠢᠯᠠᠵᠤ ᠶᠠᠪᠤᠬᠤ ᠶᠢ ᠠᠵᠢᠯ ᠬᠢᠬᠦ ᠶᠢᠨ ᠭᠡᠷᠡᠭᠴᠡᠭᠡ ᠭᠡᠵᠤ ᠲᠠᠭ ᠪᠤᠷᠤᠭᠤ ᠪᠠᠷ ᠤᠶᠢᠯᠠᠭᠠᠵᠤ ᠶᠠᠪᠤᠭᠰᠠᠨ ᠠᠴᠠ ᠡᠴᠤᠰ ᠲᠡᠭᠡᠨ ᠠᠪᠤ ᠶᠢᠨ ᠬᠦᠤ ᠠᠭᠠᠭ ᠤᠨ | ᠬᠦᠤ ᠳᠤ ᠲᠠᠶᠢᠯᠦᠭᠲᠠᠵᠤ᠂ ᠠᠷᠢᠬᠢᠨ ᠤ ᠰᠢᠨᠤᠯ ᠲᠠᠢ ᠪᠤᠯᠤᠭᠠᠳ ᠯᠤᠩᠬᠤᠨ ᠤ ᠪᠤᠭᠤᠯ ᠪᠤᠯᠵᠠᠢ᠃ ᠠᠷᠢᠬᠢ ᠤᠤᠭᠤᠪᠠᠯ ᠮᠠᠨᠠᠷᠠᠲᠠᠯ᠎ᠠ ᠰᠤᠭᠲᠤᠨᠠ᠂ ᠰᠢᠷ᠎ᠠ | ᠲᠠᠶᠢᠯᠤᠨ᠎ᠠ ᠭᠡᠳ ᠭᠡᠲᠤᠨ ᠡᠲᠤᠷ ᠦᠷᠬᠦᠯᠵᠢᠯᠠᠨ ᠠᠷᠢᠬᠢ ᠤᠤᠭᠤᠨ᠎ᠠ᠂ ᠠᠷᠢᠬᠢᠨ ᠳᠤ ᠰᠤᠭᠲᠤᠪᠠᠯ ᠦᠩᠬᠦᠷᠢᠵᠤ ᠤᠨᠠᠨ᠎ᠠ᠂ ᠭᠡᠲᠤᠨ ᠡᠲᠤᠷ ᠢᠶᠠᠷ ᠤᠨᠲᠠᠴᠢᠨᠠ᠃ | ᠪᠠᠰᠨ ᠤᠨᠠᠵᠤ ᠲᠤᠰᠬᠤ ᠪᠤᠯᠪᠠ᠃ ᠶᠤᠰᠤᠲᠠᠢ ᠠᠮᠢᠲᠤ ᠵᠤᠪᠠᠯᠭ᠎ᠠ᠂ ᠦᠬᠦᠭᠰᠠᠨ ᠠᠮᠢᠲᠤ ᠶᠢᠨ ᠬᠤᠭᠤᠷᠤᠨᠲᠤ ᠪᠤᠯᠪᠠ᠃ ᠡᠭᠡᠨᠠᠷ ᠭᠡᠤᠭᠡᠳ ᠴᠦ ᠮᠢᠨᠤ ᠲᠦᠯᠤᠭᠡ | ᠰᠠᠨᠠᠭ᠎ᠠ ᠵᠤᠪᠠᠨ᠎ᠠ᠂ ᠨᠠᠶᠢᠵᠢ ᠨᠦᠬᠦᠳ ᠴᠦ ᠨᠠᠮᠠᠢᠢ ︿︿ᠠᠷᠢᠬᠢ ᠪᠠᠨ ᠵᠤᠭᠰᠤᠴᠢᠬᠠ﹀﹀ ᠭᠡᠵᠤ ᠢᠳᠬᠠᠨ᠎ᠠ᠃ ᠭᠡᠪᠡᠴᠤ ᠪᠢ ᠠᠷᠢᠬᠢᠨ ᠳᠤ ᠰᠢᠨᠤᠯ ᠲᠠᠢ ᠪᠤᠯᠤᠭᠰᠠᠨ | ᠠᠴᠠ ᠲᠤᠬᠠᠢ ᠶᠢᠨ ᠦᠶᠠᠰ ᠲᠤ ᠠᠷᠢᠬᠢ ᠵᠤᠭᠰᠤᠵᠤ ᠴᠢᠲᠠᠭᠰᠠᠨ ᠦᠭᠡᠢ᠂ ᠲᠦᠩᠭᠡᠵᠢ ᠬᠤᠶᠠᠷ ᠰᠠᠷ᠎ᠠ ᠵᠤᠭᠰᠤᠪᠠᠯ ᠲᠠᠬᠢᠭᠠᠳ ᠮᠥᠨ ᠤᠤᠭᠤᠲᠠᠭ ᠪᠤᠯᠤᠭᠰᠠᠨ᠂ | ᠤᠤᠭᠤᠬᠤ ᠭᠡᠮᠵᠢᠶ᠎ᠠ ᠴᠦ ᠨᠡᠮᠡᠭᠲᠠᠵᠤ᠂ ᠤᠤᠭᠤᠬᠤ ᠡᠲᠤᠷ ᠤᠨ ᠲᠤᠭ᠎ᠠ ᠴᠦ ᠤᠯᠠᠰᠢᠷᠠᠭᠰᠠᠨ ᠪᠠᠶᠢᠨ᠎ᠠ᠃ ᠲᠤᠯᠤᠭᠠᠢ ᠡᠪᠡᠳᠴᠤ᠂ ᠤᠨᠠᠵᠤ ᠲᠤᠰᠬᠤ ᠠᠷᠪᠢᠲᠤᠪᠠ᠃ | ᠡᠨᠡ ᠪᠠᠶᠢᠲᠠᠯ ᠭᠡᠲᠤᠨ ᠵᠢᠯ ᠦᠷᠬᠦᠯᠵᠢᠯᠠᠪᠠ᠃ ᠪᠢ ᠰᠠᠨᠠᠭᠠᠨ ᠳᠠᠭᠠᠨ ᠠᠪᠤᠭᠰᠠᠨ ᠦᠭᠡᠢ᠂ ᠮᠦᠨᠬᠦ ᠤᠤᠭᠤᠬᠤ ᠪᠠᠷ ᠢᠶᠠᠨ ᠤᠤᠭᠤᠵᠤ ᠰᠤᠭᠲᠤᠬᠤ ᠪᠠᠷ ᠢᠶᠠᠨ | ᠰᠤᠭᠲᠤᠵᠤ ᠶᠠᠪᠤᠯ᠎ᠠ᠃ | ᠮᠢᠨᠤ ᠪᠠᠶᠢᠲᠠᠯ ᠢ ᠬᠤᠲᠠ ᠶᠢᠨ ᠰᠤᠨᠢᠨ ᠤ ᠬᠤᠷᠢᠶᠠᠨ ᠳᠤ ᠰᠤᠷᠪᠤᠯᠵᠢᠯᠬᠠᠴᠢ ᠪᠠᠷ ᠠᠵᠢᠯᠯᠠᠲᠠᠭ ᠮᠢᠨᠤ ᠬᠦᠤ ᠡᠭᠡ ᠠᠴᠠ ᠪᠠᠨ ᠰᠤᠨᠤᠰᠤᠭᠠᠳ ᠨᠠᠮᠠᠢᠢ ᠬᠤᠲᠠ | ᠶᠢᠨ ᠡᠮᠨᠡᠯᠭᠡ ᠶᠢᠨ ᠬᠤᠷᠢᠶᠠᠨ ᠳᠤ ᠢᠷᠠᠵᠤ ᠡᠪᠡᠳᠴᠢᠨ ᠢᠶᠠᠨ ᠦᠵᠡᠬᠦᠯᠬᠦ ᠶᠢ ᠱᠠᠭᠠᠷᠲᠠᠯᠠ᠃ ᠪᠢ ᠪᠡᠶ᠎ᠠ ᠪᠠᠨ ᠶᠠᠮᠠᠷ ᠯᠠ ᠨᠢᠭᠡᠨ ᠶᠡᠭᠡ ᠡᠪᠡᠳᠴᠢᠨ ᠤᠷᠤᠯ᠎ᠠ ᠭᠡᠵᠢ | ᠳ᠋ᠨ︖ ᠵᠦᠭᠡᠷ ᠯᠨ ᠪᠠᠶᠢᠬ᠎ᠠ ᠭᠡᠵᠤ ᠪᠤᠲᠤᠭᠰᠠᠨ ᠢᠶᠠᠨ ᠬᠦᠤ ᠶᠢᠨ ᠢᠶᠠᠨ ᠰᠠᠨᠠᠭ᠎ᠠ ᠪᠠᠷ ᠪᠤᠯᠵᠤ 2014 ᠤᠨ ᠤ ᠲᠤᠯᠤᠲᠤᠭᠠᠷ ᠰᠠᠷ᠎ᠠ ᠳᠤ ᠪᠠᠶᠠᠨᠨᠠᠭᠤᠷ ᠬᠤᠲᠠ | ᠶᠢᠨ ᠠᠷᠠᠳ ᠤᠨ ᠡᠮᠨᠡᠯᠭᠡ ᠶᠢᠨ ᠬᠤᠷᠢᠶᠠᠨ ᠳᠤ ᠤᠴᠢᠵᠤ ᠲᠤᠯᠤᠭᠠᠢ ᠳᠠᠭᠠᠨ ︿︿ᠴᠦᠮ᠎ᠠ ᠶᠢᠨ ᠰᠠᠴᠤᠷᠠᠭ ᠤᠨ ᠪᠠᠶᠢᠴᠠᠭᠠᠯᠲᠠ﹀﹀ ᠬᠢᠯᠭᠡᠯᠠ᠃ ᠪᠠᠶᠢᠴᠠᠭᠠᠯᠲᠠ ᠶᠢᠨ | ᠦᠷ᠎ᠠ ᠳ᠋ᠦᠩ ᠬᠦᠮᠤᠨ ᠠᠶᠤᠮᠠᠷ᠂ ︿︿ᠲᠠᠷᠢᠬᠢᠨ ᠤ ᠤᠰᠤᠨ ᠬᠠᠪᠤᠲᠠᠷ᠂ 5 ᠰᠠᠨᠲ᠋ᠢᠮᠧᠲᠷ ᠪᠤᠯᠴᠢᠬᠠᠭᠰᠠᠨ᠂ ᠬᠤᠷᠲᠤᠨ ᠮᠠᠰᠨ ᠵᠠᠰᠠᠯ ᠬᠢᠯᠭᠡᠬᠦ ᠦᠭᠡᠢ ᠪᠤᠯ ᠠᠮᠢ | ᠨᠠᠰᠤᠨ ᠤ ᠠᠶᠤᠯ ᠲᠠᠢ﹀﹀ ᠭᠡᠵᠤ ᠤᠨᠤᠰᠢ ᠦᠭᠬᠦᠯ᠎ᠠ᠃ ᠪᠢ ᠤᠨᠤᠰᠢᠯᠠᠯᠲᠠ ᠶᠢ ᠰᠤᠨᠤᠰᠤᠭᠠᠳ ᠰᠤᠴᠢᠵᠤ ᠠᠪᠤᠯ᠎ᠠ᠂ ᠦᠩᠭᠡᠷᠡᠭᠰᠠᠨ ᠳᠤ ᠡᠶᠢᠮᠤ ᠡᠪᠡᠳᠴᠢᠨ | ᠤᠷᠤᠪᠠᠯ ᠦᠬᠦᠬᠦ ᠨᠢ ᠲᠠᠷᠨ᠂ ᠲᠠᠷᠢᠬᠢᠨ ᠤ ᠬᠠᠪᠤᠲᠠᠷ ᠤᠨ ᠦᠬᠦᠬᠦ ᠨᠤᠷᠮ᠎ᠠ ᠲᠤᠩ ᠦᠨᠲᠤᠷ ᠶᠤᠮ᠂ ᠪᠢ ᠠᠶᠤᠭᠰᠨ ᠦᠭᠡᠢ᠂ ᠠᠶᠤᠪᠠᠴᠤ ᠨᠢᠭᠡᠨᠲᠠ ᠤᠷᠤᠶᠢᠲᠠᠵᠠᠢ | ᠃ ᠶᠠᠭᠤᠨ ᠳᠤ ᠠᠶᠤᠬᠤ ᠪᠢᠯᠨ᠂ ᠵᠢᠷᠨ ᠭᠠᠷᠤᠭᠰᠠᠨ ᠬᠦᠮᠤᠨ ᠶᠤᠮ ᠴᠢᠨᠢ ᠭᠡᠵᠤ ᠵᠤᠷᠢᠭ ᠢᠶᠠᠨ ᠴᠢᠩᠭᠠᠯᠠᠵᠤ ᠠᠪᠤᠭᠠᠳ ᠠᠷᠢᠬᠢ ᠤᠤᠭᠤᠭᠰᠠᠨ ᠤ ᠤᠷᠰᠢᠭ ᠠᠴᠠ | ᠡᠶᠢᠮᠤ ᠠᠶᠤᠮᠰᠢᠭᠲᠤ ᠡᠪᠡᠳᠴᠢᠨ ᠳᠤ ᠨᠡᠷᠪᠡᠭᠲᠡᠭᠰᠠᠨ ᠢ ᠮᠠᠲᠡᠷᠠᠵᠤ ᠬᠠᠷᠠᠮᠰᠠᠬᠤ ᠶᠢᠨ ᠲᠤᠶᠢᠯ ᠪᠤᠯᠪᠠ᠃ ᠬᠦᠤ ᠭᠡᠤᠭᠡᠨ ᠬᠤᠶᠠᠭᠤᠯᠨ ᠨᠠᠮᠠᠢᠢ ︿︿ᠪᠡᠭᠡᠵᠢᠩ ᠤᠨ | ᠲᠢᠶᠠᠨ ᠲᠠᠨ ᠡᠮᠨᠡᠯᠭᠡ ᠶᠢᠨ ᠬᠤᠷᠢᠶᠠᠨ ᠳᠤ ᠠᠪᠡᠴᠢᠵᠤ ᠮᠠᠰᠨ ᠵᠠᠰᠠᠯ ᠬᠢᠯᠭᠡᠬᠦ ᠶᠤᠮ﹀﹀ ᠭᠡᠵᠤ ᠭᠡᠯᠡᠬᠦ ᠳᠤ ᠪᠢ ᠰᠢᠭᠤᠳ ︿︿ᠪᠢ ᠨᠠᠭᠤᠨᠪᠢᠯᠢᠭ᠌ ᠤᠨ ᠬᠢᠴᠢᠶᠠᠯ ᠢ | ᠰᠤᠨᠤᠰᠴᠤ ᠪᠠᠶᠢᠭᠠᠳ ᠪᠤᠯᠤᠶ᠎ᠠ﹀﹀ ᠭᠡᠵᠤ ᠪᠤᠲᠤᠯ ᠢᠶᠠᠨ ᠶᠠᠷᠢᠬᠤ ᠳᠤ ᠬᠦᠤ ᠲᠠᠭ ᠵᠦᠪᠰᠢᠶᠠᠷᠡᠭᠰᠠᠨ ᠦᠭᠡᠢ᠃ ᠭᠡᠪᠡᠴᠤ ᠪᠢ ᠨᠠᠭᠤᠨᠪᠢᠯᠢᠭ᠌ ᠪᠠᠭᠰᠢ ᠶᠢᠨ ᠬᠢᠴᠢᠶᠠᠯ ᠢ | ᠰᠤᠨᠤᠰᠪᠠᠯ ᠡᠪᠡᠳᠴᠢᠨ ᠭᠡᠮ ᠡᠲᠡᠭᠡᠷᠠᠵᠤ ᠪᠠᠶᠢᠨ᠎ᠠ ᠭᠡᠰᠠᠨ ᠢ ᠰᠤᠨᠤᠰᠤᠭᠠᠳ ᠨᠠᠯᠢᠶᠠᠳ ᠤᠲᠠᠭᠰᠠᠨ ᠪᠤᠯᠬᠤᠷ ᠬᠦᠤ ᠶᠢᠨ ᠢᠶᠠᠨ ᠦᠭᠡ ᠶᠢ ᠠᠪᠤᠭᠰᠠᠨ ᠦᠭᠡᠢ᠂ | ᠲᠤᠷᠰᠢᠵᠤ ᠦᠵᠡᠬᠦ ᠰᠠᠨᠠᠭ᠎ᠠ ᠲᠠᠢ ᠪᠠᠷ ᠬᠤᠲᠠ ᠶᠢᠨ ᠮᠤᠩᠭᠤᠯ ᠡᠮᠨᠡᠯᠭᠡ ᠶᠢᠨ ᠬᠤᠷᠢᠶᠠᠨ ᠳᠤ ᠤᠴᠢᠵᠤ ᠨᠠᠭᠤᠨᠪᠢᠯᠢᠭ᠌ ᠤᠨ ︿︿ᠪᠡᠶ᠎ᠠ ᠰᠡᠳᠬᠢᠴᠨ ᠶᠢᠨ ᠬᠠᠷᠢᠯᠴᠠᠨ | ᠦᠢᠯᠡᠳᠦᠯᠴᠡᠬᠦ ᠠᠨᠠᠭᠠᠬᠤ ᠤᠬᠠᠭᠠᠨ﹀﹀ ᠤ ᠬᠢᠴᠢᠶᠠᠯ ᠢ ᠰᠤᠨᠤᠰᠪᠠ᠃ ᠨᠠᠭᠤᠨ ᠪᠠᠭᠰᠢ ᠲᠠᠢ ᠴᠤ ᠨᠢᠭᠤᠷᠲᠠᠨ ᠠᠭᠤᠯᠵᠠᠵᠤ ᠡᠪᠡᠳᠴᠢᠨ ᠢᠶᠠᠨ ᠦᠵᠡᠬᠦᠯᠦᠭᠰᠠᠨ | ᠪᠦᠭᠡᠳ ᠮᠤᠩᠭᠤᠯ ᠡᠮ ᠠᠪᠤᠪᠠ᠃ ᠨᠠᠭᠤᠨ ᠪᠠᠭᠰᠢ ᠴᠦ ︿︿ᠲᠠᠨ ᠤ ᠡᠪᠡᠳᠴᠢᠨ ᠡᠲᠡᠭᠡᠬᠦ ᠶᠤᠮ﹀﹀ ᠭᠡᠵᠤ ᠨᠠᠮᠠᠢᠢ ᠵᠤᠷᠢᠭ ᠤᠷᠤᠭᠤᠯᠪᠠ᠃ ᠪᠢ ᠨᠠᠭᠤᠨ ᠪᠠᠭᠰᠢ ᠶᠢᠨ | ᠬᠢᠴᠢᠶᠠᠯ ᠢ ᠵᠠᠭᠤᠭᠠᠳ ᠲᠠᠯᠠᠪᠤᠷ ᠰᠤᠨᠤᠰᠪᠠ᠃ ᠡᠪᠡᠳᠴᠢᠨ ᠤ ᠪᠠᠶᠢᠲᠠᠯ ᠤᠭ ᠶᠤᠰᠤᠭᠠᠷ᠂ ᠬᠤᠲᠠ ᠶᠢᠨ ᠡᠮᠨᠡᠯᠭᠡ ᠶᠢᠨ ᠬᠤᠷᠢᠶᠠᠨ ᠳᠤ ᠤᠴᠢᠵᠤ᠂ ︿︿ᠴᠦᠮ᠎ᠠ ᠶᠢᠨ | ᠰᠠᠴᠤᠷᠠᠭ ᠤᠨ ᠪᠠᠶᠢᠴᠠᠭᠠᠯᠲᠠ﹀﹀ ᠶᠢ ᠲᠠᠬᠢᠨ ᠬᠢᠯᠭᠡᠬᠦ ᠳᠤ ᠬᠠᠪᠤᠲᠠᠷ ᠲᠤᠮᠤᠷᠠᠭᠰᠠᠨ ᠪᠠᠶᠢᠲᠠᠯ ᠲᠠᠢ᠂ ᠨᠠᠭᠤᠨᠪᠢᠯᠢᠭ᠌ ᠪᠠᠭᠰᠢ ᠶᠢᠨ ᠬᠢᠴᠢᠶᠠᠯ ᠨᠢ ᠮᠢᠨᠤ ᠲᠠᠷᠢᠬᠢᠨ ᠤ | ᠬᠠᠪᠤᠳᠠᠷ ᠢ ᠡᠲᠡᠭᠡᠵᠤ ᠴᠢᠲᠠᠬᠤ ᠦᠭᠡᠢ ᠪᠤᠯᠬᠤ ᠶᠢ ᠤᠬᠠᠭᠠᠷᠠᠵᠤ ᠮᠠᠲᠠᠯᠠ᠃ ᠪᠢ ᠲᠠᠷᠠᠬᠦ ᠬᠢᠴᠢᠶᠠᠯ ᠰᠤᠨᠤᠰᠴᠤ ᠡᠪᠡᠳᠴᠢᠨ ᠢᠶᠠᠨ ᠡᠲᠡᠭᠡᠬᠦ ᠨᠢᠯᠬᠠᠰᠠᠭ ᠪᠤᠲᠤᠯ᠂ | ᠬᠤᠭᠤᠰᠤᠨ ᠬᠦᠰᠠᠯ ᠢᠶᠠᠨ ᠲᠠᠶᠠᠭᠲᠠᠵᠤ ᠬᠦᠤ ᠬᠦᠪᠴᠢᠨ ᠤ ᠪᠠᠨ ᠦᠭᠡᠨ ᠳᠤ ᠤᠷᠤᠵᠤ᠂ ᠬᠦᠤ ᠲᠠᠢ ᠪᠠᠨ ᠬᠤᠶᠠᠭᠤᠯᠨ 2015 ᠤᠨ ᠤ ᠶᠢᠰᠤᠲᠤᠭᠡᠷ ᠰᠠᠷ᠎ᠠ ᠳᠤ | ᠪᠡᠭᠡᠵᠢᠩ ᠳᠤ ᠤᠴᠢᠵᠤ᠂ ᠲᠠᠨᠢᠯ ᠲᠠᠰᠤᠯ ᠢᠶᠠᠷ ᠢᠶᠠᠨ ᠲᠠᠮᠵᠢᠵᠤ ᠪᠠᠶᠢᠮᠠᠨᠵᠢᠨ ᠲᠢᠶᠠᠨ ᠲᠠᠨ ᠡᠮᠨᠡᠯᠭᠡ ᠶᠢᠨ ᠬᠤᠷᠢᠶᠠᠨ ᠤ ᠡᠬᠦᠲᠠᠨ ᠡᠮᠨᠡᠯᠭᠡ ᠳᠤ ᠬᠦᠷᠴᠤ ᠭᠡᠲᠤᠨ | ᠮᠢᠩᠭᠠᠨ ᠲᠦᠬᠦᠷᠢᠭ ᠵᠠᠷᠤᠵᠤ ᠲᠤᠰᠬᠠᠢ ᠮᠡᠷᠭᠡᠵᠢᠯᠲᠠᠨ ᠲᠠᠢ ᠨᠢ ᠠᠭᠤᠯᠵᠠᠵᠤ᠂ ᠡᠪᠡᠳᠴᠢᠨ ᠢᠶᠠᠨ ᠪᠠᠶᠢᠴᠠᠭᠠᠯᠭᠠᠪᠠ᠃ ᠲᠤᠰᠬᠠᠢ ᠮᠡᠷᠭᠡᠵᠢᠯᠲᠠᠨ ᠠᠴᠠ ︿︿ᠤᠲᠤ | ᠡᠪᠡᠳᠴᠢᠲᠠᠨ ᠤ ᠤᠷᠤ ᠦᠭᠡᠢ᠂ ᠭᠡᠷ ᠲᠡᠭᠡᠨ ᠬᠠᠷᠢᠭᠠᠳ ᠮᠡᠲᠡᠭᠲᠠᠯ ᠬᠦᠯᠢᠶᠠᠵᠤ ᠪᠠᠢ﹀﹀ ᠭᠡᠵᠤ ᠬᠤᠶᠢᠰᠢᠯᠠᠭᠤᠯᠪᠠ᠃ ᠭᠡᠷ ᠲᠡᠭᠡᠨ ᠬᠠᠷᠢᠵᠤ ᠢᠷᠠᠭᠡᠳ ᠭᠤᠷᠪᠠᠨ | ᠰᠠᠷ᠎ᠠ ᠬᠦᠯᠢᠶᠠᠪᠠ᠃ ᠪᠡᠭᠡᠵᠢᠩ ᠠᠴᠠ ᠶᠠᠮᠠᠷ ᠴᠢᠮᠡᠭᠡ ᠴᠦ ᠠᠯᠠᠭ᠎ᠠ᠂ ᠬᠦᠯᠢᠶᠠᠵᠤ ᠶᠡᠲᠡᠪᠠ᠃ ᠲᠢᠶᠠᠨ ᠲᠠᠨ ᠡᠮᠨᠡᠯᠭᠡ ᠶᠢᠨ ᠬᠤᠷᠢᠶᠠᠨ ᠳᠤ ᠤᠷᠤᠬᠤ ᠳᠤ ᠬᠦᠴᠢᠷ᠂ | ᠲᠤᠰᠬᠠᠢ ᠮᠡᠷᠭᠡᠵᠢᠯᠲᠠᠨ ᠲᠠᠢ ᠠᠭᠤᠯᠵᠠᠭᠰᠠᠨ ᠴᠦ ᠤᠷᠤ ᠤᠯᠬᠤ ᠳᠤ ᠡᠮᠨᠡᠯᠭᠡ ᠳᠤ ᠰᠠᠭᠤᠬᠤ ᠭᠠᠵᠠᠷ ᠤᠨ ᠬᠠᠷᠢᠭᠤᠴᠠᠯᠭᠠᠲᠠᠨ ᠲᠠᠢ ᠨᠢ ᠠᠭᠤᠯᠵᠠᠵᠤ ᠭᠡᠲᠤᠨ | ᠲᠦᠮᠠᠨ ᠲᠦᠬᠦᠷᠢᠭ ᠤᠨ ᠤᠯᠠᠭᠠᠨ ᠪᠤᠭᠤᠲᠠᠯ ᠠᠳᠬᠤᠭᠤᠯᠬᠤ ᠦᠭᠡᠢ ᠪᠤᠯ ᠭᠤᠷᠢ ᠦᠭᠡᠢ ᠭᠡᠨ᠎ᠠ᠃ ᠤᠲᠤᠬᠢ ᠡᠮ ᠡᠮᠨᠡᠯᠭᠡ ᠶᠢᠨ ᠰᠤᠷᠲᠠᠯ ᠡᠶᠢᠮᠤ ᠪᠤᠯᠴᠢᠭᠰᠠᠨ | ᠶᠤᠮ ᠴᠢᠨᠢ ᠠᠷᠭ᠎ᠠ ᠦᠭᠡᠢ᠂ ᠬᠤᠪᠲᠤᠭ ᠨᠤᠶᠠᠨ ᠢ ᠶᠠᠯᠠᠯᠠᠨ ᠰᠢᠢᠳᠭᠡᠬᠦ ᠳᠤ ᠠᠮᠠᠷᠬᠠᠨ ᠪᠠᠶᠢᠵᠤ ᠮᠡᠲᠡᠨ᠎ᠠ᠃ ᠡᠮᠨᠡᠯᠭᠡ ᠶᠢᠨ ᠬᠤᠷᠢᠶᠠᠨ ᠤ ᠡᠶᠢᠮᠤᠷᠬᠦ ᠬᠦᠮᠤᠡᠯᠢᠭ | ᠪᠤᠰᠤ ᠭᠠᠵᠢᠭᠤ ᠰᠤᠷᠲᠠᠯ ᠢ ᠵᠠᠰᠠᠬᠤ ᠳᠤ ᠪᠡᠷᠭᠡ᠂ ᠠᠮᠢ ᠨᠠᠰᠤ ᠡᠮᠴᠢ ᠶᠢᠨ ᠭᠠᠷ ᠲᠤ ᠪᠠᠶᠢᠨ᠎ᠠ᠃ ᠤᠯᠠᠭᠠᠨ ᠪᠤᠭᠤᠲᠠᠯ ᠦᠭᠬᠦ ᠯᠨ ᠭᠡᠷᠡᠭ᠃ ᠨᠠᠲᠠᠲᠤ ᠲᠠᠶᠢᠮᠤ ᠶᠡᠭᠡ | ᠵᠤᠭᠤᠰ ᠦᠭᠡᠢ᠂ ᠠᠷᠤ ᠡᠮᠤᠨ᠎ᠠ ᠡᠬᠦᠲᠠ ᠨᠠᠲᠠᠲᠤ ᠠᠯᠠᠭ᠎ᠠ᠃ ᠪᠢ ᠡᠬᠦᠨ ᠠᠴᠠ ᠲᠡᠷᠠ ᠡᠮᠨᠡᠯᠭᠡ ᠶᠢᠨ ᠬᠤᠷᠢᠶᠠᠨ ᠳᠤ ᠮᠠᠰᠨ ᠵᠠᠰᠠᠯ ᠬᠢᠯᠭᠡᠬᠦ ᠪᠤᠲᠤᠯ ᠢᠶᠠᠨ ᠤᠷᠬᠢᠵᠤ | ᠂ ᠦᠪᠤᠷ ᠮᠤᠩᠭᠤᠯ ᠤᠨ ᠬᠠᠷᠢᠶᠠᠲᠤ ᠡᠮᠨᠡᠯᠭᠡ ᠶᠢᠨ ᠬᠤᠷᠢᠶᠠᠨ ᠳᠤ ᠢᠷᠠᠵᠤ ᠮᠠᠰᠨ ᠵᠠᠰᠠᠯ ᠬᠢᠯᠭᠡᠬᠦ ᠪᠠᠷ ᠰᠢᠭᠤᠳᠪᠠ᠃ ᠤᠴᠢᠷ ᠨᠢ ᠮᠠᠨ ᠤ ᠵᠡᠷᠭᠡᠯᠡᠲᠡᠭᠡ ᠸᠠᠩ | ᠡᠪᠤᠭᠡᠨ ᠤ ᠬᠦᠤ ᠨᠢ ᠲᠦᠷᠤᠬᠦᠤ ᠭᠡᠲᠤᠨ ᠵᠢᠯ ᠲᠠᠷᠢᠬᠢᠨ ᠤ ᠬᠠᠪᠤᠳᠠᠷ ᠡᠪᠡᠳᠴᠢᠨ ᠤᠷᠤᠭᠠᠳ ᠦᠪᠤᠷ ᠮᠤᠩᠭᠤᠯ ᠤᠨ ᠬᠠᠷᠢᠶᠠᠲᠤ ᠡᠮᠨᠡᠯᠭᠡ ᠶᠢᠨ ᠬᠤᠷᠢᠶᠠᠨ ᠳᠤ | ᠤᠴᠢᠵᠤ ᠲᠤᠯᠤᠭᠠᠢ ᠳᠠᠭᠠᠨ ᠮᠠᠰᠨ ᠵᠠᠰᠠᠯ ᠬᠢᠯᠭᠡᠭᠡᠳ ᠡᠷᠠᠬᠦᠯᠵᠢᠭᠰᠡᠨ ᠵᠢᠱᠢᠶ᠎ᠠ ᠲᠡᠷᠭᠡᠲᠠ ᠪᠠᠶᠢᠨ᠎ᠠ᠃ ᠨᠠᠩ ᠴᠦ ᠬᠦᠭᠡᠬᠤᠲᠠ ᠳᠤ ᠲᠠᠨᠢᠯ ᠲᠠᠰᠤᠯ ᠬᠦᠮᠤᠨ ᠴᠤ | ᠪᠠᠶᠢᠨ᠎ᠠ᠂ ᠮᠢᠨᠤ ᠰᠤᠷᠤᠯᠴᠠᠵᠤ ᠪᠠᠶᠢᠭᠰᠠᠨ ᠡᠭᠡ ᠰᠤᠷᠭᠠᠭᠤᠯᠢ ᠲᠡᠨᠲᠠ ᠪᠠᠶᠢᠨ᠎ᠠ᠂ ᠭᠡᠲᠤᠨ ᠬᠠᠮᠲᠤ ᠰᠤᠷᠤᠭᠴᠢ ᠬᠦᠭᠡᠬᠤᠲᠠ ᠳᠤ ᠠᠵᠢᠯᠯᠠᠵᠤ ᠪᠠᠶᠢᠨ᠎ᠠ᠃ ᠤᠴᠢᠵᠤ | ᠡᠷᠢᠪᠠᠯ ᠲᠦᠰᠢᠭ ᠲᠠᠢ ᠪᠢᠰᠢᠤ᠂ ᠦᠬᠦᠭᠰᠨ ᠴᠦ ᠭᠡᠷ ᠨᠤᠲᠤᠭ ᠲᠠᠭᠠᠨ ᠦᠬᠦᠨ᠎ᠠ ᠭᠡᠵᠤ ᠠᠮᠢ ᠨᠠᠰᠤᠨ ᠤ ᠮᠡᠯᠵᠢᠶᠠ ᠶᠢ ᠪᠡᠶ᠎ᠠ ᠳᠡᠭᠡᠨ ᠲᠠᠯᠪᠢᠭᠠᠳ 2016 ᠤᠨ ᠤ | ᠲᠠᠪᠤᠲᠤᠭᠠᠷ ᠰᠠᠷ᠎ᠠ ᠳᠤ ᠬᠦᠤ ᠲᠠᠢ ᠪᠠᠨ ᠬᠤᠶᠠᠭᠤᠯᠨ ᠬᠦᠭᠡᠬᠤᠲᠠ ᠬᠦᠷᠪᠠ᠃ | ᠦᠪᠤᠷ ᠮᠤᠩᠭᠤᠯ ᠤᠨ ᠬᠠᠷᠢᠶᠠᠲᠤ ᠡᠮᠨᠡᠯᠭᠡ ᠶᠢᠨ ᠬᠤᠷᠢᠶᠠᠨ ᠳᠤ ᠤᠯᠠᠭᠠᠨ ᠪᠤᠭᠤᠲᠠᠯ ᠵᠠᠷᠤᠭᠰᠠᠨ ᠦᠭᠡᠢ᠂ ᠡᠮᠨᠡᠯᠭᠡ ᠳᠤ ᠰᠠᠭᠤᠬᠤ ᠭᠠᠷ ᠬᠦᠢᠴᠠᠳᠭᠡᠯ ᠢ | ᠠᠮᠠᠷᠬᠠᠨ ᠬᠢᠵᠤ᠂ ᠠᠷᠪᠠ ᠶᠢᠰᠤᠲᠤᠭᠡᠷ ᠲᠠᠪᠬᠤᠷᠯᠢᠭ ᠤᠨ ᠲᠠᠷᠢᠬᠢᠨ ᠤ ᠬᠠᠪᠤᠳᠠᠷ ᠤᠨ ᠭᠠᠲᠠᠷ ᠰᠠᠯᠠᠭᠠᠨ ᠤ ᠡᠪᠡᠳᠴᠢᠲᠠᠨ ᠤ ᠦᠷᠤᠭᠡᠨ ᠳᠤ ᠰᠠᠭᠤᠪᠠ᠃ ᠨᠠᠲᠠᠲᠤ | ᠭᠡᠷ ᠲᠡᠭᠡᠨ ᠢᠷᠡᠭᠰᠠᠨ ᠠᠲᠠᠯᠢ ᠬᠠᠯᠠᠭᠤᠨ ᠲᠤᠲᠤᠨᠤ ᠰᠠᠨᠠᠭᠳᠠᠪᠠ᠃ ᠠᠷᠠᠳ ᠤᠨ ᠡᠮᠨᠡᠯᠭᠡ ᠶᠢᠨ ᠬᠤᠷᠢᠶ᠎ᠠ ᠭᠡᠵᠤ ᠡᠶᠢᠮᠤ ᠯᠨ ᠪᠠᠶᠢᠬᠤ ᠶᠤᠰᠤᠲᠠᠢ᠃ ᠡᠮᠨᠡᠯᠭᠡ ᠶᠢᠨ | ᠬᠤᠷᠢᠶ᠎ᠠ ᠠᠴᠠ ᠨᠠᠲᠠᠲᠤ ᠪᠦᠬᠦ ᠲᠡᠯ᠎ᠠ ᠶᠢᠨ ᠡᠪᠡᠳᠴᠢᠨ ᠤ ᠤᠨᠤᠰᠢᠯᠠᠯᠲᠠ ᠬᠢᠪᠠ᠃ ᠤᠨᠤᠰᠢᠯᠠᠯᠲᠠ ᠶᠢᠨ ᠦᠷ᠎ᠠ ᠳ᠋ᠦᠩ ᠴᠦ ᠠᠶᠤᠮᠠᠷ ᠪᠠᠶᠢᠵᠤ᠂ ᠲᠠᠷᠢᠬᠢᠨ ᠤ | ᠬᠠᠪᠤᠳᠠᠷ ᠤᠨ ᠡᠮᠨᠡᠯᠭᠡ ᠶᠢᠨ ᠭᠠᠲᠠᠷ ᠰᠠᠯᠠᠭᠠᠨ ᠤ ᠡᠷᠬᠢᠯᠡᠭᠴᠢ᠂ ᠲᠠᠷᠢᠬᠢᠨ ᠤ ᠡᠮᠨᠡᠯᠭᠡ ᠶᠢᠨ ᠲᠤᠰᠬᠠᠢ ᠮᠡᠷᠭᠡᠵᠢᠯᠲᠠᠨ᠂ ᠤᠯᠤᠰ ᠤᠨ ᠬᠤᠶᠠᠲᠤᠭᠠᠷ ᠲᠠᠰ ᠤᠨ | ᠫᠷᠤᠫᠧᠰᠰᠤᠷ ᠳ᠋ᠦ᠋ ᠵᠠᠨ ᠦ᠋ ᠡᠮᠴᠢ ᠠᠴᠠ ᠨᠠᠲᠠᠲᠤ ︿︿ᠲᠠᠷᠢᠬᠢᠨ ᠤ ᠬᠠᠪᠤᠳᠠᠷ ᠴᠢᠨᠢ 6.2 ᠰᠠᠨᠲ᠋ᠢᠮᠧᠲᠷ ᠪᠤᠯᠴᠢᠵᠠᠢ᠃ ᠮᠠᠰᠨ ᠵᠠᠰᠠᠯ ᠬᠢᠬᠦ ᠠᠴᠠ ᠦᠩᠭᠡᠷᠠᠵᠠᠢ᠃ | ᠤᠲᠤ ᠭᠡᠷ ᠲᠡᠭᠡᠨ ᠬᠠᠷᠢᠭᠠᠳ ᠡᠮ ᠤᠤᠭᠤᠭᠠᠳ ᠠᠮᠠᠷᠠᠪᠠᠯ ᠪᠤᠯᠴᠢᠨ᠎ᠠ﹀﹀ ᠭᠡᠰᠠᠨ ᠳ᠋ᠦᠩ ᠦᠭᠪᠠ᠃ ᠡᠨᠡ ᠪᠠᠷᠠᠵᠠᠢ᠂ ᠡᠨᠡ ᠴᠢᠨᠢ ᠭᠡᠷ ᠲᠡᠭᠡᠨ ᠬᠠᠷᠢᠭᠠᠳ ᠡᠲᠤᠷ | ᠢᠶᠠᠨ ᠬᠦᠯᠢᠶ᠋ᠨ ᠭᠡᠰᠠᠨ ᠦᠭᠡ ᠰᠢᠲᠠ᠂ ᠪᠢ ᠢᠩᠬᠢᠭᠡᠳ ᠦᠬᠦᠴᠢᠨᠠ ᠭᠡᠵᠢ ᠤᠤ︖︕ ᠪᠤᠯᠬᠤ ᠦᠭᠡᠢ᠃ ᠪᠢ ᠦᠪᠤᠷ ᠮᠤᠩᠭᠤᠯ ᠤᠨ ᠮᠤᠩᠭᠤᠯ ᠭᠡᠯᠨ ᠪᠢᠴᠢᠭ | ᠤᠨ ᠲᠤᠰᠬᠠᠢ ᠮᠡᠷᠭᠡᠵᠢᠯ ᠤᠨ ᠰᠤᠷᠭᠠᠭᠤᠯᠢ ᠶᠢᠨ ᠮᠢᠨᠤ ᠬᠠᠮᠲᠤ ᠰᠤᠷᠤᠭᠴᠢ ᠵᠢᠨᠫᠢᠩ ᠳᠡᠭᠡᠨ ᠤᠲᠠᠰᠤ ᠠᠪᠴᠤ ᠪᠠᠶᠢᠲᠠᠯ ᠢᠶᠠᠨ ᠮᠡᠲᠡᠭᠲᠠᠵᠤ ᠲᠤᠰᠠᠯᠠᠮᠵᠢ ᠭᠤᠶᠤᠪᠠ᠃ | ᠵᠢᠨᠫᠢᠩ ᠪᠤᠯ ᠰᠤᠷᠭᠠᠭᠤᠯᠢ ᠶᠢᠨ ᠦᠶ᠎ᠠ ᠶᠢᠨ ᠮᠠᠨ ᠤ ᠠᠩᠬᠢ ᠶᠢᠨ ᠲᠠᠷᠤᠭ᠎ᠠ ᠮᠦᠷᠲᠡᠭᠡᠨ ᠮᠢᠨᠤ ᠰᠠᠶᠢᠨ ᠨᠠᠶᠢᠵᠢ ᠶᠤᠮ᠃ ᠲᠠᠷᠨ ᠰᠤᠷᠭᠠᠭᠤᠯᠢ ᠲᠡᠬᠦᠰᠦᠭᠰᠠᠨ ᠤ | ᠲᠠᠷᠠᠭ᠎ᠠ ᠦᠪᠤᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠬᠤᠪᠢᠰᠬᠠᠯ ᠤᠨ ᠵᠦᠪᠯᠠᠯ ︵ᠤᠲᠤᠬᠢ ᠠᠷᠠᠳ ᠤᠨ ᠵᠠᠰᠠᠭ ᠤᠨ ᠤᠷᠲᠤᠨ︶ ᠳᠤ ᠠᠵᠢᠯ ᠤᠨ | ᠬᠤᠪᠢᠶᠠᠷᠢ ᠠᠪᠴᠤ ᠠᠵᠢᠯᠯᠠᠵᠤ᠂ ᠵᠠᠰᠠᠭ ᠤᠨ ᠤᠷᠲᠤᠨ ᠤ ᠠᠯᠪᠠᠨ ᠲᠢᠩᠬᠢᠮ ᠤᠨ ᠲᠡᠳ᠋ ᠨᠠᠷᠢᠨ ᠪᠢᠴᠢᠭ ᠤᠨ ᠲᠠᠷᠤᠭ᠎ᠠ᠂ ᠵᠠᠬᠢᠲᠠᠯ ᠰᠤᠷᠪᠤᠯᠵᠢᠯᠠᠭ᠎ᠠ ᠶᠢᠨ ᠲᠢᠩᠬᠢᠮ | ᠤᠨ ᠲᠠᠷᠤᠭ᠎ᠠ ᠪᠠᠷ ᠲᠠᠪᠰᠢᠵᠤ᠂ ᠤᠲᠤ ᠦᠪᠤᠷ ᠮᠤᠩᠭᠤᠯ ᠤᠨ ᠨᠠᠮ ᠤᠨ ᠬᠤᠷᠢᠶᠠᠨ ᠤ ᠲᠤᠭᠤᠷᠢᠨ ᠪᠠᠶᠢᠴᠠᠭᠠᠬᠤ ᠲᠤᠭᠤᠶᠢᠯᠠᠩ ᠤᠨ ᠲᠠᠷᠤᠭ᠎ᠠ ᠪᠠᠷ ᠠᠵᠢᠯᠯᠠᠵᠤ | ᠪᠠᠶᠢᠭ᠎ᠠ ᠲᠢᠩᠬᠢᠮ ᠤᠨ ᠲᠠᠰ ᠤᠨ ᠲᠤᠰᠢᠶᠠᠯ ᠲᠠᠢ ᠂ ᠨᠠᠯᠢᠶᠠᠳ ᠨᠡᠷ᠎ᠡ ᠨᠦᠯᠤᠭᠡ ᠲᠠᠢ ᠬᠦᠮᠤᠨ ᠶᠤᠮ᠃ ᠲᠠᠷᠨ ᠨᠠᠲᠠᠲᠤ ᠬᠠᠪᠰᠤᠷᠬᠤ ᠪᠠᠷ ᠪᠤᠯᠵᠤ ᠡᠮᠨᠡᠯᠭᠡ ᠶᠢᠨ | ᠬᠤᠷᠢᠶ᠎ᠠ ᠲᠠᠢ ᠬᠠᠷᠢᠯᠴᠠᠪᠠ᠃ ᠦᠲᠠ ᠶᠢᠨ ᠬᠤᠶᠢᠨ᠎ᠠ ᠨᠢ ᠪᠢ ᠡᠪᠡᠳᠴᠢᠲᠠᠨ ᠤ ᠦᠷᠤᠭᠡᠨ ᠳᠡᠭᠡᠨ ᠬᠦᠵᠤᠷ ᠡᠷᠬᠢᠬᠦᠯᠤᠨ ᠰᠠᠭᠤᠵᠤ ᠪᠠᠶᠢᠲᠠᠯ᠎ᠠ ᠳ᠋ᠦ᠋ ᠵᠠᠨ ᠡᠤ | ᠲᠦᠷᠤᠬᠦᠲᠠᠢ ᠭᠡᠲᠤᠨ ᠡᠮᠴᠢ ᠢᠨᠢᠶᠠᠮᠰᠤᠩᠬᠦᠢ ᠴᠢᠷᠠᠢ ᠲᠠᠢ ᠤᠷᠤᠵᠤ ᠢᠷᠡᠭᠰᠠᠨ ᠢᠶᠠᠨ᠂ ᠳ᠋ᠦ᠋ ᠵᠠᠨ ᠦ᠋ ᠡᠮᠴᠢ᠄ | — ᠲᠨ ᠴᠢᠨᠢ ᠮᠠᠨ ᠤᠨ ᠵᠢᠨᠫᠢᠩ ᠲᠠᠷᠤᠭ᠎ᠠ ᠶᠢᠨ ᠬᠠᠮᠲᠤ ᠰᠤᠷᠤᠭᠴᠢ ᠭᠡᠨ᠎ᠡ ᠤᠤ︖ ᠵᠢᠨᠫᠢᠩ ᠠᠬ᠎ᠠ ᠲᠠᠨ ᠤ ᠪᠠᠶᠢᠲᠠᠯ ᠢ ᠨᠠᠲᠠᠲᠤ ᠪᠦᠷᠢᠨ ᠭᠡᠯᠡᠵᠠᠢ | ᠃ ᠦᠨᠠᠨ ᠢ ᠭᠡᠯᠡᠬᠦ ᠳᠤ ᠡᠨᠡ ᠮᠠᠰᠨ ᠵᠠᠰᠠᠯ ᠢ ᠬᠢᠬᠦ ᠳᠤ ᠪᠡᠷᠭᠡ᠂ ᠮᠠᠰᠨ ᠵᠠᠰᠠᠯ ᠤᠨ ᠠᠮᠵᠢᠯᠲᠠ ᠤᠯᠬᠤ ᠪᠤᠯᠤᠯᠴᠠᠭ᠎ᠠ ᠰᠠᠶ᠋ᠢ 5% ᠯᠨ ᠪᠠᠶᠢᠨ᠎ᠠ᠃ ᠵᠢᠨᠫᠢᠩ | ᠲᠠᠷᠤᠭ᠎ᠠ ᠨᠢᠭᠡᠨᠲᠠ ᠭᠡᠯᠡᠭᠰᠠᠨ ᠶᠤᠮ ᠴᠢᠨᠢ ᠡᠨᠡ ᠭᠠᠷᠠᠭ ᠤᠨ ᠲᠦᠷᠪᠠᠨ ᠤ ᠡᠲᠤᠷ ᠮᠠᠰᠨ ᠵᠠᠰᠠᠯ ᠬᠢᠨ᠎ᠠ ᠰᠢᠤ᠂ ᠮᠠᠰᠨ ᠵᠠᠰᠠᠯ ᠠᠮᠵᠢᠯᠲᠠ ᠤᠯᠬᠤ ᠪᠠᠷ ᠪᠤᠲᠤᠬᠤ ᠳᠤ | ᠴᠢᠨᠤ ᠴᠢᠷᠠᠢ ᠨᠢᠭᠤᠷ ᠲᠠᠮᠪᠠᠷᠠᠵᠤ᠂ ᠴᠢᠬᠢ ᠲᠦᠯᠠᠶᠢᠷᠠᠵᠤ᠂ ᠦᠭᠡ ᠭᠡᠯᠠᠵᠤ ᠴᠢᠲᠠᠬᠤ ᠦᠭᠡᠢ᠂ ᠬᠤᠭᠤᠯᠨ ᠢᠲᠠᠬᠦ ᠳᠤ ᠬᠦᠴᠢᠷᠲᠠᠬᠦ ᠮᠦᠷᠲᠡᠭᠡᠨ ᠬᠦᠮᠤᠨ ᠤ ᠭᠠᠷ | ᠲᠤ ᠤᠷᠤᠵᠤ ᠮᠡᠲᠠᠨᠠ᠃ ᠲᠨ ᠦᠵᠠᠯ ᠰᠠᠨᠠᠭᠠᠨ ᠤ ᠲᠡᠯ᠎ᠠ ᠪᠠᠷ ᠪᠦᠷᠢᠨ ᠪᠡᠯᠡᠳᠭᠡᠯ ᠲᠠᠢ ᠪᠠᠶᠢᠭᠠᠷᠠᠢ᠃ ᠰᠠᠲᠤᠨ ᠲᠦᠷᠤᠯ ᠢᠶᠠᠨ ᠪᠦᠬᠦᠲᠠ ᠶᠢ ᠲᠠᠭᠤᠲᠠᠵᠤ | ᠠᠪᠴᠢᠷᠨ᠂ ᠪᠢᠲᠠ ᠶᠠᠷᠢᠯᠴᠠᠬᠤ ᠤᠴᠢᠷ ᠪᠤᠢ᠂ ᠪᠢᠲᠠ ᠲᠠᠨ ᠤ ᠮᠠᠰᠨ ᠵᠠᠰᠠᠯ ᠢ ᠬᠢᠬᠦ ᠳᠤ ᠲᠤᠰᠬᠠᠢ ᠮᠡᠷᠭᠡᠵᠢᠯᠲᠠᠨ ᠤ ᠪᠦᠯᠬᠦᠮ ᠢ ᠪᠠᠶᠢᠭᠤᠯᠵᠠᠢ᠃ ᠲᠠᠪᠤᠨ ᠲᠤᠰᠬᠠᠢ | ᠮᠡᠷᠭᠡᠵᠢᠯᠲᠠᠨ ᠤᠷᠤᠯᠴᠠᠨ᠎ᠠ᠃ ᠡᠮᠨᠡᠯᠭᠡ ᠶᠢᠨ ᠬᠤᠷᠢᠶᠠᠨ ᠤ ᠤᠲᠤᠷᠢᠲᠤᠯᠭ᠎ᠠ ᠴᠦ ᠲᠠᠨ ᠤ ᠮᠠᠰᠨ ᠵᠠᠰᠠᠯ ᠢ ᠤᠨᠴᠨ ᠠᠩᠬᠠᠷᠴᠤ ᠪᠠᠶᠢᠨ᠎ᠠ᠃ ᠡᠲᠡᠭᠡᠷ ᠡᠮᠴᠢ ᠪᠤᠯ ᠲᠠᠨ | ᠳᠤ ᠮᠠᠰᠨ ᠵᠠᠰᠠᠯ ᠬᠢᠬᠦ ᠲᠤᠰᠬᠠᠢ ᠮᠡᠷᠭᠡᠵᠢᠯᠲᠠᠨ ᠤ ᠪᠦᠯᠬᠦᠮ ᠤᠨ ᠬᠢ ᠭᠡᠳ ᠡᠮᠴᠢ ᠨᠠᠷ ᠢᠶᠠᠨ ᠲᠠᠨᠢᠯᠴᠠᠭᠤᠯᠤᠨ᠎ᠠ᠃ ᠪᠦᠷ ᠡᠷᠬᠢᠯᠡᠭᠴᠢ ᠡᠮᠴᠢ ᠠᠴᠠ ᠲᠡᠭᠡᠭᠰᠢ ᠴᠤᠯᠨ | ᠲᠠᠢ ᠡᠮᠴᠢ ᠨᠠᠷ ᠪᠠᠶᠢᠯ᠎ᠠ᠃ ᠪᠢ ᠡᠬᠦᠨ ᠢ ᠰᠤᠨᠤᠰᠤᠭᠠᠳ ᠲᠤᠩ ᠰᠡᠳᠬᠢᠯ ᠬᠦᠲᠠᠯᠵᠤ᠂ | — ᠪᠠᠶᠠᠷᠯᠠᠯ᠎ᠠ᠂ ᠮᠠᠰᠨ ᠵᠠᠰᠠᠯ ᠠᠮᠵᠢᠯᠲᠠ ᠤᠯᠤᠨ᠎ᠠ ᠭᠡᠲᠡᠭ ᠢ ᠪᠢ ᠢᠲᠠᠭᠡᠵᠤ ᠪᠠᠶᠢᠨ᠎ᠠ᠃ ᠮᠠᠰᠨ ᠵᠠᠰᠠᠯ ᠤᠨ ᠲᠠᠷᠠᠭ᠎ᠠ ᠶᠠᠮᠠᠷ ᠠᠷᠬᠠᠭ ᠭᠡᠮ ᠦᠯᠡᠲᠡᠭᠰᠠᠨ | ᠴᠦ ᠪᠢ ᠠᠶᠤᠬᠤ ᠦᠭᠡᠢ᠃ ᠮᠠᠰᠨ ᠵᠠᠰᠠᠯ ᠤᠨ ᠤᠷᠤ ᠲᠡᠭᠡᠷ᠎ᠠ ᠦᠬᠦᠬᠦ ᠠᠴᠠ ᠴᠦ ᠪᠢ ᠠᠶᠤᠬᠤ ᠦᠭᠡᠢ᠂ ᠭᠡᠷᠪᠠ ᠪᠢ ᠦᠬᠦᠬᠦ ᠳᠤ ᠬᠦᠷᠪᠠᠯ ᠲᠠᠨᠠᠷ ᠨᠢᠭᠡᠨ | ᠤᠲᠠᠭᠠᠨ ᠤ ᠲᠤᠷᠰᠢᠯᠲᠠ ᠬᠢᠭᠰᠡ ᠢᠶᠠᠷ ᠪᠤᠲᠤᠴᠢᠬᠠ﹀﹀ ᠭᠡᠵᠤ ᠭᠡᠯᠡᠬᠦ ᠳᠤ ᠳ᠋ᠦ᠋ ᠵᠠᠨ ᠦ᠋ ᠡᠮᠴᠢ ᠴᠦ ᠮᠢᠨᠤ ᠮᠦᠷᠤ ᠶᠢ ᠲᠠᠪᠰᠢᠵᠤ᠄ ︿︿ᠲᠨ ᠨᠠᠭᠡᠷᠠᠨ ᠰᠦᠰᠤ ᠵᠤᠷᠢᠭ | ᠲᠠᠢ ᠬᠦᠮᠤᠨ ᠪᠠᠶᠢᠨ᠎ᠠ᠂ ᠪᠢᠲᠠ ᠯᠠᠪᠲᠠᠢ ᠪᠠᠶᠢᠲᠠᠭ ᠮᠡᠷᠭᠡᠵᠢᠯ ᠢᠶᠠᠷ ᠢᠶᠠᠨ ᠴᠢᠷᠮᠠᠶᠢᠨ᠎ᠠ᠂ ᠲᠨ ᠰᠡᠳᠬᠢᠯ ᠠᠮᠤᠷ ᠪᠠᠢ﹀﹀ ᠭᠡᠵᠤ ᠢᠳᠬᠠᠪᠠ᠃ ᠨᠠᠲᠠᠲᠤ ᠰᠠᠲᠤᠨ | ᠲᠦᠷᠤᠯ ᠭᠡᠮᠡᠷ ᠠᠷᠪᠢᠨ ᠬᠦᠮᠤᠨ ᠦᠭᠡᠢ᠂ ᠮᠡᠷᠭᠠᠰᠢ ᠨᠢ ᠮᠢᠨᠤ ᠭᠡᠤᠭᠡᠨ ᠬᠠᠯᠢᠭᠤᠲᠤ ᠠᠴᠠ ᠬᠦᠭᠡᠬᠤᠲᠠ ᠳᠤ ᠢᠷᠠᠪᠠ᠃ ᠬᠦᠤ ᠬᠡᠤᠭᠡᠨ ᠬᠤᠶᠠᠭᠤᠯᠨ ᠮᠢᠨᠤ ᠲᠡᠷᠭᠡᠲᠠ | ᠪᠠᠶᠢᠬᠤ ᠨᠢ ᠨᠠᠲᠠᠲᠤ ᠶᠡᠭᠡ ᠤᠶᠤᠨ ᠰᠠᠨᠠᠭᠠᠨ ᠤ ᠵᠤᠷᠢᠭᠵᠢᠭᠤᠯᠤᠯ ᠪᠠ ᠲᠦᠰᠢᠭ ᠪᠤᠯᠤᠭᠰᠠᠨ ᠶᠤᠮ᠃ ᠦᠪᠠᠷ ᠤᠨ ᠦᠷ᠎ᠠ ᠭᠡᠤᠭᠡᠳ ᠤᠨ ᠠᠴᠢᠯᠠᠯ ᠡᠯᠪᠠᠷᠢᠯ ᠢ | ᠬᠦᠷᠲᠡᠨ᠎ᠠ ᠭᠡᠲᠡᠭ ᠡᠨᠡ ᠪᠠ ᠃ ᠬᠤᠶᠠᠷ ᠭᠡᠤᠭᠡᠳ ᠡᠮᠴᠢ ᠨᠠᠷ ᠲᠠᠢ ᠬᠠᠷᠢᠯᠴᠠᠬᠤ᠂ ᠭᠠᠷ ᠤᠨ ᠦᠰᠦᠭ ᠵᠢᠷᠤᠬᠤ ᠭᠠᠷ ᠬᠦᠢᠴᠠᠳᠭᠡᠯ ᠢ ᠪᠦᠷᠢᠨ ᠬᠦᠢᠴᠠᠳᠭᠡᠵᠤ᠂ | ᠮᠢᠨᠤ ᠭᠡᠤᠭᠡᠨ ᠨᠠᠯᠢᠶᠠᠳ ᠠᠶᠤᠭᠰᠠᠨ ᠮᠠᠶ᠋ᠢᠭ ᠲᠠᠢ ᠪᠠᠶᠢᠭᠰᠠᠨ ᠳᠤ ᠪᠢ ᠭᠡᠤᠭᠡᠳ ᠤᠳ ᠲᠡᠭᠡᠨ ᠵᠤᠷᠢᠭ ᠦᠭᠬᠦᠭᠰᠠᠨ ᠪᠤᠯᠬᠤᠷ ᠭᠡᠤᠭᠡᠨ ᠴᠦ ᠰᠠᠨᠠᠭ᠎ᠠ ᠠᠮᠤᠷᠴᠤ ᠮᠠᠰᠨ | ᠵᠠᠰᠠᠯ ᠠᠮᠵᠢᠯᠲᠠ ᠤᠯᠬᠤ ᠳᠤ ᠢᠲᠠᠭᠡᠯ ᠲᠠᠢ ᠪᠤᠯᠪᠠ᠃ | ᠡᠨᠡ ᠡᠲᠤᠷ ᠪᠤᠯ ᠨᠠᠲᠠᠲᠤ ᠨᠠᠰᠤᠨ ᠲᠤᠷᠰᠢᠲᠠ ᠮᠠᠷᠲᠠᠭᠲᠠᠬᠤ ᠦᠭᠡᠢ ᠡᠲᠤᠷ ᠪᠤᠯᠤᠨ᠎ᠠ᠃ ᠪᠢ ᠡᠨᠡ ᠡᠲᠤᠷ ᠬᠠᠮᠲᠤ ᠰᠤᠷᠤᠭᠴᠢ ᠶᠢᠨ ᠲᠡᠮᠵᠢᠯᠭᠡ᠂ ᠡᠮᠴᠢ ᠨᠠᠷ | ᠤᠨ ᠮᠡᠷᠭᠡᠵᠢᠯ ᠢᠶᠠᠷ ᠬᠤᠶᠠᠲᠠᠬᠢ ᠠᠮᠢ ᠨᠠᠰᠤ ᠶᠢ ᠤᠯᠵᠤ ᠡᠷᠯᠢᠭ ᠤᠨ ᠡᠬᠦᠲᠠᠨ ᠠᠴᠠ ᠪᠤᠴᠠᠵᠤ ᠢᠷᠡᠭᠰᠠᠨ ᠡᠲᠤᠷ ᠪᠤᠯᠬᠤ ᠶᠤᠮ᠃ 2016 ᠤᠨ ᠤ ᠲᠠᠪᠤᠲᠤᠭᠠᠷ | ᠰᠠᠷ᠎ᠠ ᠶᠢᠨ 12 ᠤᠨ ᠡᠲᠤᠷ ᠤᠨ ᠦᠷᠯᠤᠭᠡ ᠶᠢᠨ ᠨᠠᠢᠮᠠᠨ ᠴᠠᠭ ᠬᠠᠭᠠᠰ ᠲᠤ ᠪᠢ ᠮᠠᠰᠨ ᠵᠠᠰᠠᠯ ᠤᠨ ᠤᠷᠤ ᠲᠡᠭᠡᠷ᠎ᠠ ᠭᠠᠷᠴᠤ ᠡᠷᠯᠢᠭ ᠤᠨ ᠡᠬᠦᠲᠠ ᠪᠠᠷ ᠨᠢᠭᠡ ᠡᠲᠤᠷ | ᠡᠷᠭᠢᠴᠠᠬᠦ ᠳᠤ ᠡᠷᠯᠢᠭ ᠨᠠᠮᠠᠢᠢ ᠲᠤᠭᠤᠵᠤ ᠠᠪᠤᠭᠰᠠᠨ ᠦᠭᠡᠢ᠂ ᠡᠮᠴᠢ ᠨᠠᠷ ᠬᠠᠷᠢᠨ ᠠᠪᠤᠷᠠᠵᠤ ᠠᠪᠤᠭᠰᠠᠨ ᠪᠠᠶᠢᠪᠠ᠃ ᠪᠢ ᠤᠬᠠᠭ᠎ᠠ ᠰᠡᠷᠬᠦᠵᠤ ᠨᠢᠲᠤ ᠨᠡᠭᠡᠭᠡᠨ | ᠦᠵᠡᠬᠦ ᠳᠤ ᠮᠢᠨᠤ ᠬᠦᠤ ᠲᠡᠷᠭᠡᠲᠠ ᠰᠠᠭᠤᠵᠤ ᠪᠠᠶᠢᠨ᠎ᠠ᠃ ᠦᠷᠤᠭᠡᠨ ᠤ ᠳ᠋ᠧᠩ ᠴᠦ ᠠᠰᠠᠵᠠᠢ᠃ ᠪᠢ᠄ | — ᠬᠦᠪᠴᠢᠨ ᠡ᠂ ᠨᠠᠲᠠᠲᠤ ᠤᠲᠠᠬᠤ ᠦᠭᠡᠢ ᠮᠠᠰᠨ ᠵᠠᠰᠠᠯ ᠬᠢᠨ᠎ᠠ ᠰᠢᠤ ᠂ ᠴᠢ ᠶᠠᠭᠠᠭᠢᠭᠠᠳ ᠢᠷᠠᠴᠢᠭᠡᠪᠠ︖ ᠭᠡᠵᠤ ᠭᠡᠯᠡᠬᠦᠯᠠᠷ ᠮᠢᠨᠤ ᠬᠦᠤ᠄ | — ᠠᠪᠤ ᠡ᠂ ᠲᠨ ᠰᠡᠷᠬᠦᠵᠠᠢ᠃ ᠲᠠᠨ ᠤ ᠮᠠᠰᠨ ᠵᠠᠰᠠᠯ ᠢ ᠨᠢᠭᠡᠨᠲᠠ ᠬᠢᠭᠰᠡᠨ᠂ ᠨᠠᠢᠮᠠᠨ ᠴᠠᠭ 30 ᠮᠢᠨᠦ᠋ᠲ ᠶᠢᠨ ᠴᠠᠭ ᠭᠡᠷᠡᠭᠯᠡᠭᠰᠠᠨ ᠰᠢᠤ᠂ ᠮᠠᠰᠨ ᠵᠠᠰᠠᠯ | ᠲᠤᠩ ᠠᠮᠵᠢᠯᠲᠠ ᠲᠠᠢ ᠪᠤᠯᠤᠭᠰᠠ ᠭᠡᠵᠤ ᠭᠡᠯᠡᠪᠠ᠃ ᠪᠢ | — ᠭᠡᠲᠤᠨ ᠴᠠᠭ ᠪᠤᠯᠵᠤ ᠪᠠᠶᠢᠨ᠎ᠠ ᠤᠤ︖ ᠭᠡᠪᠠᠯ ᠬᠦᠤ᠄ | — ᠰᠦᠨᠢ ᠶᠢᠨ 11 ᠴᠠᠭ ᠪᠤᠯᠵᠠᠢ᠃ ᠠᠪᠤ ᠡ᠂ ᠲᠠ ᠦᠭᠡ ᠶᠠᠷᠢᠵᠤ ᠴᠢᠲᠠᠵᠤ ᠪᠠᠶᠢᠨ᠎ᠠ ᠭᠡᠵᠤ ᠪᠠᠶᠠᠷᠯᠠᠨ ᠭᠡᠯᠡᠪᠡ᠃ ᠪᠢ ᠨᠢᠲᠤ ᠪᠠᠨ ᠠᠨᠢᠬᠤ ᠭᠡᠰᠡᠨ | ᠳᠤ ᠵᠠᠬᠦᠨ ᠨᠢᠲᠤ ᠠᠨᠢᠵᠤ ᠲᠠᠶᠢᠯᠬᠦ ᠦᠭᠡᠢ᠂ ᠵᠠᠬᠦᠨ ᠴᠢᠬᠢ ᠶᠠᠭᠤ ᠴᠤ ᠰᠤᠨᠤᠰᠬᠤ ᠦᠭᠡᠢ ᠪᠤᠯᠪᠠ᠃ ᠠᠮᠨ ᠴᠦ ᠡᠪ ᠢᠶᠠᠨ ᠠᠯᠲᠠᠵᠠᠢ᠃ ᠪᠢ᠄ | — ᠮᠢᠨᠤ ᠠᠮᠨ ᠭᠡᠪᠠᠯ ᠮᠢᠨᠤ ᠭᠦᠤ᠄ | — ᠠᠪᠤ ᠡ᠂ ᠲᠠᠨ ᠤ ᠠᠮᠨ ᠮᠣᠷᠤᠶᠢᠵᠠᠢ᠂ ᠬᠠᠮᠢᠶ᠎ᠠ ᠦᠭᠡᠢ᠂ ᠨᠢᠭᠡ ᠬᠤᠭᠤᠴᠠᠭ᠎ᠠ ᠦᠩᠭᠡᠷᠠᠪᠠᠯ ᠵᠦᠭᠡᠷ ᠪᠤᠯᠴᠢᠬᠠᠨ᠎ᠠ ᠭᠡᠵᠤ ᠨᠠᠮᠠᠢᠢ | ᠲᠠᠶᠢᠳᠬᠤᠷᠠᠭᠤᠯᠪᠠ᠃ ᠪᠢ ᠲᠡᠷᠡ ᠰᠦᠨᠢ ᠤᠨᠲᠠᠵᠤ ᠴᠢᠲᠠᠭᠰᠠᠨ ᠦᠭᠡᠢ᠂ ᠡᠪᠡᠳᠴᠢᠨ ᠳᠤ ᠰᠢᠨᠠᠯᠠᠬᠤ ᠳᠠᠭᠠᠨ ᠪᠢᠰᠢ᠂ ᠰᠡᠳᠬᠢᠯ ᠬᠦᠲᠠᠯᠬᠦ ᠳᠡᠭᠡᠨ ᠡᠶᠢᠮᠤ ᠪᠠᠶᠢᠵᠠᠢ᠃ | ᠪᠢ ᠠᠮᠢ ᠤᠷᠤᠭᠰᠠᠨ᠂ ᠡᠨᠡ ᠬᠤᠷᠸ᠎ᠠ ᠲᠡᠭᠡᠷ᠎ᠠ ᠪᠠᠰᠨ ᠭᠡᠲᠤᠨ ᠵᠢᠯ ᠠᠮᠢᠲᠤ ᠶᠠᠪᠤᠬᠤ ᠬᠤᠪᠢ ᠲᠠᠢ ᠪᠠᠶᠢᠵᠠᠢ᠃ ᠠᠮᠢ ᠨᠠᠰᠤᠨ ᠤ ᠦᠨ᠎ᠠ ᠦᠷᠲᠡᠭ ᠢ ᠡᠨᠡ ᠰᠦᠨᠢ | ᠪᠦᠷᠢᠨ ᠤᠶᠢᠯᠠᠭᠠᠯ᠎ᠠ᠃ ᠠᠮᠢᠲᠤ ᠶᠠᠪᠤᠬᠤ ᠰᠠᠶᠢᠬᠠᠨ᠂ ᠡᠷᠠᠬᠦᠯ ᠴᠢᠬᠢᠷᠠᠭ ᠶᠠᠪᠤᠬᠤ ᠨᠠᠩ ᠴᠦ ᠰᠠᠶᠢᠬᠠᠨ᠃ ᠭᠡᠪᠡᠴᠤ ᠮᠢᠨᠤ ᠨᠢᠭᠤᠷ ᠴᠢᠷᠠᠢ ᠲᠠᠮᠪᠠᠷᠠᠭᠰᠠᠨ᠂ ᠪᠢ | ᠵᠠᠮᠲᠡᠭ ᠬᠦᠮᠤᠨ ᠪᠤᠯᠵᠠᠢ᠃ ᠭᠡᠪᠡᠴᠤ ᠪᠢ ᠵᠤᠪᠠᠭ᠋ᠤ ᠦᠭᠡᠢ᠃ ᠠᠮᠢᠲᠤ ᠶᠠᠪᠤᠬᠤ ᠨᠢ ᠬᠠᠮᠤᠭ ᠤᠨ ᠶᠡᠭᠡ ᠵᠢᠷᠭᠠᠯ ᠰᠢᠲᠠ᠃ ᠪᠢ᠄ | — ᠮᠢᠨᠤ ᠮᠠᠰᠨ ᠵᠠᠰᠠᠯ ᠠᠮᠵᠢᠯᠲᠠ ᠤᠯᠤᠭᠰᠠᠨ ᠢ ᠡᠭᠡ ᠳᠡᠭᠡᠨ ᠭᠡᠯᠡᠭᠡᠷᠠᠢ ᠭᠡᠬᠦ ᠳᠤ ᠬᠦᠤ᠄ | — ᠡᠭᠡᠴᠢ ᠨᠢᠭᠡᠨᠲᠠ ᠭᠡᠯᠡᠭᠰᠠᠨ᠂ ᠰᠡᠷᠬᠦᠪᠠᠯ ᠤᠲᠠᠰᠤ ᠠᠪ ᠭᠡᠰᠠᠨ ᠭᠡᠳ ᠭᠠᠷ ᠤᠲᠠᠰᠤᠨ ᠤ ᠪᠠᠨ ᠨᠤᠮᠧᠷ ᠢ ᠲᠠᠷᠤᠵᠤ ᠬᠤᠯᠪᠤᠭ᠎ᠠ ᠨᠡᠪᠲᠡᠷᠡᠮᠡᠭᠴᠡ ᠭᠠᠷ | ᠤᠲᠠᠰᠤ ᠪᠠᠨ ᠮᠢᠨᠤ ᠴᠢᠬᠢᠨ ᠳᠤ ᠤᠶᠢᠷᠠᠲᠤᠭᠤᠯᠬᠤ ᠳᠤ ᠪᠢ ︿︿ᠰᠠᠶᠢᠨ ᠪᠠᠶᠢᠨ᠎ᠠ﹀﹀ ᠭᠡᠰᠠᠨ ᠬᠤᠶᠠᠷᠬᠠᠨ ᠦᠭᠡ ᠭᠡᠯᠡᠲᠠᠯᠠ ᠰᠤᠪᠢᠯᠠᠭᠴᠢ᠄ | — ᠤᠲᠠᠰᠤ ᠪᠠᠷ ᠶᠠᠷᠢᠵᠤ ᠪᠤᠯᠬᠤ ᠦᠭᠡᠢ ᠰᠢᠤ ᠭᠡᠵᠤ ᠭᠡᠯᠡᠪᠠ᠃ ᠲᠡᠷᠭᠡᠲᠠ ᠰᠤᠪᠢᠯᠬᠠᠴᠢ ᠪᠠᠶᠢᠭᠰᠠᠨ ᠢ ᠮᠡᠲᠡᠭᠰᠠᠨ ᠦᠭᠡᠢ᠂ ᠪᠢ ᠬᠦᠤ ᠠᠴᠠ᠄ | — ᠡᠨᠡ ᠴᠢᠨᠢ ᠡᠪᠡᠳᠴᠢᠲᠠᠨ ᠤ ᠦᠷᠤᠭᠡ ᠪᠢᠰᠢᠤ ᠭᠡᠪᠠᠯ ᠬᠦᠤ᠄ | — ᠪᠢᠰᠢ᠂ ᠠᠪᠤᠷᠠᠯᠲᠠ ᠶᠢᠨ ᠦᠷᠤᠭᠡ ᠳᠤ ᠪᠠᠶᠢᠨ᠎ᠠ᠂ ᠡᠨᠡ ᠦᠷᠤᠭᠡᠨ ᠳᠤ ᠪᠠᠨ ᠪᠠᠰᠨ ᠭᠡᠲᠤᠨ ᠡᠲᠤᠷ ᠪᠤᠯᠬᠤ ᠪᠠᠶᠢᠬ᠎ᠠ ᠭᠡᠵᠤ ᠭᠡᠯᠡᠬᠦᠯᠠᠷ ᠪᠡᠶ᠎ᠠ ᠪᠠᠨ | ᠦᠵᠡᠬᠦ ᠳᠤ ᠬᠠᠮᠤᠭ ᠢ ᠮᠠᠰᠢᠨ ᠢᠶᠠᠷ ᠪᠠᠭᠯᠠᠭᠰᠠᠨ ᠭᠡᠮᠡᠷ ᠵᠦᠭ ᠪᠤᠯᠭᠠᠨ ᠠᠴᠠ ᠭᠤᠤᠷᠰᠤ ᠤᠷᠤᠵᠤ᠂ ᠰᠤᠲᠠᠯ ᠪᠠᠷ ᠡᠮ ᠶᠠᠬᠦᠯᠠᠵᠤ ᠪᠠᠶᠢᠨ᠎ᠠ᠃ ᠪᠢ ᠡᠨᠡ ᠰᠦᠨᠢ | ᠬᠦᠤ ᠲᠠᠢ ᠪᠠᠨ ᠰᠠᠶᠢᠨ ᠵᠤᠭᠤᠭᠲᠠᠭᠰᠠᠨ᠃ | ᠮᠠᠷᠭᠠᠰᠢ ᠦᠷᠯᠤᠭᠡᠬᠦᠷ ᠮᠢᠨᠤ ᠭᠡᠤᠭᠡᠨ ᠲᠡᠬᠦᠤ ᠪᠠᠨ ᠤᠷᠤᠯᠠᠵᠤ ᠨᠠᠮᠠᠢᠢ ᠰᠤᠪᠢᠯᠠᠬᠤ ᠪᠠᠷ ᠤᠷᠤᠵᠤ ᠢᠷᠠᠭᠡᠳ ᠠᠪᠤ ᠨᠢ ᠦᠭᠡ ᠲᠠᠭᠤ ᠲᠠᠢ ᠭᠡᠪᠲᠠᠵᠤ | ᠪᠠᠶᠢᠭᠰᠠᠨ ᠢ ᠦᠵᠡᠭᠡᠳ ᠲᠤᠩ ᠪᠠᠶᠠᠷᠯᠠᠵᠠᠢ᠃ ᠳ᠋ᠦ᠋ ᠵᠠᠮ ᠡᠤ ᠲᠦᠷᠤᠬᠦᠲᠠᠢ ᠲᠡᠷᠨ ᠲᠠᠪᠤᠨ ᠡᠮᠴᠢ ᠤᠷᠤᠵᠤ ᠢᠷᠡᠭᠰᠠᠨ ᠢᠶᠠᠨ ᠨᠠᠮᠠᠢᠢ ᠦᠭᠡ ᠭᠡᠯᠡᠬᠦᠯᠵᠤ᠂ ᠲᠤᠭ᠎ᠠ | ᠲᠤᠭᠠᠯᠠᠭᠤᠯᠵᠤ ᠦᠵᠡᠭᠰᠠᠨ ᠢᠶᠠᠨ ᠲᠦᠷᠪᠠᠨ ᠮᠦᠴᠨ ᠶᠢ ᠬᠦᠲᠠᠯᠭᠡᠵᠤ ᠦᠵᠡᠭᠡᠳ ᠲᠤᠩ ᠪᠠᠶᠠᠷᠯᠠᠵᠤ᠄ — | ᠡᠨᠡ ᠮᠠᠰᠨ ᠵᠠᠰᠠᠯ ᠨᠡᠭᠡᠷᠠᠨ ᠰᠠᠨᠠᠭᠠᠨ ᠠᠴᠠ ᠭᠠᠲᠠᠭᠠᠷ ᠠᠮᠵᠢᠯᠲᠠ ᠤᠯᠵᠠᠢ᠃ | — ᠮᠠᠨ ᠤ ᠡᠮᠨᠡᠯᠭᠡ ᠶᠢᠨ ᠬᠤᠷᠢᠶ᠎ᠠ ᠳᠤ ᠲᠠᠷᠢᠬᠢᠨ ᠳᠤ ᠡᠶᠢᠮᠤ ᠲᠤᠮᠤ ᠬᠠᠪᠤᠳᠠᠷ ᠲᠤ ᠮᠠᠰᠨ ᠵᠠᠰᠠᠯ ᠬᠢᠭᠰᠡᠨ ᠲᠦᠷᠤᠬᠦᠤ ᠤᠲᠠᠭ᠎ᠠ ᠭᠡᠵᠤ ᠬᠤᠭᠤᠷᠤᠨᠲᠤ | ᠪᠠᠨ ᠶᠠᠷᠢᠯᠴᠠᠬᠤ ᠳᠤ ᠶᠠᠫᠤᠨ ᠳᠤ ᠰᠤᠷᠤᠯᠴᠠᠭᠠᠳ ᠬᠠᠷᠢᠵᠤ ᠢᠷᠡᠭᠰᠠᠨ ᠮᠡᠷᠭᠡᠵᠢᠯᠲᠠᠨ ᠡᠮᠴᠢ ᠠᠴᠠ᠄ | — 6.2 ᠰᠠᠨᠲ᠋ᠢᠮᠧᠲᠷ ᠤᠨ ᠲᠤᠮᠤ ᠬᠠᠪᠤᠳᠠᠷ ᠰᠢᠲᠠ᠂ ᠠᠽᠢᠶ᠎ᠠ ᠲᠦᠪ ᠳᠤ ᠦᠩᠭᠡᠷᠡᠭᠰᠠᠨ ᠳᠤ ᠦᠵᠡᠭᠲᠡᠭᠰᠠᠨ ᠦᠭᠡᠢ ᠲᠤᠮᠤ ᠬᠠᠪᠤᠳᠠᠷ ᠢ ᠪᠢᠲᠠ ᠠᠪᠴᠤ | ᠬᠠᠶᠠᠵᠠᠢ ᠭᠡᠵᠤ ᠭᠡᠬᠦᠯᠠᠷ ᠳ᠋ᠦ᠋ ᠵᠠᠨ ᠡᠤ ᠡᠮᠴᠢ᠄ | — ᠪᠦᠷᠢᠨ ᠴᠡᠪᠡᠷᠯᠠᠵᠤ ᠠᠪᠤᠭᠰᠠᠨ᠂ ᠬᠤᠭ ᠦᠯᠡᠲᠡᠭᠰᠠᠨ ᠦᠭᠡᠢ᠂ ᠡᠨᠡ ᠡᠪᠤᠭᠡᠨ ᠴᠦ ᠪᠡᠶ᠎ᠠ ᠨᠢ ᠨᠡᠭᠡᠷᠠᠨ ᠰᠠᠶᠢᠬᠠᠨ᠂ ᠤᠬᠠᠭ᠎ᠠ ᠴᠦ ᠰᠠᠷᠠᠭᠤᠯ᠂ | ᠬᠠᠰᠢᠯᠨ ᠮᠤᠩᠭᠤᠯ ᠬᠦᠮᠤᠨ ᠪᠡᠶ᠎ᠠ ᠮᠠᠬᠠᠪᠤᠳ ᠴᠢᠬᠢᠷᠠᠭ ᠪᠠᠶᠢᠲᠠᠭ ᠭᠡᠰᠠᠨ ᠨᠢ ᠦᠨᠠᠨ ᠰᠢᠤ ᠭᠡᠬᠦ ᠳᠤ ᠪᠢ ᠴᠦ ᠦᠭᠡ ᠬᠠᠪᠴᠢᠭᠤᠯᠵᠤ ᠱᠤᠭ ᠪᠠᠷᠢᠵᠤ᠄ | — ᠮᠠᠨ ᠤ ᠮᠤᠩᠭᠤᠯ ᠬᠦᠮᠤᠨ ᠮᠢᠬ᠎ᠠ ᠢᠲᠠᠵᠤ᠂ ᠰᠦ ᠤᠤᠭᠤᠵᠤ᠂ ᠮᠤᠷᠢ ᠤᠨᠤᠲᠠᠭ ᠢᠶᠠᠷ ᠢᠶᠠᠨ ᠪᠡᠶ᠎ᠠ ᠴᠢᠬᠢᠷᠠᠭ ᠰᠢᠤ ᠭᠡᠵᠤ ᠭᠡᠯᠡᠪᠠᠯ ᠤᠯᠠᠨ ᠡᠮᠴᠢ | ᠲᠤᠯᠤᠭᠠᠢ ᠲᠤᠬᠢᠨ ᠵᠦᠪᠰᠢᠶᠠᠷᠠᠵᠤ᠂ ᠮᠠᠰᠨ ᠵᠠᠰᠠᠯ ᠤᠨ ᠠᠮᠵᠢᠯᠲᠠ ᠤᠯᠤᠭᠰᠠᠨ ᠳᠠᠭᠠᠨ ᠬᠠᠷᠢᠯᠴᠠᠨ ᠪᠠᠶᠠᠷ ᠬᠦᠷᠭᠡᠨ ᠮᠦᠷᠤ ᠮᠦᠷᠤ ᠪᠠᠨ ᠠᠯᠠᠭᠠᠲᠠᠵᠤ᠂ ᠵᠦᠭ | ᠪᠦᠷᠢ ᠠᠴᠠ ᠭᠠᠷ ᠤᠲᠠᠰᠤ ᠪᠠᠷ ᠢᠶᠠᠨ ᠨᠠᠮᠠᠢᠢ ᠰᠠᠬᠦᠲᠠᠷᠯᠠᠵᠤ ᠭᠠᠷᠤᠯ᠎ᠠ᠃ ᠪᠢ ᠴᠦ ᠡᠨᠡ ᠡᠮᠨᠡᠯᠭᠡ ᠶᠢᠨ ᠬᠤᠷᠢᠶᠠᠨ ᠤ ᠰᠤᠨᠢᠨ ᠮᠡᠲᠡᠭᠡᠨ ᠤ ᠬᠦᠮᠤᠨ ᠪᠤᠯᠵᠠᠢ᠃ | ᠡᠪᠡᠳᠴᠢᠲᠠᠨ ᠤ ᠤᠷᠤ ᠲᠡᠭᠡᠷ᠎ᠠ ᠰᠢᠨᠠᠯᠠᠨ ᠭᠡᠪᠲᠠᠬᠦ ᠳᠡᠭᠡᠨ ᠡᠷᠠᠬᠦᠯ ᠮᠠᠨᠲᠤ ᠶᠢᠨ ᠦᠨ᠎ᠠ ᠴᠠᠨ᠎ᠠ ᠨᠢ ᠦᠨᠠᠯᠠᠰᠢ ᠦᠭᠡᠢ ᠡᠷᠲᠠᠨᠢ ᠪᠤᠯᠬᠤ ᠢ ᠤᠬᠠᠭᠠᠷᠠᠨ | ᠮᠠᠲᠠᠷᠠᠵᠤ᠂ ᠦᠩᠭᠡᠷᠡᠭᠰᠠᠨ ᠢᠶᠠᠨ ᠰᠠᠨᠠᠭᠠᠯᠵᠠᠪᠠᠯ ᠦᠵᠡᠬᠦ ᠨᠢᠲᠤᠨ ᠳᠤ ᠵᠢᠷᠤᠭ ᠲᠦᠷᠢ ᠢᠯᠠᠷᠠᠵᠤ᠂ ᠰᠡᠳᠬᠢᠯ ᠤᠨ ᠲᠠᠶᠢᠳᠬᠠᠷᠤᠯ ᠪᠤᠯᠤᠨ᠎ᠠ᠃ ᠲᠤᠭᠤᠯ ᠵᠠᠶᠢᠲᠠᠯᠠᠵᠤ᠂ | ᠬᠤᠷᠠᠭ᠎ᠠ ᠬᠠᠷᠢᠭᠤᠯᠤᠭᠰᠠᠨ ᠠᠯᠢᠶ᠎ᠠ ᠲᠡᠭᠵᠢᠨ ᠭᠡᠤᠭᠡᠳ ᠨᠠᠰᠤ᠂ ᠠᠭᠲᠠ ᠶᠢᠨ ᠨᠢᠷᠤᠭᠤᠨ ᠲᠡᠭᠡᠷ᠎ᠠ ᠤᠷᠭ᠎ᠠ ᠨᠢᠰᠭᠡᠵᠤ᠂ ᠠᠮᠠᠷᠠᠭ ᠲᠠᠢ ᠪᠠᠨ ᠦᠶᠠᠷᠭᠡᠵᠤ ᠶᠠᠪᠤᠭᠰᠠᠨ | ᠵᠠᠯᠠᠭᠤ ᠨᠠᠰᠤ᠂ ᠤᠯᠤᠰ ᠤᠨ ᠺᠠᠳ᠋ᠷ᠂ ᠨᠠᠮ ᠤᠨ ᠰᠤᠨᠢᠨ ᠤ ᠰᠤᠷᠪᠤᠯᠵᠢᠯᠬᠠᠴᠢ ᠪᠠᠷ ᠬᠢᠯᠠᠷᠠᠵᠤ ᠶᠠᠪᠤᠭᠰᠠᠨ ᠢᠲᠠᠷ ᠨᠠᠰᠤ᠂ ᠪᠠᠷᠢᠭᠠᠲᠠ ᠶᠢᠨ ᠰᠠᠩ ᠤᠨ ᠨᠢᠷᠪᠠ ᠪᠠᠷ | ᠠᠵᠢᠯᠯᠠᠭᠰᠠᠨ ᠶᠡᠭᠡ ᠬᠠᠮᠲᠤ ᠶᠢᠨ ᠴᠠᠭ ᠦᠶ᠎ᠠ᠂ ᠠᠵᠢᠯᠴᠢᠨ ᠲᠠᠷᠢᠶᠠᠴᠢᠨ ᠴᠡᠷᠢᠭ ᠠᠴᠠ ᠢᠷᠡᠭᠰᠠᠨ ᠰᠤᠷᠤᠭᠴᠢ ᠶᠢᠨ ᠬᠤᠪᠢ ᠪᠠᠷ ᠦᠪᠤᠷ ᠮᠤᠩᠭᠤᠯ ᠤᠨ ᠮᠤᠩᠭᠤᠯ | ᠭᠡᠯᠨ ᠪᠢᠴᠢᠭ ᠤᠨ ᠲᠤᠰᠬᠠᠢ ᠮᠡᠷᠭᠡᠵᠢᠯ ᠤᠨ ᠰᠤᠷᠭᠠᠭᠤᠯᠢ ᠳᠤ ᠰᠤᠷᠤᠯᠴᠠᠭᠰᠠᠨ ᠭᠠᠶᠢᠬᠠᠮᠰᠢᠭᠲᠤ ᠤᠨ ᠰᠠᠷ᠎ᠠ᠂ ᠬᠤᠰᠢᠭᠤᠨ ᠤ ᠬᠤᠲᠠᠯᠲᠤᠭᠠᠨ ᠤ ᠲᠤᠪᠴᠢᠶᠠᠨ ᠳᠤ | ᠠᠵᠢᠯ ᠤᠨ ᠪᠠᠶᠢᠷᠢ ᠠᠪᠤᠭᠰᠨᠨ ᠡᠲᠤᠷ ᠬᠤᠨᠤᠭ ᠤᠳ᠂ ᠰᠤᠷᠪᠤᠯᠵᠢᠯᠬᠠᠴᠢ ᠶᠢᠨ ᠦᠷᠲᠡᠭᠡᠨ ᠳᠤ ᠠᠵᠢᠯᠯᠠᠭᠰᠠᠨ 34 ᠵᠢᠯ ᠤᠨ ᠤᠶᠢᠯᠨ ᠶᠠᠪᠤᠲᠠᠯ ᠵᠢᠷᠤᠭ ᠺᠢᠨᠣ᠋ ᠮᠠᠲᠤ | ᠲᠠᠷᠢᠬᠢᠨ ᠳᠤ ᠲᠤᠲᠤᠷᠠᠵᠤ᠂ ᠠᠷᠢᠬᠢ ᠲᠠᠢ ᠬᠠᠨᠢᠯᠠᠵᠤ᠂ ᠰᠤᠭᠲᠤᠭᠤ ᠬᠦᠯᠴᠤᠬᠦᠤ ᠶᠠᠪᠤᠵᠤ ᠪᠠᠶᠢᠭᠰᠠᠨ ᠤᠴᠢᠷ ᠤᠳ ᠰᠠᠨᠠᠭᠲᠠᠵᠤ᠂ ᠶᠠᠭᠤ ᠭᠡᠵᠤ ᠲᠠᠷᠨ ᠠᠷᠢᠬᠢ | ᠭᠡᠲᠡᠭ ᠵᠤᠯᠢᠭ ᠲᠠᠢ ᠬᠠᠨᠢᠯᠠᠪᠠ ᠭᠡᠵᠤ ᠬᠠᠷᠠᠮᠰᠠᠨ ᠪᠤᠲᠤᠬᠤ ᠳᠤ ᠬᠠᠷᠠᠬᠤ ᠨᠢᠲᠤᠨ ᠪᠠᠯᠠᠶᠢᠷᠲᠤᠵᠤ ᠬᠠᠷᠠᠮᠰᠠᠬᠤ ᠶᠢᠨ ᠲᠤᠶᠢᠯ ᠪᠤᠯᠪᠠ᠃ ᠬᠠᠷᠠᠮᠰᠠᠬᠤ ᠶᠢ ᠵᠠᠰᠠᠬᠤ ᠡᠮ᠂ | ᠡᠮᠨᠡᠯᠭᠡ ᠳᠤ ᠪᠠᠶᠢᠲᠠᠭ ᠦᠭᠡᠢ ᠪᠤᠯᠬᠤᠷ ᠵᠦᠪᠭᠡᠨ ᠥᠪᠡᠷ ᠤᠨ ᠵᠤᠷᠢᠭ ᠢᠶᠠᠨ ᠪᠠᠷᠢᠵᠤ᠂ ᠲᠠᠷᠨ ᠵᠤᠯᠢᠭ ᠲᠠᠢ ᠲᠠᠬᠢᠵᠤ ᠬᠠᠨᠢᠯᠠᠬᠤ ᠦᠭᠡᠢ ᠂ ᠡᠷᠠᠬᠦᠯ ᠰᠠᠷᠠᠭᠤᠯ | ᠦᠲᠠᠯᠤᠭᠡ ᠨᠠᠰᠤ ᠪᠠᠨ ᠦᠩᠭᠡ ᠬᠢᠯᠪᠠᠭ᠎ᠠ ᠲᠠᠢ ᠦᠩᠭᠡᠷᠠᠬᠦ ᠡᠷᠠᠰ ᠬᠦᠰᠠᠯ ᠴᠡᠭᠡᠵᠢᠨᠠ ᠤᠷᠬᠢᠯᠵᠤ᠂ ᠰᠠᠮᠠᠭᠡᠷ ᠠᠷᠢᠬᠢ ᠤᠤᠭᠤᠬᠤ ᠦᠭᠡᠢ ᠠᠨᠲᠠᠭᠠᠢ ᠲᠠᠯᠪᠢᠬᠤ ᠳᠤ | ᠠᠶᠤᠤᠯᠢᠬᠠᠢ ᠴᠡᠭᠡᠵᠢ ᠠᠭᠤᠵᠢᠷᠠᠭᠰᠠᠨ ᠮᠠᠲᠤ ᠪᠤᠯᠪᠠ᠃ | ᠪᠢ ᠠᠪᠤᠷᠠᠯᠲᠠ ᠶᠢᠨ ᠦᠷᠤᠭᠡ ᠳᠤ ᠭᠤᠷᠪᠠᠨ ᠡᠲᠤᠷ ᠭᠡᠪᠲᠡᠭᠡᠳ ᠲᠠᠷᠠᠭᠠᠪᠠᠷ ᠡᠪᠡᠳᠴᠢᠲᠠᠨ ᠤ ᠦᠷᠤᠭᠡᠨ ᠳᠤ ᠰᠢᠯᠵᠢᠵᠤ ᠤᠷᠤᠪᠠ᠃ ᠠᠮᠢ ᠨᠠᠰᠤᠨ ᠤ | ᠠᠶᠤᠯ ᠠᠴᠠ ᠪᠦᠷᠢᠮᠤᠰᠤᠨ ᠭᠡᠯᠲᠤᠷᠢᠵᠠᠢ᠃ ᠬᠠᠮᠲᠤ ᠰᠤᠷᠤᠭᠴᠢ ᠵᠢᠨᠫᠢᠩ᠂ ᠰᠤᠨᠢᠨ᠂ ᠪᠠᠶᠠᠷ᠂ ᠮᠧᠩ ᠬᠦᠢ ᠯᠠᠨ᠂ ᠰᠤᠶᠤᠯ ᠨᠠᠷ ᠡᠮᠨᠡᠯᠭᠡ ᠳᠤ ᠢᠷᠠᠵᠤ ᠨᠠᠮᠠᠢᠢ | ᠡᠷᠭᠢᠵᠤ ᠦᠵᠠᠪᠠ᠃ ᠮᠢᠨᠤ ᠨᠠᠶᠢᠵᠢ ᠸᠧᠢ ᠢᠩ ᠰᠢᠶᠠᠨ ᠡᠷ᠎ᠠ ᠡᠮ᠎ᠠ ᠬᠤᠶᠠᠭᠤᠯᠨ᠂ ᠰᠦᠨ ᠾᠧ ᠫᠢᠩ ᠡᠷ᠎ᠠ ᠡᠮ᠎ᠠ ᠬᠤᠶᠠᠭᠤᠯᠨ ᠴᠦ ᠡᠪᠡᠳᠴᠢᠲᠠᠨ ᠤ ᠦᠷᠤᠭᠡᠨ | ᠳᠤ ᠢᠷᠠᠵᠤ ᠨᠠᠮᠠᠢᠢ ᠪᠣᠯᠭᠤᠭᠠᠨ ᠲᠤᠬᠤᠨᠢᠭᠤᠯᠪᠠ᠃ ᠬᠠᠮᠲᠤ ᠰᠤᠷᠤᠭᠴᠢ ᠶᠢᠨ ᠬᠠᠶᠢᠷ᠎ᠠ ᠲᠡᠮᠵᠢᠯᠭᠡ᠂ ᠨᠠᠶᠢᠵᠢ ᠨᠠᠷ ᠤᠨ ᠬᠠᠯᠠᠭᠤᠨ ᠬᠠᠯᠠᠮᠵᠢ ᠳᠤ ᠪᠢ ᠤᠶᠠᠷᠠᠵᠤ | ᠭᠡᠯᠡᠬᠦ ᠦᠭᠡ ᠪᠠᠨ ᠤᠯᠬᠤ ᠦᠭᠡᠢ ᠡᠭᠡᠷᠠᠵᠤ ᠮᠡᠭᠰᠢᠬᠦ ᠪᠠᠷ ᠰᠡᠳᠬᠢᠯ ᠢᠶᠠᠨ ᠢᠯᠡᠳᠭᠡᠵᠤ ᠪᠠᠶᠢᠪᠠ᠃ ᠲᠤᠯᠤᠲᠤᠭᠠᠷ ᠡᠲᠤᠷ ᠲᠤ ᠤᠷᠤ ᠠᠴᠠ ᠪᠠᠭᠤᠵᠤ᠂ ᠠᠯᠬᠤᠵᠤ᠂ | ᠰᠠᠶ᠋ᠢ ᠬᠦᠯ ᠳᠤ ᠤᠷᠤᠭᠰᠠᠨ ᠬᠡᠤᠭᠡᠳ ᠠᠴᠠ ᠢᠯᠡᠬᠦᠤ ᠪᠡᠶᠡᠷᠯᠠᠪᠠ᠃ ᠠᠷᠪᠠᠲᠤᠭᠠᠷ ᠡᠲᠤᠷ ᠲᠡᠭᠡᠨ ᠭᠤᠲᠤᠮᠵᠢᠨ ᠳᠤ ᠭᠠᠷᠴᠤ ᠠᠯᠬᠤᠪᠠ᠃ ᠮᠢᠨᠤ ᠪᠡᠶ᠎ᠠ ᠮᠠᠰᠢ | ᠲᠦᠷᠭᠡᠨ ᠡᠷᠠᠬᠦᠯᠵᠢᠵᠤ ᠢᠷᠠᠪᠠ᠃ ᠡᠮᠴᠢ ᠶᠢᠨ ᠤᠷ᠎ᠠ ᠮᠡᠷᠭᠡᠵᠢᠯ ᠨᠠᠮᠠᠢᠢ ᠡᠷᠯᠢᠭ ᠤᠨ ᠡᠬᠦᠲᠠᠨ ᠠᠴᠠ ᠪᠤᠴᠠᠭᠠᠨ ᠠᠪᠴᠢᠷᠠᠵᠤ᠂ ᠬᠤᠶᠠᠲᠠᠬᠢ ᠠᠮᠢ ᠤᠯᠭᠤᠵᠠᠢ᠃ ᠪᠢ | ᠨᠠᠮ᠂ ᠵᠠᠰᠠᠭ ᠤᠨ ᠡᠮᠨᠡᠯᠭᠡ ᠶᠢᠨ ᠲᠠᠭᠠᠳᠬᠠᠯ ᠤᠨ ᠪᠤᠶᠠᠨ ᠢ ᠡᠳ᠋ᠯᠠᠵᠤ ᠡᠮᠨᠡᠯᠭᠡ ᠳᠤ ᠰᠠᠭᠤᠵᠤ᠂ ᠮᠠᠰᠨ ᠵᠠᠰᠠᠯ ᠬᠢᠯᠭᠡᠵᠤ ᠡᠷᠠᠬᠦᠯᠵᠢᠵᠤ ᠲᠡᠩᠭᠡᠷᠠᠬᠦ ᠳᠡᠭᠡᠨ ᠦᠷᠢ | ᠴᠢᠷᠦᠭᠲᠠᠯ ᠳᠤ ᠪᠠᠷᠢᠭᠳᠠᠭᠰᠠᠨ ᠦᠭᠡᠢ᠃ ᠬᠠᠰᠢᠯᠨ ᠨᠠᠮ ᠤᠨ ᠲᠦᠷᠤ ᠶᠢᠨ ᠪᠤᠲᠤᠯᠭ᠎ᠠ ᠰᠠᠶᠢᠨ᠃ ᠲᠠᠬᠢᠨ ᠦᠷ᠎ᠠ ᠭᠡᠤᠭᠡᠳ ᠤᠨ ᠠᠴᠢ ᠡᠯᠪᠡᠷᠢᠯ᠂ ᠬᠠᠮᠲᠤ | ᠰᠤᠷᠤᠭᠴᠢ ᠶᠢᠨ ᠲᠠᠮᠵᠢᠯᠭᠡ ᠪᠠᠷ ᠪᠢ ᠬᠦᠮᠤᠨ ᠤ ᠬᠤᠷᠸ᠎ᠠ ᠳᠤ ᠲᠠᠬᠢᠨ ᠪᠤᠴᠠᠵᠤ ᠢᠷᠠᠵᠠᠢ᠃ ᠪᠠᠶᠠᠷᠯᠠᠬᠤ ᠶᠢᠨ ᠲᠤᠶᠢᠯ ᠪᠤᠯᠪᠠ᠃ ᠠᠮᠢᠲᠤ ᠶᠠᠪᠤᠪᠠᠯ ᠠᠯᠲᠠᠨ | ᠠᠶᠠᠭᠠᠨ ᠠᠴᠠ ᠤᠰᠤ ᠤᠤᠭᠤᠬᠤ ᠨᠢ ᠲᠡᠷᠨ᠃ ᠪᠠᠷᠤᠭ ᠦᠨᠤᠴᠢᠨ ᠮᠠᠶ᠋ᠢᠭ ᠲᠠᠢ ᠦᠰᠦᠭᠰᠠᠨ ᠮᠠᠯᠴᠢᠨ ᠤ ᠬᠦᠤ ᠪᠢ ᠦᠨᠤᠲᠤᠷ ᠲᠠᠬᠢᠨ ᠠᠮᠢ ᠤᠷᠤᠭᠰᠠᠨ ᠨᠢ | ᠠᠭᠤᠤ ᠶᠡᠭᠡ ᠡᠪ ᠬᠠᠮᠲᠤ ᠨᠠᠮ ᠤᠨ ᠠᠴᠢ᠂ ᠤᠯᠤᠰ ᠭᠦᠷᠦᠨ ᠤ ᠪᠤᠶᠠᠨ ᠭᠡᠯᠲᠠᠢ᠃ ᠠᠷᠪᠠᠨ ᠲᠦᠷᠪᠠᠨ ᠡᠲᠤᠷ ᠲᠡᠭᠡᠷ᠎ᠠ ᠪᠠᠨ ᠡᠮᠨᠡᠯᠭᠡ ᠠᠴᠠ ᠭᠠᠷᠴᠤ᠂ ᠯᠢᠨ ᠾᠧ | ᠳᠤ ᠢᠷᠠᠵᠤ ᠬᠦᠤ ᠶᠢᠨ ᠳᠡᠭᠡᠨ ᠨᠢᠭᠡ ᠰᠠᠷ᠎ᠠ ᠰᠤᠪᠢᠯᠠᠭᠰᠠᠨ ᠢᠶᠠᠨ ᠨᠠᠢᠮᠠᠲᠤᠭᠠᠷ ᠰᠠᠷ᠎ᠠ ᠳᠤ ᠬᠠᠯᠢᠭᠤᠲᠤ ᠪᠠᠯᠭᠠᠰᠤᠨ ᠤ ᠭᠡᠷ ᠲᠡᠭᠡᠨ ᠬᠠᠷᠢᠵᠤ ᠢᠷᠠᠯ᠎ᠠ᠃ ᠶᠠᠮᠠᠷ | ᠰᠠᠶᠢᠬᠠᠨ ᠪᠤᠶᠠᠨ ᠵᠢᠷᠭᠠᠯ ᠭᠡᠯᠲᠠᠢ᠃ ᠬᠠᠮᠲᠤ ᠨᠠᠶᠢᠵᠢ ᠨᠠᠷ ᠡᠲᠤᠷ ᠪᠦᠷᠢ ᠡᠭᠡᠯᠵᠢᠯᠠᠨ ᠢᠷᠠᠵᠤ ᠨᠠᠮᠠᠢᠢ ᠪᠣᠯᠭᠤᠭᠠᠨ ᠦᠵᠠᠵᠤ ᠨᠠᠶᠢᠭᠡᠮ ᠵᠢᠷᠤᠮ ᠤᠨ ᠶᠡᠭᠡ ᠭᠡᠷ ᠪᠦᠯᠢ | ᠶᠢᠨ ᠬᠠᠯᠠᠭᠤᠨ ᠲᠤᠲᠤᠨᠤ ᠶᠢ ᠬᠦᠷᠭᠡᠨ᠎ᠠ᠃ | ᠬᠦᠭᠡᠷᠤᠬᠦᠢ ᠮᠢᠨᠤ ᠨᠠᠰᠤᠨ ᠤ ᠬᠠᠨᠢ ᠰᠠᠮᠠᠭᠠᠨ ᠮᠢᠨᠢ ᠡᠪᠡᠳᠴᠢᠨ ᠲᠠᠢ ᠪᠡᠶ᠎ᠠ ᠪᠠᠨ ᠴᠢᠷᠴᠤ᠂ ᠯᠢᠨ ᠾᠧ ᠳᠤ ᠤᠴᠢᠵᠤ ᠨᠠᠮᠠᠢᠢ ᠨᠢᠭᠡ ᠰᠠᠷ᠎ᠠ ᠰᠤᠪᠢᠯᠠᠭᠰᠠᠨ | ᠢᠶᠠᠨ ᠭᠡᠷ ᠲᠡᠭᠡᠨ ᠬᠠᠷᠢᠵᠤ ᠢᠷᠡᠭᠰᠠᠨ ᠲᠠᠷᠠᠭ᠎ᠠ ᠮᠦᠨᠬᠦ ᠮᠢᠨᠤ ᠡᠮᠤᠨ᠎ᠠ ᠬᠦᠶᠤᠵᠤ ᠬᠤᠭᠤᠯᠨ ᠬᠤᠰᠢ ᠪᠡᠯᠡᠳᠭᠡᠵᠤ᠂ ᠬᠤᠪᠴᠠᠰᠤ ᠬᠤᠨᠠᠷ ᠤᠬᠢᠶᠠᠵᠤ᠂ ᠡᠮ ᠲᠡᠩ ᠢ | ᠤᠶᠢᠷᠠᠲᠤᠭᠤᠯᠵᠤ᠂ ᠶᠠᠲᠠᠷᠠᠬᠤ ᠪᠠᠨ ᠮᠠᠲᠡᠬᠦ ᠦᠭᠡᠢ ᠠᠵᠢᠯᠯᠠᠵᠤ ᠮᠢᠨᠤ ᠵᠢᠷᠤᠭᠡ ᠰᠢᠮᠰᠢᠷᠡᠭᠦᠯᠦᠨ᠎ᠡ᠃ ᠪᠢ ᠲᠦᠷᠭᠡᠨ ᠡᠷᠠᠬᠦᠯᠵᠠᠵᠤ᠂ ᠰᠠᠮᠠᠭᠠᠨ ᠳᠠᠭᠠᠨ ᠲᠤᠰᠨ ᠪᠤᠯᠬᠤ | ᠶᠢ ᠪᠤᠲᠤᠵᠤ ᠪᠢ ᠡᠮᠴᠢ ᠶᠢᠨ ᠵᠠᠬᠢᠶ᠎ᠠ ᠪᠠᠷ ᠢᠲᠠᠵᠤ ᠤᠤᠭᠤᠬᠤ ᠪᠠᠨ ᠵᠤᠬᠢᠴᠠᠭᠤᠯᠵᠤ᠂ ᠦᠷᠯᠤᠭᠡ ᠪᠦᠷᠢ ᠲᠠᠮᠢᠷ ᠲᠤ ᠭᠠᠷᠴᠤ 3000 ᠮᠧᠲᠷ ᠠᠯᠬᠤᠵᠤ ᠪᠡᠶ᠎ᠠ | ᠪᠠᠨ ᠪᠤᠯᠪᠠᠰᠤᠷᠠᠭᠤᠯᠵᠤ ᠠᠪᠬᠤ ᠳᠤ ᠪᠡᠶ᠎ᠠ ᠡᠲᠤᠷ ᠠᠴᠠ ᠡᠲᠤᠷ ᠰᠠᠶᠢᠵᠢᠷᠠᠵᠤ᠂ ᠠᠯᠬᠤᠵᠤ ᠬᠢᠰᠬᠢᠬᠦ ᠡᠷᠠᠬᠦᠯ᠂ ᠲᠠᠷᠢᠬᠢ ᠲᠤᠯᠤᠭᠠᠢ ᠰᠠᠷᠠᠭᠤᠯ᠂ ᠲᠠᠮᠪᠠᠷᠠᠭᠰᠠᠨ ᠴᠢᠷᠠᠢ | ᠴᠦ ᠮᠠᠲᠠᠷᠠᠯ ᠲᠠᠢ ᠪᠤᠯᠵᠤ ᠡᠬᠢᠯᠠᠯ᠎ᠠ᠃ | ᠡᠷᠠᠬᠦᠯ ᠮᠠᠨᠲᠤ ᠶᠠᠪᠤᠬᠤ ᠶᠢ ᠬᠦᠮᠤᠨ ᠪᠦᠬᠦᠨ ᠬᠦᠰᠠᠲᠡᠭ᠃ ᠭᠡᠪᠡᠴᠤ ᠬᠦᠮᠤᠨ ᠭᠡᠲᠡᠭ ᠠᠮᠢᠲᠠᠨ ᠴᠢᠨᠢ ᠬᠠᠴᠢᠨ ᠵᠠᠩ ᠲᠠᠢ᠂ ᠡᠷᠠᠬᠦᠯ ᠪᠡᠶ᠎ᠠ ᠳᠡᠭᠡᠨ | ᠡᠪᠡᠳᠴᠢᠨ ᠲᠠᠲᠠᠬᠤ ᠤᠯᠢᠭ ᠦᠭᠡᠢ ᠠᠵᠢᠯ ᠢ ᠤᠬᠠᠮᠰᠠᠷ ᠲᠠᠢ᠂ ᠤᠬᠠᠮᠰᠠᠷ ᠦᠭᠡᠢ ᠪᠠᠷ ᠪᠦᠷ ᠬᠦᠢᠴᠠᠳᠭᠡᠲᠡᠭ᠃ ᠢᠩᠬᠢᠭᠡᠳ ᠡᠷᠠᠬᠦᠯ ᠪᠡᠶ᠎ᠠ ᠪᠠᠨ ᠭᠡᠮᠲᠤᠭᠡᠵᠤ | ᠡᠪᠠᠳᠴᠢᠨ ᠲᠠᠬᠤᠯ ᠳᠤ ᠤᠷᠢᠶᠠᠭᠲᠠᠵᠤ ᠵᠤᠪᠠᠵᠤ ᠰᠢᠨᠠᠯᠠᠨ᠂ ᠵᠠᠷᠢᠮ ᠨᠢ ᠲᠤᠲᠠᠭᠤ ᠲᠤᠷᠭᠤᠨ ᠨᠠᠰᠤᠯᠠᠵᠤ᠂ ᠡᠷᠯᠢᠭ ᠤᠨ ᠡᠬᠦᠲᠠ ᠪᠠᠷ ᠤᠷᠤᠵᠤ ᠤᠴᠢᠲᠠᠭ᠃ | ᠡᠶᠢᠮᠤᠷᠬᠦ ᠵᠢᠱᠢᠶ᠎ᠠ ᠪᠠᠶᠢᠬᠤ ᠯᠨ᠃ ᠨᠠᠶᠢᠭᠡᠮ ᠭᠦᠭᠵᠢᠵᠤ ᠠᠷᠠᠳ ᠤᠨ ᠠᠮᠢᠲᠤᠷᠠᠯ ᠰᠠᠶᠢᠵᠢᠷᠠᠵᠤ᠂ ᠢᠲᠠᠵᠤ ᠤᠤᠭᠤᠬᠤ ᠡᠯᠪᠡᠭ ᠪᠤᠯᠵᠤ ᠪᠠᠶᠢᠨ᠎ᠠ᠃ ᠨᠡᠶᠢᠭᠡᠮ ᠤᠨ | ᠰᠠᠶᠢᠨ ᠢ ᠦᠵᠠᠵᠤ᠂ ᠡᠷᠠᠬᠦᠯ ᠮᠠᠨᠲᠤ ᠶᠠᠪᠤᠵᠤ ᠤᠷᠲᠤ ᠨᠠᠰᠤᠯᠠᠶᠠ᠂ ᠭᠡᠷ ᠪᠦᠯᠢ ᠪᠠᠷ ᠢᠶᠠᠨ ᠪᠠᠶᠠᠷ ᠵᠢᠷᠭᠠᠯ ᠲᠠᠢ ᠠᠮᠢᠳᠤᠷᠠᠶ᠎ᠠ ᠭᠡᠵᠤ ᠪᠤᠲᠤᠪᠠᠯ ᠠᠮᠨ ᠪᠠᠨ ᠭᠡᠴᠢᠶᠠᠵᠤ | ᠂ ᠬᠤᠭᠤᠯᠠᠢ ᠪᠠᠨ ᠪᠠᠷᠢᠵᠤ᠂ ᠢᠲᠠᠵᠤ ᠤᠤᠭᠤᠬᠤ ᠪᠠᠨ ᠠᠩᠬᠠᠷᠴᠤ᠂ ᠠᠷᠢᠬᠢ ᠲᠠᠮᠠᠬᠢᠨ ᠳᠤ ᠰᠢᠨᠤᠬᠤ ᠢ ᠭᠡᠲᠤᠷᠠᠲᠠᠯᠠ ᠢᠲᠠᠵᠤ ᠤᠤᠭᠤᠬᠤ᠂ ᠮᠠᠵᠢᠶᠠᠩ ᠳᠤ | ᠰᠢᠨᠤᠬᠤ ᠮᠠᠲᠤ ᠶᠢᠨ ᠠᠮᠢᠲᠤᠷᠠᠯ ᠤᠨ ᠪᠤᠯᠬᠢ ᠰᠤᠷᠲᠠᠯ ᠢ ᠲᠠᠶᠠᠭᠲᠠᠵᠤ᠂ ᠪᠤᠯᠪᠠᠰᠤᠨ ᠢᠶᠠᠷ ᠠᠮᠢᠲᠤᠷᠠᠵᠤ᠂ ᠢᠲᠠᠵᠤ ᠤᠤᠭᠤᠬᠤ ᠪᠠᠨ ᠰᠢᠨᠵᠢᠯᠡᠬᠦ ᠤᠬᠠᠭᠠᠨᠴᠢ ᠪᠠᠷ | ᠲᠤᠬᠢᠷᠠᠭᠤᠯᠵᠤ᠂ ᠲᠠᠮᠢᠷ ᠤᠨ ᠬᠦᠲᠠᠯᠭᠡᠭᠡᠨ ᠳᠤ ᠢᠲᠠᠪᠬᠢᠲᠠᠢ ᠤᠷᠤᠯᠴᠠᠵᠤ᠂ ᠪᠡᠶ᠎ᠠ ᠪᠠᠨ ᠪᠤᠯᠪᠠᠰᠤᠷᠠᠭᠤᠯᠵᠤ᠂ ᠪᠠᠶᠠᠰᠤᠩᠭᠤᠢ ᠰᠡᠳᠬᠢᠯ ᠲᠠᠢ ᠨᠢᠬᠦᠯᠡᠰᠤᠩᠬᠦᠢ ᠶᠠᠪᠤᠬᠤ | ᠶᠢ ᠰᠠᠨᠠᠭᠠᠴᠢᠯᠠᠵᠤ᠂ ᠡᠨᠡ ᠵᠤᠬᠢᠶᠠᠯ ᠢᠶᠠᠨ ᠲᠡᠬᠦᠰᠭᠡᠶᠠ ᠃ ᠡᠷᠠᠬᠦᠯ ᠮᠠᠨᠲᠤ ᠪᠤᠯ ᠬᠠᠮᠤᠭ ᠤᠨ ᠶᠡᠭᠡ ᠵᠤᠯ ᠵᠢᠷᠭᠠᠯ ᠮᠥᠨ᠂ ᠠᠮᠢ ᠨᠠᠰᠤ ᠪᠤᠯ ᠨᠢᠭᠡᠯᠨ ᠤᠲᠠᠭ᠎ᠠ | ᠤᠯᠲᠠᠲᠠᠭ ᠭᠡᠰᠠᠨ ᠢ ᠴᠢ᠂ ᠪᠢ᠂ ᠲᠠᠷᠨ ᠪᠦᠭᠦᠳᠡᠭᠡᠷ ᠪᠢᠲᠡᠭᠡᠢ ᠮᠡᠷᠲᠡᠭᠠᠷᠠᠢ᠃ | | |