ᠰᠦᠰᠦᠲᠠᠢ ᠡᠪᠦᠭᠡᠨ ᠤ ᠰᠦᠯᠵᠢᠶᠡᠨ ᠤ ᠠᠮᠠᠷᠠᠭ | | ᠬᠠᠷᠠᠪᠠᠷᠰ | | ᠰᠦᠰᠦᠲᠠᠢ ᠭᠤᠸᠠᠢ ᠡᠷᠳᠡᠯᠡᠨ ᠪᠤᠰᠴᠤ ᠤᠤᠯ ᠤᠨ ᠵᠤᠷᠰᠢᠯ ᠢᠶᠠᠷ ᠢᠶᠠᠨ ᠦᠷᠯᠦᠭᠡ ᠶᠢᠨ ᠲᠠᠮᠢᠷ ᠲᠠᠭᠠᠨ ᠭᠠᠷᠬᠤ ᠪᠠᠷ ᠬᠠᠩᠭᠠᠢ ᠴᠡᠴᠡᠷᠯᠢᠭ ᠢ ᠴᠢᠭᠯᠡᠨ | ᠬᠤᠷᠳᠤᠯᠠᠨ ᠠᠯᠬᠤᠯᠠᠪᠠ᠃ | ᠡᠪᠦᠭᠡᠨ ᠭᠤᠸᠠᠢ ᠶᠢᠨ ᠡᠳᠦᠭᠡ ᠪᠤᠯᠳᠠᠯ᠎ᠠ ᠪᠠᠨ ᠪᠠᠷᠢᠮᠳᠠᠯᠠᠭᠰᠠᠭᠠᠷ ᠢᠷᠡᠭᠰᠡᠨ ᠦᠨᠦᠬᠢ ᠰᠠᠶᠢᠬᠠᠨ ᠲᠠᠳᠬᠠᠯ ᠭᠡᠮᠡᠭᠴᠢ ᠨᠢ ᠲᠠᠷᠤᠢ ᠦᠷᠯᠦᠭᠡ ᠪᠦᠷᠢ ᠰᠤᠯᠠ | ᠠᠯᠬᠤᠯᠠᠵᠤ ᠪᠡᠶ᠎ᠡ ᠪᠠᠨ ᠪᠤᠯᠪᠠᠰᠤᠷᠠᠬᠤ ᠶᠠᠪᠤᠳᠠᠯ ᠨᠢ ᠪᠤᠯᠬᠤ ᠶᠤᠮ᠃ ᠲᠡᠭᠦᠨ ᠤ ᠭᠢᠨᠢ ᠵᠢᠷᠤᠮ ᠭᠤᠷᠢᠮ ᠨᠢ ᠭᠡᠪᠡᠯ᠂ ᠤᠯᠠᠷᠢᠯ ᠪᠠ ᠠᠭᠤᠷ ᠠᠮᠢᠰᠬᠤᠯ ᠤᠨ | ᠬᠤᠪᠢᠷᠠᠯᠲᠠ ᠶᠠᠮᠠᠷ ᠪᠠᠶᠢᠭᠰᠠᠨ ᠴᠦ ᠡᠪᠦᠭᠡᠨ ᠭᠤᠸᠠᠢ ᠰᠠᠭᠤᠭᠠᠯᠢ ᠲᠤᠭᠤᠷᠢᠭ ᠠᠴᠠ ᠪᠠᠨ ᠬᠠᠩᠭᠠᠢ ᠴᠡᠴᠡᠷᠯᠢᠭ ᠬᠦᠷᠦᠭᠡᠳ ᠠᠬᠢᠨ ᠪᠤᠴᠠᠵᠤ ᠢᠷᠡᠳᠡᠯ᠎ᠡ ᠪᠠᠷᠤᠭ | ᠵᠢᠷᠭᠤᠭᠠᠨ ᠭᠠᠵᠠᠷ ᠬᠢᠷᠢᠳᠠᠢ ᠰᠤᠯᠠ ᠠᠯᠬᠤᠯᠠᠬᠤ ᠪᠠᠨ ᠶᠡᠷᠤ ᠰᠠᠭᠠᠳᠤᠯ ᠦᠭᠡᠢ ᠪᠠᠷ ᠦᠷᠭᠦᠯᠵᠢ ᠪᠠᠷᠢᠮᠲᠠᠯᠠᠬᠤ ᠵᠢᠴᠢ ᠴᠡᠴᠡᠷᠯᠢᠭ ᠤᠨ ᠠᠭᠤᠳᠠᠮ ᠲᠠᠯᠠᠪᠠᠢ ᠲᠡᠭᠡᠷ᠎ᠡ | ᠬᠠᠭᠠᠰ ᠴᠠᠭ ᠰᠢᠬᠠᠮ ᠨᠢᠲᠤᠷᠭᠠᠨ ᠡᠷᠳᠡᠮ ᠪᠤᠯᠪᠠᠰᠤᠷᠠᠳᠠᠭ ᠵᠠᠩᠰᠢᠯ ᠲᠠᠢ ᠠᠵᠠᠢ᠃ | ᠬᠠᠶᠠ ᠵᠠᠷᠢᠮ ᠳᠠᠭᠠᠨ ᠪᠠᠰᠠ ᠲᠠᠨᠢᠯ ᠲᠠᠰᠤᠯ ᠬᠦᠮᠦᠰ ᠲᠠᠢ ᠪᠠᠨ ᠤᠯᠵᠤ ᠠᠭᠤᠯᠵᠠᠪᠠᠯ ᠬᠠᠷᠢᠯᠴᠠᠨ ᠠᠮᠤᠷ ᠮᠡᠨᠲᠤ ᠪᠠᠨ ᠠᠰᠠᠭᠤᠯᠴᠠᠨ᠂ ᠦᠶ᠎ᠡ ᠬᠤᠷᠠᠭ ᠤᠨ | ᠤᠯᠤᠰ ᠲᠠᠢ ᠪᠠᠨ ᠤᠴᠠᠷᠠᠪᠠᠯ ᠶᠤᠰᠤᠲᠠᠢ ᠦᠭᠦᠯᠡᠭᠡᠳ ᠪᠠᠷᠠᠰᠢ ᠦᠭᠡᠢ ᠲᠠᠯᠠᠨ ᠵᠤᠭᠤᠭ ᠢᠶᠠᠨ ᠲᠡᠯᠭᠡᠵᠦ ᠤᠯᠤᠰ ᠤᠨ ᠤᠴᠢᠷ᠂ ᠠᠯᠪᠠᠨ ᠤ ᠶᠠᠪᠤᠳᠠᠯ᠂ ᠡᠷᠳᠡᠨ ᠤ | ᠬᠠᠭᠤᠴᠢ᠂ ᠡᠳᠦᠭᠡ ᠶᠢᠨ ᠪᠠᠶᠢᠳᠠᠯ ᠁ ᠵᠡᠷᠭᠡ ᠶᠢ ᠰᠡᠳᠭᠢᠯ ᠢᠶᠠᠨ ᠠᠭᠤᠵᠢᠷᠠᠲᠠᠯ᠎ᠠ ᠬᠦᠤᠷᠨᠢᠯᠲᠤᠨ ᠤᠶᠢᠳᠬᠠᠷ ᠪᠤᠬᠢᠨᠢᠲᠤᠯ ᠢᠶᠠᠨ ᠰᠡᠷᠭᠦᠭᠡᠨ ᠤᠷᠮᠠᠰ ᠰᠡᠳᠭᠢᠯᠭᠡ | ᠪᠠᠨ ᠬᠦᠭᠵᠢᠭᠡᠵᠦ᠂ ᠪᠡᠶ᠎ᠡ ᠰᠡᠳᠭᠢᠴᠡ ᠶᠢᠨ ᠶᠡᠭᠡ ᠲᠦᠭᠵᠢᠷᠡᠯ ᠳᠡᠭᠡᠨ ᠴᠡᠪᠡᠷ ᠪᠠᠶᠢᠭᠠᠯᠢᠯᠢᠭ ᠰᠢᠮ᠎ᠡ ᠲᠡᠵᠢᠭᠡᠯ ᠨᠦᠬᠦᠪᠦᠷᠢᠯᠡᠳᠡᠭ ᠨᠢ ᠠᠵᠢᠯ ᠤᠨ ᠠᠮᠠᠷᠠᠯᠳᠠ ᠪᠠᠨ | ᠠᠪᠤᠭᠰᠠᠨ ᠡᠪᠦᠭᠡᠨ ᠭᠤᠸᠠᠢ ᠳᠤ ᠠᠪᠴᠤ ᠬᠡᠯᠡᠪᠡᠯ ᠮᠥᠨ ᠴᠦ ᠨᠢᠭᠡ ᠡᠷᠡᠨ ᠤ ᠵᠢᠷᠭᠠᠯ ᠪᠦᠯᠦᠭᠡ᠃ | ᠰᠦᠰᠦᠲᠠᠢ ᠭᠤᠸᠠᠢ ᠶᠢ ᠴᠡᠴᠡᠷᠯᠢᠭ ᠳᠤ ᠬᠦᠷᠬᠦᠶ᠎ᠡ᠂ ᠦᠨᠲᠦᠷ ᠮᠤᠳᠤᠨ ᠲᠡᠭᠡᠷᠡᠬᠢ ᠲᠤᠮᠤ ᠯᠠᠪᠠᠷ ᠠᠴᠠ ᠤᠶᠠᠩᠭᠠᠲᠦ ᠬᠦᠭᠵᠢᠮ ᠬᠠᠩᠭᠢᠨᠠᠨ ᠠᠭᠤᠳᠠᠮ | ᠲᠠᠯᠠᠪᠠᠢ ᠲᠡᠭᠡᠷ᠎ᠡ ᠡᠷᠡᠭᠲᠠᠢ ᠡᠮᠡᠭᠳᠠᠢ ᠤᠯᠠᠨ ᠬᠦᠮᠦᠰ ᠪᠡᠶ᠎ᠡ ᠴᠢᠬᠢᠷᠠᠭᠵᠢᠭᠤᠯᠬᠤ ᠪᠦᠵᠢᠭ ᠪᠦᠵᠢᠭᠯᠡᠵᠦ ᠶᠠᠭᠠᠷᠠᠯᠳᠤᠨ᠎ᠠ᠃ ᠴᠡᠴᠡᠷᠯᠢᠭ ᠤᠨ ᠬᠤᠶᠢᠲᠤ ᠦᠨᠴᠦᠭ ᠤᠨ | ᠪᠢᠲᠡᠭᠦᠤ ᠮᠤᠳᠤ ᠲᠠᠢ ᠬᠦᠮᠦᠨ ᠴᠦᠬᠡᠨ ᠲᠡᠷᠡ ᠪᠤᠯᠤᠩ ᠭᠠᠵᠠᠷ ᠲᠤᠨᠢ ᠨᠢᠮᠬᠡᠨ ᠴᠠᠭᠠᠨ ᠬᠤᠪᠴᠠᠰᠤ ᠲᠠᠢ ᠬᠡᠳᠦᠨ ᠡᠪᠦᠭᠡᠨ ᠰᠠᠮᠠᠭᠠᠨ ᠨᠢᠲᠤᠷᠭᠠᠨ ᠡᠷᠳᠡᠮ | ᠪᠤᠯᠪᠠᠰᠤᠷᠠᠵᠤ ᠪᠠᠶᠢᠭᠰᠠᠨ ᠳᠤ᠂ ᠡᠪᠦᠭᠡᠨ ᠭᠤᠸᠠᠢ ᠴᠦ ᠲᠡᠳᠡᠨ ᠤ ᠡᠩᠨᠡᠭᠡᠨ ᠳᠤ ᠤᠷᠤᠭᠠᠳ ᠡᠭᠡᠭᠡ ᠯᠠ ᠵᠠᠯᠠᠭᠤ ᠬᠦᠮᠦᠨ ᠰᠢᠭ ᠨᠢᠲᠤᠷᠭ᠎ᠠ ᠡᠷᠭᠢᠭᠦᠯᠦᠨ ᠦᠰᠦᠷᠦᠨ | ᠲᠤᠭᠯᠠᠵᠤ ᠠᠶᠢᠵᠠᠮᠲᠠᠢ ᠰᠠᠶᠢᠬᠠᠨ ᠬᠦᠳᠡᠯᠭᠡᠭᠡᠨ ᠢᠶᠠᠨ ᠰᠠᠶ᠋ᠢ ᠡᠬᠢᠯᠡᠭᠦᠯᠵᠦ ᠪᠠᠶᠢᠲᠠᠯ᠎ᠠ᠂ ᠭᠡᠨᠡᠳᠲᠡ ᠲᠡᠭᠡᠲᠤ ᠬᠠᠷᠮᠠᠨ ᠳᠤᠨᠢ ᠪᠠᠶᠢᠭᠰᠠᠨ ᠭᠠᠷ ᠤᠳᠠᠰᠤ ᠨᠢ | ᠴᠡᠴᠡᠷᠬᠢᠯᠡᠨ ᠲᠤᠤᠭᠠᠷᠴᠤ ᠴᠠᠬᠢᠮ ᠴᠢᠮᠡᠭᠡ ᠶᠢᠨ ᠲᠤᠬᠢᠶ᠎ᠠ ᠢᠷᠡᠬᠦ ᠰᠢᠤᠬᠠᠨ ᠪᠤᠯᠪᠠ᠃ | ᠲᠡᠷᠡ ᠭᠤᠸᠠᠢ ᠴᠦ ᠶᠡᠬᠡᠲᠡ ᠭᠠᠶᠢᠬᠠᠰᠬᠢᠵᠤ᠄ ︽ᠬᠦᠶ᠋ᠢ᠂ ᠡᠨᠡ ᠬᠦᠳᠡᠭᠡ ᠭᠠᠳᠠᠨ᠎ᠠ ᠰᠦᠯᠵᠢᠶ᠎ᠡ ᠶᠢᠨ ᠵᠠᠯᠭᠠᠯᠲᠠ ᠪᠠᠷᠤᠭᠲᠠᠢ ᠦᠭᠡᠢ ᠪᠠᠶᠢᠬᠤ ᠳᠤ ᠬᠡᠷᠬᠢᠨ | ᠸᠢᠴᠠᠲ ᠨᠡᠪᠳᠡᠷᠡᠵᠦ ᠪᠠᠶᠢᠬᠤ ᠪᠠᠶᠢᠬᠤ ᠪᠢᠯᠠ︖︾ ᠬᠡᠮᠡᠨ ᠬᠡᠰᠡᠭ ᠲᠦᠭᠳᠡᠷᠡᠬᠦ ᠰᠢᠭ ᠪᠤᠯᠤᠭᠰᠠᠨ ᠢᠶᠠᠨ᠄ ︽ᠤᠦ ᠳ᠋ᠠ ᠂ ᠪᠢ ᠴᠢᠨᠢ ᠦᠴᠦᠭᠡᠳᠦᠷ ᠦᠳᠡ | ᠬᠤᠶᠢᠨ᠎ᠠ ᠬᠦᠳᠡᠭᠡ ᠶᠠᠪᠤᠬᠤ ᠳᠠᠭᠠᠨ ᠦᠨᠦᠬᠢ ᠨᠡᠭᠦᠳᠡᠯ ᠤᠳᠠᠰᠤ ᠶᠢ ᠨᠢ ᠵᠠᠯᠭᠠᠭᠰᠠᠨ ᠢᠶᠠᠨ ᠲᠠᠭ ᠮᠠᠷᠲᠠᠴᠢᠬᠠᠭᠰᠠᠨ ᠪᠠᠶᠢᠵᠠᠢ ᠰᠢᠤ ᠁︾ ᠭᠡᠵᠤ ᠰᠠᠶ᠋ᠢ | ᠰᠠᠨᠠᠵᠤ ᠤᠯᠤᠭᠠᠳ᠄ ︽ᠵᠠ᠂ ᠶᠠᠭᠤ ᠪᠤᠯᠤᠭᠰᠠᠨ ᠴᠦ ᠬᠡᠨ ᠴᠠᠬᠢᠮ ᠴᠢᠮᠡᠭᠡ ᠢᠷᠡᠭᠦᠯᠵᠦ ᠪᠠᠶᠢᠬᠤ ᠶᠢ ᠨᠢ ᠦᠵᠡᠶ᠎ᠡ᠂ ᠴᠢᠬᠤᠯᠠ ᠤᠴᠢᠷ ᠲᠠᠢ ᠴᠦ ᠪᠠᠶᠢᠵᠦ ᠮᠡᠳᠡᠨ᠎ᠡ︾ | ᠭᠡᠵᠤ ᠡᠯᠠᠢ ᠪᠠᠯᠠᠢ ᠶᠠᠭᠤᠮ᠎ᠠ ᠰᠡᠳᠭᠢᠭᠰᠡᠭᠡᠷ ᠬᠤᠷᠳᠤᠬᠠᠨ ᠭᠡᠭᠴᠢ ᠠᠯᠬᠤᠯᠠᠵᠦ ᠴᠡᠴᠡᠷᠯᠢᠭ ᠤᠨ ᠵᠡᠭᠦᠨ ᠬᠤᠶᠢᠲᠤ ᠦᠨᠴᠦᠭ ᠳᠠᠬᠢ ᠰᠦᠮ᠎ᠡ ᠬᠡᠯᠪᠡᠷᠢᠲᠠᠢ | ᠪᠠᠶᠢᠭᠤᠯᠤᠭᠰᠠᠨ ᠭᠡᠭᠡᠮᠰᠦᠭ ᠪᠠᠭᠠᠬᠠᠨ ᠰᠠᠷᠠᠪᠴᠢᠨ ᠲᠤᠤᠷᠠᠬᠢ ᠬᠦᠨᠳᠡᠯᠡᠨ ᠰᠠᠨᠳᠠᠯᠢ ᠲᠡᠭᠡᠷ᠎ᠡ ᠤᠴᠢᠵᠤ ᠰᠠᠭᠤᠭᠠᠳ ᠦᠨᠦᠬᠢ ᠶᠡᠬᠡᠬᠡᠨ ᠨᠢᠭᠤᠷ ᠲᠠᠢ ᠭᠠᠷ ᠤᠳᠠᠰᠤ | ᠪᠠᠨ ᠯᠠᠷᠵᠠᠲᠠᠶᠢᠬᠠᠨ ᠭᠡᠭᠴᠢ ᠭᠠᠷᠭᠠᠨ ᠦᠵᠡᠬᠦᠶ᠎ᠡ ︽ᠴᠠᠰᠤ ᠴᠠᠭᠠᠨ ᠭᠦᠩᠵᠦ︾ ᠭᠡᠮᠡᠬᠦ ᠨᠡᠷ᠎ᠡ ᠲᠠᠢ ᠨᠢᠭᠡ ᠬᠦᠮᠦᠨ ᠲᠡᠭᠦᠨ ᠲᠠᠢ ᠨᠠᠶᠢᠵᠠ ᠪᠤᠯᠬᠤ ᠶᠢ | ᠡᠷᠡᠮᠡᠯᠵᠡᠭᠰᠡᠨᠲ᠋ᠤᠬᠢᠶᠠ ᠢᠷᠡᠭᠦᠯᠦᠭᠰᠡᠨ ᠪᠠᠶᠢᠪᠠ᠃ ︽ ᠲᠠ ᠰᠠᠶᠢᠨ ᠤᠤ︖︾ ᠭᠡᠵᠤ ᠴᠠᠬᠢᠮ ᠴᠢᠮᠡᠭᠡ ᠪᠠᠷ ᠠᠮᠤᠷ ᠠᠰᠠᠭᠤᠭᠰᠠᠨ ᠪᠠ ︽ᠴᠠᠰᠤ ᠴᠠᠭᠠᠨ | ᠭᠦᠩᠵᠦ︾ ᠨᠢ ᠦᠯᠦ ᠮᠡᠳᠡᠭ ᠰᠢᠷ᠎ᠠ ᠪᠠᠷ ᠪᠤᠳᠤᠭᠰᠠᠨ ᠭᠡᠵᠢᠭᠡ ᠪᠠᠨ ᠰᠤᠯᠠ ᠲᠠᠯᠪᠢᠭᠰᠠᠨ᠂ ᠮᠤᠶᠢᠯ ᠬᠠᠷ᠎ᠠ ᠨᠢᠳᠦᠲᠠᠢ᠂ ᠵᠢᠷᠪᠢᠭᠡᠷ ᠨᠠᠷᠢᠬᠠᠨ ᠬᠦᠮᠦᠰᠭᠡ ᠲᠠᠢ᠂ | ᠶᠠᠭᠠᠪᠲᠤᠷ ᠴᠢᠷᠠᠢ ᠲᠡᠭᠡᠷ᠎ᠡ ᠪᠠᠨ ᠶᠠᠭᠠᠬᠢᠬᠤ ᠶᠢᠨ ᠠᠷᠭ᠎ᠠ ᠦᠭᠡᠢ ᠡᠪᠲᠠᠢ ᠵᠤᠬᠢᠴᠠᠭᠰᠠᠨ ᠬᠢᠩᠭᠠᠨ ᠬᠠᠮᠠᠷ ᠲᠠᠢ ᠪᠦᠭᠡᠳ ᠬᠤᠨᠳᠠᠨ ᠤᠯᠠᠭᠠᠨ ᠤᠷᠤᠭᠤᠯ ᠢᠶᠠᠨ | ᠪᠠᠭᠠᠬᠠᠨ ᠴᠤᠷᠪᠤᠶᠢᠯᠭᠠᠵᠤ᠂ ᠬᠦᠰᠡᠯ ᠬᠠᠶᠢᠷ᠎ᠠ ᠴᠠᠯᠬᠢᠯᠠᠭᠰᠠᠨ ᠨᠢᠲᠦ ᠪᠠᠷ ᠬᠦᠮᠦᠰ ᠤᠨ ᠦᠭᠡᠳᠡ ᠵᠤᠤᠮᠠᠯᠵᠠᠨ ᠢᠨᠢᠶᠡᠮᠰᠦᠭᠯᠡᠵᠦ ᠪᠠᠶᠢᠭ᠎ᠠ ᠰᠡᠭᠦᠳᠡᠷ ᠢᠶᠠᠨ ᠸᠢᠴᠠᠲ | ᠲᠡᠭᠡᠷ᠎ᠡ ᠪᠠᠨ ᠲᠠᠯᠪᠢᠵᠠᠢ᠃ ᠲᠡᠷᠡᠬᠦ ᠭᠤᠶᠦ ᠪᠦᠰᠡᠭᠦᠢ ᠶᠢᠨ ᠰᠡᠭᠦᠳᠡᠷ ᠢ ᠤᠯᠵᠦ ᠬᠠᠷᠠᠭᠰᠠᠨ ᠲᠡᠷᠡᠬᠡᠨ ᠵᠠᠭᠤᠷ᠎ᠠ᠂ ᠡᠪᠦᠭᠡᠨ ᠭᠤᠸᠠᠢ ᠶᠢᠨ ᠬᠠᠴᠠᠷ ᠨᠢᠭᠤᠷ ᠨᠢ | ᠨᠢᠯᠴᠢᠬᠢᠨᠡᠨ᠂ ᠬᠠᠮᠤᠭ ᠪᠡᠶ᠎ᠡ ᠨᠢ ᠬᠠᠯᠠᠭᠤ ᠤᠷᠭᠢᠵᠤ ᠶᠠᠮᠠᠷ ᠨᠢᠭᠡᠨ ᠶᠠᠭᠤᠮ᠎ᠠ ᠰᠡᠳᠬᠢᠯ ᠢ ᠨᠢ ᠭᠡᠳᠡᠭᠡᠯᠡᠵᠤ ᠪᠠᠶᠢᠬᠤ ᠶᠢ ᠲᠡᠷᠡ ᠦᠪᠡᠷ ᠢᠶᠠᠨ ᠴᠦ ᠦᠯᠦ ᠮᠡᠳᠡᠨ᠎ᠡ᠃ | ᠶᠠᠭᠤ ᠪᠤᠯᠤᠭᠰᠠᠨ ᠴᠦ ᠲᠤᠲᠤᠷ᠎ᠠ ᠨᠢ ᠨᠢᠯ ᠪᠠᠭᠤᠵᠦ ᠨᠢᠭᠡ ᠯᠠ ᠵᠢᠭᠲᠡᠶᠢᠬᠡᠨ ᠰᠠᠨᠠᠭᠳᠠᠬᠤᠶᠠ᠂ ᠲᠡᠷᠡ ᠭᠤᠸᠠᠢ᠄ ︽ᠠ ᠳ᠋ᠠ᠂ ᠮᠥᠨ ᠴᠦ ᠨᠢᠭᠡᠨ ᠬᠦᠬᠡᠷᠦᠬᠦᠨ | ᠠᠮᠢᠳᠠᠨ ᠪᠠᠶᠢᠨ᠎ᠠ᠂ ᠲᠡᠭᠦᠤᠲᠠᠢ ᠮᠢᠨᠢ ᠨᠠᠶᠢᠵᠢ ᠪᠤᠯᠬᠤ ᠭᠡᠭᠴᠢ ᠰᠠᠶᠢᠨ ᠤᠴᠢᠷ ᠡ᠂ ᠪᠤᠯᠤᠯ ᠦᠭᠡᠢ ᠶᠠᠭᠠᠬᠢᠪᠠ ᠁︾ ᠭᠡᠵᠤ ᠠᠷᠠᠢ ᠰᠤᠨᠤᠰᠳᠠᠮ᠎ᠠ ᠲᠤᠤᠷᠠᠬᠠᠨ | ᠲᠠᠭᠤ ᠪᠠᠷ ᠠᠮᠠᠨ ᠳᠠᠭᠠᠨ ᠲᠦᠳᠦᠨᠡᠭᠰᠡᠭᠡᠷ ᠦᠨᠦᠬᠢ ᠵᠦᠪᠰᠢᠶᠡᠷᠡᠬᠦ ᠴᠢᠳᠠᠮᠵᠢ ᠪᠠᠨ ᠲᠠᠷᠤᠬᠤ ᠭᠡᠰᠡᠨ ᠢᠶᠠᠨ ᠭᠡᠨᠡᠳᠲᠡ ᠪᠠᠰᠠ ᠶᠠᠭᠤ ᠨᠢᠭᠡ ᠶᠢ ᠪᠤᠳᠤᠵᠦ ᠠᠮᠵᠢᠭᠰᠠᠨ | ᠪᠤᠯᠤᠯᠳᠠᠢ ᠭᠠᠷ ᠢᠶᠠᠨ ᠲᠠᠳᠠᠵᠤ ᠪᠠᠭ᠋ᠠᠨ ᠲᠠᠳᠠᠭᠠᠯᠵᠠᠵᠦ᠄ ︽ᠤᠯᠤᠰ ᠤᠳ ᠤᠨ ᠬᠡᠯᠡᠯᠴᠡᠬᠦ ᠪᠠᠷ ᠤᠳᠤᠬᠢ ᠨᠡᠶᠢᠬᠡᠮ ᠲᠡᠭᠡᠷ᠎ᠡ ᠰᠦᠯᠵᠢᠶᠡᠨ ᠤ ᠮᠡᠬᠡᠯᠡᠭᠴᠢ ᠭᠡᠭᠴᠢ | ᠮᠤᠩ ᠦᠭᠡᠢ ᠤᠯᠠᠨ ᠭᠡᠳᠡᠭ ᠢᠶᠠᠷ ᠦᠨᠦᠬᠢ ᠪᠦᠰᠡᠭᠦᠢ ᠴᠢᠨᠢ ᠠᠷᠠᠢ ᠴᠦ ᠮᠡᠬᠡᠯᠡᠭᠴᠢ ᠪᠢᠰᠢ ᠪᠢᠵᠠ︖︾ ᠭᠡᠵᠤ ᠲᠦᠷᠦᠯᠬᠢ ᠮᠡᠳᠡᠷᠡᠮᠵᠢ ᠪᠠᠷ ᠢᠶᠠᠨ ᠲᠦᠲᠡᠭᠡᠯᠵᠡᠬᠦ | ᠰᠢᠤᠬᠠᠨ ᠪᠤᠯᠤᠭᠰᠠᠨ ᠢᠶᠠᠨ᠄ ︽ᠵᠠ᠂ ᠶᠠᠭᠤ ᠪᠤᠯᠤᠭᠰᠠᠨ ᠴᠦ ᠭᠡᠷ ᠲᠡᠭᠡᠨ ᠬᠠᠷᠢᠵᠤ ᠪᠠᠶᠢᠭᠠᠳ ᠪᠤᠯᠤᠶ᠎ᠠ ︾ ᠭᠡᠵᠤ ᠦᠪᠡᠷ ᠲᠡᠭᠡᠨ ᠰᠤᠨᠤᠰᠳᠠᠬᠤ ᠲᠡᠳᠤᠢ | ᠰᠢᠪᠡᠨᠡᠭᠡᠳ ᠤᠷᠤᠨ ᠠᠴᠠ ᠪᠠᠨ ᠦᠨᠲᠡᠶᠢᠨ ᠪᠤᠰᠴᠤ ᠭᠡᠷ ᠵᠦᠭ ᠢᠶᠠᠨ ᠰᠡᠩᠳᠡ ᠮᠡᠩᠳᠡ ᠠᠯᠬᠤᠯᠠᠪᠠ᠃ | ᠰᠦᠰᠦᠲᠠᠢ ᠭᠤᠸᠠᠢ ᠭᠡᠭᠴᠢ ᠵᠢᠷᠠᠨ ᠲᠤᠯᠤᠭ᠎ᠠ ᠬᠦᠷᠴᠦ ᠵᠠᠵᠠᠨ ᠦᠰᠦ ᠨᠢ ᠪᠤᠭᠤᠷᠤᠯᠲᠤᠭᠰᠠᠨ ᠪᠤᠯᠪᠠᠴᠤ ᠪᠡᠶ᠎ᠡ ᠲᠡᠩᠬᠡᠭᠡ ᠨᠢ ᠰᠠᠶᠢᠨ᠂ ᠡᠮᠦᠰᠴᠦ ᠵᠡᠭᠦᠬᠦ ᠨᠢ | ᠴᠦ ᠲᠡᠷᠢ ᠲᠡᠭᠰᠢ᠂ ᠦᠭᠡ ᠶᠠᠷᠢᠶ᠎ᠠ ᠨᠢ ᠴᠦ ᠤᠬᠠᠭᠠᠯᠢᠭ ᠤᠷᠠᠨ ᠬᠦᠮᠦᠨ ᠪᠤᠯᠬᠤᠷ ᠲᠦᠩᠭᠡᠵᠢ ᠲᠠᠪᠢ ᠭᠠᠷᠴᠤ ᠪᠠᠶᠢᠭ᠎ᠠ ᠰᠢᠭ᠋ ᠯᠠ ᠬᠠᠷᠠᠭᠳᠠᠨ᠎ᠠ᠃ ᠭᠡᠬᠦ ᠳᠤ ᠡᠨᠡ | ᠠᠪᠤᠭᠠᠢ ᠭᠡᠭᠴᠢ ᠤᠷᠴᠢᠯᠠᠩ ᠤᠨ ᠤᠨᠴᠠᠭᠠᠢ ᠨᠢᠭᠡᠨ ᠤᠳᠤᠨ ᠪᠤᠯᠵᠤ ᠵᠠᠶᠠᠭᠠᠭᠰᠠᠨ ᠴᠦ ᠪᠤᠯᠪᠠ ᠤᠤ︖ ᠲᠡᠭᠦᠨ ᠤ ᠠᠵᠢᠯ ᠠᠮᠢᠳᠤᠷᠠᠯ ᠤᠨ ᠬᠢᠨᠢ ᠭᠡᠭᠡᠨ ᠲᠠᠷᠳᠠᠩ | ᠵᠠᠮ ᠲᠡᠭᠡᠷ᠎ᠡ ᠨᠢ ᠤᠶᠢᠯᠠᠭᠠᠭᠳᠠᠰᠢ ᠦᠭᠡᠢ ᠡᠳᠦᠢ ᠲᠡᠳᠦᠢ ᠬᠠᠴᠢᠨ ᠰᠤᠨᠢᠨ ᠤᠴᠠᠷᠠᠯ ᠳᠤᠬᠢᠶᠠᠯᠳᠤᠯ ᠪᠠ ᠦᠯᠢᠭᠡᠷ ᠲᠡᠤᠬᠡ ᠡᠭᠦᠰᠴᠦ ᠦᠩᠭᠡᠷᠡᠭᠰᠡᠨ ᠢ ᠬᠡᠨ ᠴᠦ | ᠦᠯᠦ ᠮᠡᠳᠡᠨ᠎ᠡ᠂ ᠦᠪᠡᠷ ᠲᠡᠭᠡᠨ ᠴᠦ ᠡᠰᠡ ᠤᠶᠢᠯᠠᠭᠠᠨ᠎ᠠ᠂ ᠤᠲᠤ ᠪᠤᠯᠳᠠᠯ᠎ᠠ ᠤᠯᠠᠨ ᠤ ᠲᠤᠮᠳᠠ ᠮᠥᠨ ᠯᠠ ᠤᠨᠢᠰᠤᠭ᠎ᠠ ᠪᠠᠶᠢᠭᠰᠠᠭᠠᠷ ᠠᠵᠠᠢ᠃ ᠬᠦᠮᠦᠨ ᠤ | ᠠᠮᠢᠳᠤᠷᠠᠯ ᠤᠨ ᠶᠠᠪᠤᠴᠠ ᠭᠡᠳᠡᠭ ᠦᠨᠡᠬᠡᠷ ᠰᠢ ᠵᠦᠴᠦᠭᠡ ᠮᠡᠳᠤ ᠬᠡᠳᠦᠬᠡᠨ ᠴᠠᠭ ᠤᠨ ᠰᠤᠨᠢᠷᠬᠠᠯ ᠪᠤᠯᠤᠭᠠᠳ ᠦᠩᠭᠡᠷᠡᠳᠡᠭ ᠤᠨ ᠤᠴᠢᠷ ᠠᠴᠠ ᠡᠪᠦᠭᠡᠨ ᠭᠤᠸᠠᠢ ᠶᠢᠨ | ᠤᠯᠠᠨ ᠠᠷᠪᠢᠨ ᠤᠬᠠᠭᠠᠨ ᠲᠦᠬᠦᠭᠡ ᠶᠢ ᠨᠢ ᠤᠯᠳᠠᠰᠢ ᠦᠭᠡᠢ ᠤᠨᠢᠰᠤᠭ᠎ᠠ ᠠᠴᠠ ᠨᠢᠭᠡ ᠬᠤᠶᠠᠷ ᠢ ᠨᠢ ᠰᠡᠶᠢᠷᠡᠭᠦᠯᠪᠡᠯ ᠲᠤᠤᠷᠠᠬᠢ ᠮᠡᠳᠤ ᠪᠦᠯᠦᠭᠡ ᠃ | ᠰᠦᠰᠦᠲᠠᠢ ᠭᠤᠸᠠᠢ ᠲᠡᠭᠡᠷ᠎ᠡ ᠵᠠᠭᠤᠨ ᠤ ᠲᠠᠯᠠᠭᠠᠳ ᠤᠨ ᠳᠤ᠂ ᠬᠡᠳᠦᠨ ᠵᠢᠯ ᠴᠡᠷᠢᠭ ᠤᠨ ᠠᠯᠪᠠ ᠬᠠᠭᠠᠵᠤ᠂ ᠴᠡᠷᠢᠭ ᠲᠡᠭᠡᠷ᠎ᠡ ᠬᠡᠳᠤ ᠤᠳᠠᠭ᠎ᠠ ᠭᠠᠪᠢᠶ᠎ᠠ | ᠪᠠᠶᠢᠭᠤᠯᠤᠭᠰᠠᠨ ᠪᠠ ᠦᠨᠲᠦᠷ ᠲᠤᠮᠳᠠᠲᠤ ᠶᠢᠨ ᠰᠤᠷᠤᠯᠭ᠎ᠠ ᠶᠢᠨ ᠨᠠᠮᠳᠠᠷ ᠲᠠᠢ ᠵᠡᠷᠭᠡ ᠤᠯᠠᠨ ᠠᠷᠪᠢᠨ ᠲᠠᠪᠠᠭᠤᠯᠢᠭ ᠢᠶᠠᠷ ᠢᠶᠠᠨ ᠤᠷᠤᠨ ᠤ ᠲᠦᠪ ᠤᠨ ᠨᠢᠭᠡᠨ | ᠲᠢᠩᠭᠢᠮ ᠳᠤ ᠠᠵᠢᠯ ᠬᠤᠪᠢᠶᠠᠷᠢᠯᠠᠵᠦ ᠵᠢᠩᠭᠢᠨᠢ ᠨᠢᠭᠡᠨ ᠤᠯᠤᠰ ᠤᠨ ᠠᠯᠪᠠᠳᠠᠨ ᠪᠤᠯᠵᠤ ᠪᠢᠯᠠ᠃ | ᠡᠳᠡᠭᠡᠷ ᠬᠢᠯᠪᠡᠷ ᠪᠤᠰᠤ ᠪᠠᠷ ᠢᠷᠡᠭᠰᠡᠨ ᠠᠮᠵᠢᠯᠲᠠ ᠳᠠᠭᠠᠨ ᠲᠡᠷᠡ ᠦᠪᠡᠷ ᠢᠶᠠᠨ ᠪᠠᠰᠠ ᠤᠮᠤᠭᠰᠢᠨ ᠵᠤᠷᠢᠭᠵᠢᠵᠤ ᠪᠠᠶᠢᠭᠰᠠᠨ ᠪᠦᠭᠡᠳ ᠬᠠᠮᠲᠤ ᠨᠠᠶᠢᠵᠢ ᠪᠠ | ᠠᠶᠢᠯ ᠠᠶᠢᠮᠠᠭ ᠤᠨ ᠬᠢᠨᠢ ᠴᠦ ᠪᠢᠰᠢᠷᠡᠵᠦ ᠪᠠᠭ᠋ᠠᠷᠤᠭᠰᠠᠨ ᠰᠡᠳᠭᠢᠯᠭᠡ ᠪᠠᠷ᠄ ︽ᠲᠠ ᠪᠣᠯ ᠵᠢᠷᠭᠠᠯᠲᠠᠢ ᠬᠦᠮᠦᠨ ᠰᠢᠤ︾ ᠭᠡᠵᠤ ᠪᠠᠶᠠᠷ ᠬᠦᠷᠭᠡᠨ ᠪᠢᠰᠢᠷᠡᠨ ᠮᠠᠭᠳᠠᠵᠦ | ᠪᠠᠶᠢᠯ᠎ᠠ᠃ | ᠲᠡᠭᠡᠭᠡᠳ ᠯᠠ ᠮᠥᠨ ᠲᠡᠷᠡ ᠵᠢᠯ ᠤᠨ ᠢᠶᠠᠨ ᠲᠠᠩᠰᠤᠭ ᠨᠠᠮᠤᠷ ᠨᠢ ᠤᠭ ᠨᠤᠲᠤᠭ ᠲᠠᠭᠠᠨ ᠬᠠᠷᠢᠭᠠᠳ ᠰᠤᠨᠠᠭᠠᠷ ᠰᠠᠶᠢᠬᠠᠨ ᠪᠡᠶ᠎ᠡ ᠭᠠᠯᠪᠢᠷ ᠲᠠᠢ ᠰᠤᠶᠤᠷᠬᠠᠯ | ᠭᠡᠳᠡᠭ ᠦᠬᠢᠨ ᠳᠤ ᠦᠨᠡᠨ ᠬᠠᠶᠢᠷ᠎ᠠ ᠪᠠᠨ ᠲᠤᠰᠢᠶᠠᠨ ᠠᠶᠢᠯ ᠡᠷᠦᠬᠡ ᠪᠤᠯᠤᠯᠴᠠᠵᠦ ᠬᠦᠬᠡᠬᠤᠳᠠ ᠳᠤ ᠵᠤᠯ ᠵᠢᠷᠭᠠᠯᠲᠠᠢ ᠠᠮᠢᠲᠤᠷᠠᠯ ᠢᠶᠠᠨ ᠡᠬᠢᠯᠡᠭᠦᠯᠦᠭᠰᠡᠨ ᠪᠠᠶᠢᠯ᠎ᠠ᠃ | ᠲᠠᠷᠠᠭ᠎ᠠ ᠵᠢᠯ ᠤᠨ ᠬᠢᠨᠢ ᠨᠠᠮᠤᠷ ᠬᠦᠤ ᠲᠠᠢ ᠪᠤᠯᠵᠤ ᠬᠦᠤ ᠳᠡᠭᠡᠨ ︽ᠰᠠᠨᠰᠠᠷ︾ ᠭᠡᠳᠡᠭ ᠰᠠᠶᠢᠬᠠᠨ ᠨᠡᠷ᠎ᠡ ᠦᠭᠭᠦᠭᠰᠡᠨ ᠪᠦᠭᠡᠳ ᠲᠡᠳᠡ ᠬᠤᠶᠠᠭᠤᠯᠠ ᠶᠢᠨ ᠭᠡᠷ ᠪᠦᠯᠢ | ᠳᠤ ᠨᠢ ᠲᠤᠶᠢᠯ ᠤᠨ ᠶᠡᠭᠡ ᠪᠠᠶᠠᠷ ᠪᠠᠶᠠᠰᠬᠤᠯᠠᠩ ᠨᠡᠮᠡᠷᠢᠯᠡᠭᠰᠡᠨ ᠪᠦᠯᠦᠭᠡ᠃ ᠰᠠᠨᠰᠠᠷ ᠢ ᠲᠦᠷᠪᠡᠨ ᠨᠠᠰᠤᠲᠠᠢ ᠲᠡᠷᠡ ᠵᠢᠯ ᠤᠨ ᠨᠠᠮᠤᠷ ᠨᠢ ᠪᠤᠯᠬᠤ ᠳᠤ᠂ ᠰᠦᠰᠦᠲᠠᠢ | ᠰᠤᠶᠤᠷᠬᠠᠯ ᠬᠤᠶᠠᠭᠤᠯᠠ ᠬᠦᠤ ᠪᠠᠨ ᠮᠤᠩᠭᠤᠯ ᠴᠡᠴᠡᠷᠯᠢᠭ ᠳᠤ ᠰᠠᠭᠤᠯᠭᠠᠬᠤ ᠪᠠᠷ ᠪᠡᠯᠡᠳᠭᠡᠵᠤ ᠪᠠᠶᠢᠲᠠᠯ᠎ᠠ᠂ ᠭᠡᠨᠡᠳᠲᠡ ᠰᠦᠰᠦᠲᠠᠢ ᠶᠢ ᠪᠠᠶᠠᠨᠨᠠᠭᠤᠷ ᠠᠶᠢᠮᠠᠭ ᠤᠨ | ᠨᠢᠭᠡᠨ ᠲᠠᠷᠢᠶᠠᠯᠠᠬᠤ ᠰᠢᠶᠠᠨ ᠳᠤ ᠠᠵᠢᠯ ᠰᠢᠯᠵᠢᠭᠦᠯᠦᠭᠰᠡᠨ ᠮᠡᠳᠡᠭᠲᠡᠯ ᠢ ᠲᠤᠰᠤᠨ ᠤᠯᠪᠠ᠃ ᠵᠤᠨ ᠤ ᠬᠠᠯᠠᠭᠤᠨ ᠳᠤ ᠬᠢᠷᠠᠭᠤ ᠤᠨᠠᠭᠰᠠᠨ ᠮᠡᠲᠤ ᠡᠨᠡᠬᠦ ᠰᠤᠴᠢᠮᠠᠭ | ᠢᠷᠡᠭᠰᠡᠨ ᠬᠠᠳᠠᠭᠤ ᠴᠤᠬᠢᠯᠲᠠ ᠳᠤ ᠲᠡᠳᠡ ᠬᠤᠶᠠᠭᠤᠯᠠ ᠴᠤᠬᠤᠮ ᠶᠠᠭᠠᠬᠢᠬᠤ ᠪᠠᠨ ᠤᠯᠬᠤ ᠪᠠᠨ ᠪᠤᠯᠵᠤ ᠨᠢᠭᠤᠷ ᠲᠦᠭᠦᠷᠡᠩ ᠨᠢᠯᠪᠤᠰᠤᠨ ᠬᠡᠯᠬᠢᠶ᠎ᠡ ᠪᠦᠮᠪᠦᠷᠢᠭᠦᠯᠦᠨ | ᠰᠠᠭᠤᠪᠠ᠃ | ︽ᠴᠤᠬᠤᠮ ᠶᠠᠭᠠᠬᠢᠭᠠᠳ ᠡᠶᠢᠮᠤ ᠪᠤᠯᠪᠠ︖︾ ᠭᠡᠵᠤ ᠰᠦᠰᠦᠲᠠᠢ ᠶᠢᠨ ᠲᠠᠷᠢᠬᠢᠨ ᠳᠤᠨᠢ ᠰᠢᠷᠢᠯᠲᠦᠭᠰᠡᠨ ᠤᠯᠠᠨ ᠪᠤᠳᠤᠯ ᠵᠠᠢ ᠵᠠᠪᠰᠠᠷ ᠦᠭᠡᠢ ᠡᠷᠬᠢᠯᠲᠦᠨᠡ | ᠃ ︽ᠪᠠᠶᠢᠭᠤᠯᠤᠯᠭ᠎ᠠ ᠶᠢᠨ ᠢᠶᠠᠨ ᠤᠳᠤᠷᠢᠳᠤᠯᠭ᠎ᠠ ᠨᠠᠷ ᠢᠶᠠᠨ ᠰᠠᠨᠠᠮᠰᠠᠷ ᠦᠭᠡᠢ ᠪᠠᠷ ᠠᠭᠤᠷᠯᠠᠭᠤᠯᠴᠢᠯᠠ ᠭᠡᠵᠢ ᠤᠤ︖ ᠡᠰᠡᠭᠦᠯ᠎ᠡ ᠶᠠᠮᠠᠷ ᠨᠢᠭᠡᠨ ᠶᠠᠭᠤᠮᠠᠨ ᠳᠤ | ᠲᠡᠳᠡᠨ ᠢ ᠭᠤᠮᠤᠳᠠᠭᠠᠴᠢᠭᠰᠠᠨ ᠴᠦ ᠪᠤᠯᠪᠠ ᠤᠤ︖︾ ᠭᠡᠵᠤ ᠬᠡᠴᠢᠨᠡᠨ ᠤᠳᠠᠭ᠎ᠠ ᠲᠠᠷᠢᠬᠢ ᠪᠠᠨ ᠰᠢᠪᠬᠠᠨ ᠪᠤᠳᠤᠯᠬᠢᠯᠠᠭᠰᠠᠨ ᠴᠦ ᠲᠡᠶᠢᠮᠦ ᠤᠴᠢᠷ ᠶᠡᠷᠤ ᠨᠢ ᠪᠠᠶᠢᠭ᠎ᠠ | ᠦᠭᠡᠢ ᠰᠢᠭ ᠯᠠ ᠰᠠᠨᠠᠭᠳᠠᠨ᠎ᠠ᠃ ᠲᠡᠷᠡ ᠦᠶ᠎ᠡ ᠳᠤ᠂ ᠤᠯᠤᠰ ᠠᠷᠠᠳ ᠤᠨ ᠠᠵᠤ ᠠᠬᠤᠢ ᠬᠦᠭᠵᠢᠭᠡᠲᠦᠢ ᠪᠠᠶᠢᠭᠰᠠᠨ ᠪᠤᠯᠬᠤᠷ ᠬᠤᠯᠠ ᠶᠠᠪᠤᠵᠦ᠂ ᠶᠡᠭᠡ ᠶᠢ ᠦᠵᠡᠬᠦ | ᠬᠡᠮᠡᠨ ᠬᠤᠳᠠ ᠭᠠᠵᠠᠷ ᠢᠷᠡᠵᠦ ᠠᠮᠢᠳᠤᠷᠠᠯ ᠦᠢᠯᠡᠰ ᠪᠤᠰᠬᠠᠬᠤ ᠶᠢ ᠬᠦᠳᠡᠭᠡ ᠶᠢᠨ ᠬᠦᠮᠦᠰ ᠤᠨ ᠬᠠᠮᠲᠤ ᠶᠢᠨ ᠬᠦᠰᠡᠯ ᠬᠠᠭᠠᠨ ᠤ ᠵᠢᠷᠭᠠᠯ ᠢᠶᠠᠷ ᠪᠤᠳᠤᠳᠠᠭ | ᠪᠠᠶᠢᠭᠰᠠᠨ ᠲᠤᠯᠠ ᠬᠤᠳᠠ ᠭᠠᠵᠠᠷ ᠠᠴᠠ ᠪᠠᠨ ᠲᠤᠷᠤᠭᠰᠢ ᠬᠦᠭᠡᠭᠡᠭᠳᠡᠬᠦ ᠭᠡᠭᠴᠢ ᠰᠦᠰᠦᠲᠠᠢ ᠰᠤᠶᠤᠷᠬᠠᠯ ᠬᠤᠶᠠᠭᠤᠯᠠ ᠳᠤ ᠠᠪᠴᠤ ᠬᠡᠯᠡᠪᠡᠯ ᠶᠠᠭᠤᠲᠠᠢ ᠶᠡᠭᠡ | ᠭᠤᠨᠢᠷᠠᠯ ᠭᠤᠲᠤᠮᠰᠢᠭ ᠪᠤᠯᠤᠭᠰᠠᠨ ᠢ ᠶᠠᠭᠤᠨ ᠦᠭᠦᠯᠡᠬᠦ ᠠᠵᠠᠢ᠃ ᠰᠤᠶᠤᠷᠬᠠᠯ ᠤᠨ ᠰᠡᠳᠬᠢᠯ ᠳᠤ ᠶᠡᠬᠡᠳᠡ ᠲᠠᠭᠠᠯᠠᠮᠵᠢ ᠦᠭᠡᠢ ᠪᠤᠯᠵᠤ ᠰᠦᠰᠦᠲᠠᠢ ᠶᠢᠨ | ᠪᠠᠶᠢᠭᠤᠯᠤᠯᠭ᠎ᠠ ᠶᠢᠨ ᠲᠠᠷᠤᠭ᠎ᠠ ᠶᠢ ᠨᠢ ᠡᠷᠢᠭᠡᠳ᠄ ︽ᠲᠠᠷᠤᠭ᠎ᠠ ᠡ᠂ ᠮᠠᠨ ᠤ ᠰᠦᠰᠦᠲᠠᠢ ᠠᠵᠢᠯ ᠲᠡᠭᠡᠷ᠎ᠡ ᠪᠠᠨ ᠠᠯᠳᠠᠭ᠎ᠠ ᠪᠤᠷᠤᠭᠤ ᠭᠠᠷᠭᠠᠴᠢᠬᠠᠭᠰᠠᠨ ᠴᠦ ᠪᠤᠯᠪᠠ | ᠤᠤ︖ ᠦᠭᠡᠢ ᠪᠤᠯ ᠶᠠᠮᠠᠷ ᠴᠦ ᠤᠴᠢᠷ ᠰᠢᠯᠲᠠᠭᠠᠨ ᠦᠭᠡᠢ ᠪᠠᠷ ᠶᠠᠭᠤᠨ ᠳᠤ ᠲᠤᠷᠤᠭᠰᠢ ᠶᠠᠪᠤᠭᠤᠯᠬᠤ ᠭᠡᠵᠤ ᠪᠠᠶᠢᠬᠤ ᠪᠤᠢ︖︾ ᠬᠡᠮᠡᠨ ᠭᠤᠮᠤᠳᠠᠯᠲᠠᠶᠢᠬᠠᠨ | ᠭᠡᠭᠴᠢ ᠲᠤᠯᠭᠠᠨ ᠠᠰᠠᠭᠤᠬᠤ ᠳᠤᠨᠢ᠂ ᠦᠨᠦᠬᠢ ᠲᠠᠷᠤᠭ᠎ᠠ ᠤᠶᠠᠷᠠᠳᠠᠯ᠎ᠠ ᠰᠠᠶᠢᠬᠠᠨ ᠢᠨᠢᠶᠡᠮᠰᠦᠭᠯᠡᠭᠰᠡᠭᠡᠷ᠄ ︽ ᠵᠠ᠂ ᠲᠡᠭᠦᠤᠲᠠᠢ ᠮᠢᠨᠢ ᠂ ᠡᠯᠳᠡᠪ ᠶᠠᠭᠤᠮ᠎ᠠ ᠪᠢᠲᠡᠭᠡᠢ | ᠪᠤᠲᠤ ᠡ᠂ ᠰᠦᠰᠦᠲᠠᠢ ᠭᠡᠭᠴᠢ ᠰᠠᠶᠢᠨ ᠵᠠᠯᠠᠭᠤ ᠰᠢᠯᠢᠳᠡᠭ ᠠᠵᠢᠯᠲᠠᠨ ᠰᠢᠤ᠂ ᠭᠡᠬᠦ ᠳᠤ ᠤᠯᠤᠰ ᠤᠨ ᠺᠠᠳ᠋ᠷ ᠪᠤᠯᠤᠭᠰᠠᠳ ᠭᠡᠭᠴᠢ ᠵᠠᠪᠠᠯ ᠠᠵᠢᠯ ᠤᠨ ᠬᠡᠷᠡᠭᠴᠡᠭᠡ ᠪᠠ | ᠵᠤᠬᠢᠶᠠᠨ ᠪᠠᠶᠢᠭᠤᠯᠤᠯᠳᠠ ᠶᠢᠨ ᠲᠤᠬᠢᠷᠠᠭᠤᠯᠤᠯᠲᠠ ᠶᠢ ᠲᠠᠭᠠᠳᠠᠭ ᠯᠠ ᠵᠠᠷᠴᠢᠮ ᠲᠠᠢ ᠪᠤᠯᠬᠤᠷ ᠶᠠᠮᠠᠷ ᠯᠠ ᠠᠷᠭ᠎ᠠ ᠪᠠᠶᠢᠬᠤᠪ ᠳ᠋ᠠ᠂ ᠪᠢ ᠪᠠᠰᠠ ᠦᠨᠦᠲᠤᠷ ᠠᠳᠡ | ᠪᠠᠶᠢᠭᠰᠠᠨ ᠴᠦ ᠮᠠᠷᠭᠠᠰᠢ ᠬᠠᠮᠢᠭ᠎ᠠ ᠶᠠᠪᠤᠬᠤ ᠪᠠᠨ ᠦᠯᠦ ᠮᠡᠳᠡᠨ᠎ᠡ ᠁︾ ᠬᠡᠮᠡᠨ ᠯᠠᠷᠵᠠᠲᠠᠶᠢᠬᠠᠨ ᠬᠡᠭᠴᠢ ᠦᠭᠦᠯᠡᠨ᠎ᠡ᠃ | ᠠᠮᠢᠳᠤᠷᠠᠯ ᠦᠷᠭᠦᠯᠵᠢᠯᠡᠭᠰᠡᠭᠡᠷ ᠨᠢᠭᠡ ᠮᠡᠳᠡᠬᠦᠶ᠎ᠡ ᠲᠡᠳᠡᠨ ᠤ ᠬᠢᠨ ᠦᠨᠦᠬᠢ ᠰᠢᠶᠠᠨ ᠳᠤᠨᠢ ᠢᠷᠡᠭᠡᠳ ᠪᠠᠰᠠ ᠲᠦᠷᠪᠡᠨ ᠵᠢᠯ ᠪᠤᠯᠴᠢᠬᠠᠯ᠎ᠠ᠂ ᠬᠠᠮᠤᠭ ᠤᠨ | ᠬᠠᠷᠠᠮᠰᠠᠯᠲᠠᠢ ᠶᠠᠪᠤᠳᠠᠯ ᠨᠢ ᠭᠡᠪᠡᠯ ᠦᠨᠦᠬᠢ ᠰᠢᠶᠠᠨ ᠤ ᠭᠠᠵᠠᠷ ᠨᠢ ᠮᠤᠩᠭᠤᠯ ᠴᠡᠴᠡᠷᠯᠢᠭ ᠭᠡᠵᠤ ᠪᠠᠶᠢᠬᠤ ᠦᠭᠡᠢ ᠪᠤᠯᠬᠤᠷ ᠲᠡᠳᠡ ᠬᠤᠶᠠᠭᠤᠯᠠ ᠠᠷᠭ᠎ᠠ ᠪᠤᠰᠤ ᠬᠦᠤ | ᠰᠠᠨᠰᠠᠷ ᠪᠠᠨ ᠬᠢᠳᠠᠳ ᠴᠡᠴᠡᠷᠯᠢᠭ ᠳᠤ ᠰᠠᠭᠤᠯᠭᠠᠭᠰᠠᠨ ᠪᠠᠶᠢᠯ᠎ᠠ᠃ ᠭᠡᠬᠦ ᠳᠤ ᠲᠡᠳᠡᠭᠡᠷ ᠬᠢᠳᠠᠳ ᠪᠠᠭᠰᠢ ᠨᠠᠷ ᠨᠢ ᠬᠦᠤ ᠶᠢᠨ ᠬᠢᠨᠢ ︽ᠰᠠᠨᠰᠠᠷ︾ ᠭᠡᠰᠡᠨ ᠮᠤᠩᠭᠤᠯ | ᠨᠡᠷ᠎ᠡ ᠶᠢ ᠨᠢ ᠬᠢᠳᠠᠳ ᠢᠶᠠᠷ ︽ᠴᠧᠩ ᠰᠧ︾ ᠭᠡᠳᠡᠭ ᠬᠢᠳᠠᠳ ᠨᠡᠷ᠎ᠡ ᠲᠠᠢ ᠪᠤᠯᠭᠠᠴᠢᠬᠠᠭᠰᠠᠨ ᠪᠠᠶᠢᠬᠤ ᠦᠭᠡᠢ ᠤᠤ︖ ᠡᠭᠦᠨ ᠳᠤ ᠰᠤᠶᠤᠷᠬᠠᠯ ᠨᠢ ᠤᠳᠠᠭ᠎ᠠ | ᠪᠦᠷᠢ ᠶᠢᠨ ᠨᠡᠷ᠎ᠡ ᠮᠡᠳᠡᠭᠦᠯᠬᠦ ᠳᠤ ᠴᠡᠴᠡᠷᠯᠢᠭ ᠤᠨ ᠪᠠᠭᠰᠢ ᠨᠠᠷ ᠲᠤᠨᠢ ᠠᠭᠤᠷ ᠤᠴᠠᠭᠠᠷ ᠢᠶᠠᠨ ᠭᠠᠷᠭᠠᠵᠤ᠄ ︽ᠦᠭᠡᠢ᠂ ᠲᠠ ᠨᠠᠷ ᠴᠢᠨᠢ ᠮᠢᠨᠤ ᠬᠦᠤ ᠶᠢᠨ ᠨᠡᠷ᠎ᠡ ᠶᠢ | ᠶᠠᠭᠤᠨᠠᠢ ᠴᠧᠩ ᠰᠧ ᠪᠤᠯᠭᠠᠴᠢᠭᠰᠠᠨ ᠪᠤᠢ︖︾ ᠬᠡᠮᠡᠨ ᠶᠤᠰᠤ ᠬᠡᠯᠡᠯᠴᠡᠬᠦ ᠳᠤᠨᠢ ᠰᠦᠰᠦᠲᠠᠢ ᠨᠢ ᠬᠤᠷᠢᠭᠯᠠᠵᠤ᠄ ︽ᠵᠠ᠂ ᠲᠡᠭᠦᠨ ᠤ ᠲᠦᠯᠦᠭᠡ ᠬᠡᠷᠡᠭᠦᠯ ᠬᠢᠬᠦ | ᠪᠠᠨ ᠪᠠᠶᠢᠴᠢᠬ᠎ᠠ ᠳ᠋ᠠ᠂ ᠮᠢᠨᠤ ᠤᠦᠯ ᠨᠡᠷ᠎ᠡ ᠴᠦ ᠰᠤᠤᠰᠠᠷ ᠭᠡᠳᠡᠭ ᠪᠢᠰᠢᠤ᠂ ᠲᠡᠷᠡ ᠵᠢᠯ ᠴᠡᠷᠢᠭ ᠲᠡᠭᠡᠷ᠎ᠡ ᠤᠴᠢᠭᠰᠠᠨ ᠴᠢᠨᠢ ᠮᠠᠨ ᠤ ᠲᠠᠷᠤᠭ᠎ᠠ ᠨᠠᠷ ᠯᠠ ᠬᠢᠳᠠᠳ ᠢᠶᠠᠷ | ᠢᠶᠠᠨ ᠪᠤᠷᠤᠭᠤ ᠪᠢᠴᠢᠭᠰᠡᠭᠡᠷ ᠪᠠᠶᠢᠵᠤ ᠰᠦᠰᠦᠲᠠᠢ ᠪᠤᠯᠭᠠᠴᠢᠭᠰᠠᠨ ᠪᠠᠶᠢᠬᠤ ᠦᠭᠡᠢ ᠤᠤ︖︾ ᠭᠡᠵᠤ ᠲᠠᠶᠢᠳᠬᠤᠷᠠᠭᠤᠯᠤᠨ ᠦᠭᠦᠯᠡᠪᠡ᠃ | ᠤᠳᠠᠯ ᠦᠭᠡᠢ ᠨᠠᠮᠤᠷ ᠪᠤᠯᠬᠤ ᠭᠡᠵᠤ ᠪᠠᠶᠢᠭ᠎ᠠ ᠪᠤᠯᠬᠤᠷ ᠲᠡᠳᠡ ᠬᠤᠶᠠᠭᠤᠯᠠ ᠴᠦ ᠬᠦᠤ ᠰᠠᠨᠰᠠᠷ ᠢᠶᠠᠨ ᠠᠶᠢᠮᠠᠭ ᠲᠡᠭᠡᠷ᠎ᠡ ᠠᠪᠠᠴᠢᠵᠦ ᠮᠤᠩᠭᠤᠯ ᠪᠠᠭ᠎ᠠ | ᠰᠤᠷᠭᠠᠭᠤᠯᠢ ᠳᠤᠨᠢ ᠨᠢᠭᠡᠲᠦᠭᠡᠷ ᠤᠨ ᠳᠤ ᠤᠷᠤᠭᠤᠯᠬᠤ ᠶᠤᠮ ᠤᠤ︖ ᠡᠰᠡᠬᠦᠯ᠎ᠡ ᠰᠢᠶᠠᠨ ᠤ ᠲᠦᠪ ᠲᠡᠭᠡᠷ᠎ᠡ ᠪᠠᠨ ᠬᠢᠳᠠᠳ ᠪᠢᠴᠢᠭ ᠦᠵᠡᠭᠦᠯᠬᠦ ᠶᠤᠮ ᠤᠤ︖ | ᠭᠡᠵᠤ ᠶᠡᠭᠡ ᠯᠠ ᠶᠠᠪᠤᠳᠠᠯ ᠪᠤᠯᠭᠠᠨ ᠶᠠᠷᠢᠯᠴᠠᠵᠦ ᠵᠦᠭ ᠴᠢᠭ ᠢᠶᠠᠨ ᠤᠯᠬᠤ ᠦᠭᠡᠢ ᠪᠠᠶᠢᠲᠠᠯ᠎ᠠ ᠨᠢᠭᠡᠨ ᠡᠳᠦᠷ ᠭᠡᠨᠡᠳᠲᠡ ᠪᠠᠰᠠ ᠯᠠ ᠮᠠᠭᠤ ᠴᠢᠮᠡᠭᠡ ᠲᠤᠭᠤᠯᠳᠠᠵᠤ᠄ ︽ | ᠴᠢᠮ᠎ᠠ ᠶᠢ ᠤᠷᠠᠳ ᠤᠨ ᠨᠢᠭᠡᠨ ᠬᠤᠰᠢᠭᠤᠨ ᠤ ᠮᠠᠯᠵᠢᠬᠤ ᠰᠤᠮᠤᠨ ᠳᠤ ᠠᠵᠢᠯ ᠰᠢᠯᠵᠢᠭᠦᠯᠪᠡ︾ ᠬᠡᠮᠡᠨ ᠲᠤᠪᠴᠢᠶᠠᠨ ᠤ ᠬᠢᠨᠢ ᠠᠯᠪᠠᠨ ᠭᠡᠷ ᠤᠨ ᠡᠷᠬᠢᠯᠡᠭᠴᠢ ᠨᠢ | ᠲᠡᠬᠦᠨ ᠳᠤ ᠮᠡᠳᠡᠭᠳᠡᠯ ᠦᠭᠭᠦᠭᠰᠡᠨ ᠪᠠᠶᠢᠪᠠ᠃ | ᠡᠨᠡᠬᠦ ᠰᠠᠨᠠᠭᠠᠨ ᠳᠤ ᠦᠭᠡᠢ ᠢᠷᠡᠭᠰᠡᠨ ᠰᠢᠷᠦᠭᠦᠨ ᠴᠤᠬᠢᠯᠳᠠ ᠳᠤ ᠰᠦᠰᠦᠲᠠᠢ ᠰᠤᠶᠤᠷᠬᠠᠯ ᠬᠤᠶᠠᠭᠤᠯᠠ ᠶᠢᠨ ᠰᠡᠳᠬᠢᠯ ᠲᠤᠲᠤᠷ᠎ᠠ ᠨᠢ ᠲᠦᠮᠡᠨ ᠵᠦᠢᠯ ᠤᠨ | ᠰᠡᠵᠢᠭ ᠡᠷᠡᠭᠡᠯᠵᠡᠭᠡ ᠲᠦᠷᠦᠭᠲᠡᠵᠦ᠂ ᠤᠯᠠᠨ ᠠᠷᠪᠢᠨ ᠡᠭᠡᠳᠡᠷᠡᠭᠡᠨ ᠪᠤᠲᠤᠯᠢᠶᠠᠨ ᠢᠶᠠᠷ ᠲᠦᠭᠦᠷᠦᠭᠡᠳ ᠰᠦᠰᠦᠲᠠᠢ ᠨᠢ ᠡᠷᠬᠢᠯᠡᠭᠴᠢ ᠭᠤᠸᠠᠢ ᠶᠢ ᠡᠷᠢᠵᠤ᠄ ︽ᠪᠠᠰᠠ | ᠶᠠᠭᠠᠬᠢᠴᠢᠪᠠ︖ ᠪᠢ ᠭᠡᠭᠴᠢ ᠤᠯᠤᠰ ᠤᠨ ᠬᠠᠤᠯᠢ ᠲᠦᠷᠢᠮ ᠢ ᠵᠦᠷᠢᠴᠡᠭᠰᠡᠨ ᠦᠭᠡᠢ᠂ ᠠᠵᠢᠯ ᠤᠨ ᠬᠠᠷᠢᠴᠠᠭᠤᠯᠭ᠎ᠠ ᠪᠠᠨ ᠠᠯᠳᠠᠭᠰᠠᠨ ᠦᠭᠡᠢ ᠪᠠᠶᠢᠲᠠᠯ᠎ᠠ ᠡᠶᠢᠮᠦ | ᠲᠤᠮᠤᠬᠠᠨ ᠪᠠᠶᠢᠭᠤᠯᠤᠯᠭ᠎ᠠ ᠴᠦ ᠨᠠᠳᠠ ᠶᠢ ᠪᠠᠭᠳᠠᠭᠠᠵᠤ ᠲᠡᠶᠢᠯᠬᠦ ᠦᠭᠡᠢ ᠪᠤᠯᠤᠭᠠᠳ ᠬᠦᠳᠡᠭᠡ ᠬᠦᠭᠡᠭᠡᠬᠦ ᠭᠡᠵᠤ ᠪᠠᠶᠢᠬᠤ ᠨᠢ ᠡᠨᠡ ᠤᠤ︖︾ ᠬᠡᠮᠡᠨ ᠡᠬᠢ ᠠᠳᠠᠭ | ᠦᠭᠡᠢ ᠤᠯᠠᠨ ᠶᠠᠭᠤᠮ᠎ᠠ ᠶᠠᠷᠢᠵᠤ ᠰᠢᠭᠤᠳ ᠲᠤᠯᠭᠠᠨ ᠠᠰᠠᠭᠤᠪᠠᠯ᠂ ᠠᠯᠪᠠᠨ ᠭᠡᠷ ᠤᠨ ᠡᠷᠬᠢᠯᠡᠭᠴᠢ ᠴᠦ ᠡᠶᠡᠯᠰᠡᠭᠬᠡᠨ ᠴᠢᠷᠠᠶᠢᠯᠠᠵᠤ᠄ ︽ᠵᠠ᠂ ᠠᠬ᠎ᠠ ᠮᠢᠨᠢ᠂ | ᠨᠠᠳᠠᠲᠤ ᠪᠢᠲᠡᠭᠡᠢ ᠠᠭᠤᠷᠯᠠ᠂ ᠨᠠᠳᠠᠲᠤ ᠬᠠᠮᠢᠭ᠎ᠠ ᠠᠴᠠ ᠲᠠᠨ ᠢ ᠤᠨᠲᠤᠤ ᠬᠤᠰᠢᠭᠤᠨ ᠳᠤ ᠠᠵᠢᠯ ᠰᠢᠯᠵᠢᠭᠦᠯᠬᠦ ᠲᠡᠶᠢᠮᠦ ᠶᠡᠭᠡ ᠡᠷᠬᠡ ᠴᠢᠳᠠᠯ ᠪᠠᠶᠢᠬᠤ ᠪᠤᠢ︖ | ᠲᠠ ᠲᠤᠪᠴᠢᠶᠠᠨ ᠲᠠᠷᠤᠭ᠎ᠠ ᠠᠴᠠ ᠠᠰᠠᠭᠤᠵᠤ ᠦᠵᠡ ᠳ᠋ᠡ᠂ ᠭᠡᠬᠦ ᠳᠤ ᠮᠠᠨ ᠤ ᠡᠨᠡ ᠨᠡᠶᠢᠭᠡᠮ ᠠᠬᠤᠢ ᠭᠡᠳᠡᠭ ᠴᠢᠨᠢ ᠦᠨᠡᠨ ᠳᠡᠭᠡᠨ ᠨᠢᠭᠡᠨ ᠲᠤᠮᠤᠬᠠᠨ ᠭᠡᠭᠴᠢ | ᠲᠤᠭᠯᠠᠭᠠᠮ ᠤᠨ ᠲᠠᠯᠠᠪᠤᠷ ᠮᠥᠨ᠂ ᠡᠨᠡᠬᠦ ᠠᠪᠤᠷᠭᠤ ᠲᠤᠮᠤ ᠲᠠᠯᠠᠪᠤᠷ ᠲᠡᠭᠡᠷ᠎ᠡ ᠬᠡᠨ ᠬᠦᠮᠦᠨ ᠠᠷᠭ᠎ᠠ ᠵᠤᠷᠢᠭ ᠢᠶᠠᠷ ᠢᠶᠠᠨ ᠢᠯᠠᠵᠤ ᠴᠢᠳᠠᠪᠠᠯ ᠰᠠᠶ᠋ᠢ ᠵᠢᠩᠭᠢᠨᠢ ᠬᠦᠮᠦᠨ | ᠲᠦᠷᠢᠲᠠᠢ ᠠᠮᠢᠲᠤᠷᠠᠵᠤ ᠲᠡᠶᠢᠯᠤᠨ᠎ᠡ᠂ ᠢᠯᠠᠭᠳᠠᠪᠠᠯ ᠬᠦᠮᠦᠨ ᠪᠠᠶᠢᠭᠰᠠᠨ ᠴᠦ ᠠᠶᠠᠨᠳᠠᠭᠠᠨ ᠴᠢᠳᠭᠦᠷ ᠪᠤᠯᠴᠢᠬᠠᠬᠤ ᠨᠢ ᠲᠡᠷᠡ ᠡ᠃ ᠡᠶᠢᠮᠦ ᠠᠴᠠ ᠬᠠᠷᠢᠨ ᠴᠠᠭ ᠤᠨ | ᠦᠩᠭᠡ ᠶᠢ ᠲᠠᠭᠠᠭᠠᠭᠰᠠᠨ ᠨᠢ ᠬᠤᠯᠠ ᠲᠡᠭᠡᠷ᠎ᠡ ᠁︾ ᠭᠡᠵᠤ ᠤᠴᠢᠷᠲᠠᠶᠢᠬᠠᠨ ᠰᠠᠨᠠᠭᠤᠯᠵᠤ ᠪᠢᠯᠠ᠃ ᠲᠡᠭᠡᠭᠡᠳ ᠯᠠ ᠲᠡᠷᠡ ᠭᠤᠸᠠᠢ ᠠᠷᠭ᠎ᠠ ᠪᠤᠰᠤ ᠲᠤᠪᠴᠢᠶᠠᠨ | ᠲᠠᠷᠤᠭ᠎ᠠ ᠪᠠᠨ ᠡᠷᠢᠵᠤ ᠤᠴᠢᠷ ᠶᠠᠪᠤᠳᠠᠯ ᠢᠶᠠᠨ ᠯᠠᠪᠯᠠᠬᠤ ᠳᠤᠨᠢ ᠲᠠᠷᠤᠭ᠎ᠠ ᠭᠤᠸᠠᠢ ᠶᠡᠭᠡ ᠯᠠ ᠢᠨᠢᠶᠡᠮᠰᠦᠭ ᠴᠢᠷᠠᠢ ᠪᠠᠷ ᠤᠭᠲᠤᠵᠦ᠄ ︽ᠡᠨᠡ ᠴᠢᠨᠢ ᠬᠠᠷᠢᠨ ᠰᠠᠶᠢᠨ | ᠤᠴᠢᠷ ᠪᠢᠰᠢᠤ ᠂ ᠲᠠᠩᠰᠤᠭ ᠪᠠᠶᠠᠯᠢᠭ ᠲᠠᠯ᠎ᠠ ᠨᠤᠲᠤᠭ ᠲᠤ ᠤᠴᠢᠵᠤ ᠠᠵᠢᠯᠯᠠᠬᠤ ᠭᠡᠭᠴᠢ ᠲᠡᠷᠡ ᠴᠤᠬᠤᠮ ᠵᠢᠷᠭᠠᠯ ᠭᠡᠵᠤ ᠮᠡᠳᠡ ᠡ᠂ ᠲᠠ ᠴᠢᠨᠢ ᠲᠢᠩᠬᠢᠮ ᠤᠨ | ᠲᠡᠰ ᠤᠨ ᠪᠠᠶᠢᠭᠤᠯᠤᠯᠭ᠎ᠠ ᠳᠤ ᠠᠵᠢᠯᠯᠠᠵᠤ ᠬᠤᠷᠸ᠎ᠠ ᠶᠢᠨ ᠬᠤᠯᠠ ᠶᠢ ᠦᠵᠡᠵᠦ᠂ ᠬᠤᠳᠠᠯ ᠦᠨᠡᠨ ᠤ ᠤᠬᠠᠭᠠᠨ ᠢ ᠨᠢ ᠤᠯᠳᠠᠭ ᠮᠡᠳᠡᠯᠭᠡ ᠰᠤᠶᠤᠯ ᠲᠠᠢ ᠬᠦᠮᠦᠨ | ᠪᠠᠶᠢᠭᠠᠳ ᠡᠨᠡ ᠶᠤᠰᠤ ᠶᠢ ᠶᠠᠮᠠᠷ ᠮᠡᠳᠡᠬᠦ ᠦᠭᠡᠢ ᠴᠦ ᠪᠢᠰᠢ ᠳ᠋ᠠ ᠁︾ ᠭᠡᠵᠤ ᠪᠢᠳᠡᠭᠦᠬᠡᠨ ᠤᠳᠬ᠎ᠠ ᠲᠠᠢ ᠶᠠᠷᠢᠭᠠᠳ ᠲᠤᠭᠤᠮᠵᠢᠷ ᠦᠭᠡᠶᠢᠬᠡᠨ ᠢᠨᠢᠶᠡᠮᠰᠦᠭᠯᠡᠨ᠎ᠡ | ᠃ ᠬᠠᠭᠠᠰ ᠰᠠᠷ᠎ᠠ ᠶᠢᠨ ᠲᠠᠷᠠᠭ᠎ᠠ ᠰᠦᠰᠦᠲᠠᠢ ᠡᠷᠦᠬᠡ ᠭᠡᠷ ᠢᠶᠠᠨ ᠨᠡᠭᠦᠯᠭᠡᠵᠦ᠂ ᠮᠠᠯᠵᠢᠬᠤ ᠤᠷᠤᠨ ᠳᠠᠭᠠᠨ ᠬᠢᠯᠢ ᠶᠢᠨ ᠰᠤᠮᠤ ᠪᠤᠯᠬᠤ ᠲᠡᠷᠡᠬᠦ ᠮᠠᠯᠵᠢᠬᠤ ᠰᠤᠮᠤᠨ ᠳᠤ | ᠬᠦᠷᠴᠦ ᠨᠡᠷ᠎ᠡ ᠪᠠᠨ ᠮᠡᠳᠡᠭᠦᠯᠵᠦ ᠪᠢᠯᠠ᠃ | ᠰᠤᠮᠤᠨ ᠤ ᠱᠦᠵᠢ ᠨᠠᠷᠭᠢᠯ ᠭᠡᠭᠴᠢ ᠲᠠᠪᠢ ᠭᠠᠷᠤᠢ ᠨᠠᠰᠤᠨ ᠤ ᠬᠠᠨᠠᠭᠠᠷ ᠦᠷᠭᠡᠨ ᠴᠡᠭᠡᠵᠢ ᠲᠠᠢ᠂ ᠬᠦᠷᠡᠩ ᠪᠤᠷᠤ ᠴᠢᠷᠠᠢ ᠲᠠᠢ᠂ ᠴᠢᠭᠢᠷᠠᠭ ᠪᠦᠳᠦᠭᠦᠨ | ᠬᠦᠮᠦᠨ ᠲᠡᠭᠦᠨ ᠲᠠᠢ ᠭᠠᠷ ᠠᠳᠬᠤᠯᠴᠠᠨ᠄ ︽ᠵᠠ᠂ ᠲᠡᠭᠦᠤ ᠮᠢᠨᠢ ᠲᠠᠨ ᠢ ᠪᠠᠶᠠᠷᠯᠠᠨ ᠤᠭᠲᠤᠵᠦ ᠪᠠᠶᠢᠬᠤ ᠪᠠᠨ ᠢᠯᠡᠳᠭᠡᠶ᠎ᠡ᠂ ᠮᠠᠯᠵᠢᠬᠤ ᠰᠤᠶᠤᠯ ᠪᠣᠯ | ᠮᠤᠩᠭᠤᠯᠴᠤᠳ ᠤᠨ ᠤᠤᠭᠠᠯ ᠰᠤᠶᠤᠯ ᠪᠤᠯᠤᠭᠰᠠᠨ ᠤ ᠬᠤᠪᠢ ᠳᠤ᠂ ᠪᠢᠲᠡ ᠲᠡᠭᠦᠨ ᠢ ᠪᠠᠨ ᠤᠯᠠᠮᠵᠢᠯᠠᠨ ᠬᠦᠭᠵᠢᠭᠦᠯᠬᠦ ᠶᠢᠨ ᠲᠦᠯᠦᠭᠡ ᠮᠠᠨ ᠤ ᠰᠤᠮᠤᠨ ᠤ ᠠᠵᠢᠯ | ᠢᠶᠠᠨ ᠬᠠᠮᠲᠤᠪᠠᠷ ᠰᠠᠶᠢᠨ ᠬᠢᠵᠡᠭᠡᠶ᠎ᠡ︾ ᠭᠡᠵᠤ ᠬᠠᠯᠠᠭᠤᠮᠰᠤᠭ ᠢᠶᠠᠷ ᠶᠠᠷᠢᠭᠰᠠᠨ ᠬᠡᠳᠦᠨ ᠦᠭᠡ ᠨᠢ ᠬᠦᠮᠦᠨ ᠤ ᠭᠠᠵᠠᠷ ᠰᠠᠶ᠋ᠢᠬᠠᠨ ᠢᠷᠡᠭᠰᠡᠨ ᠰᠦᠰᠦᠲᠠᠢ ᠳᠤ ᠲᠤᠶᠢᠯ | ᠤᠨ ᠶᠡᠬᠡᠬᠡᠨ ᠵᠤᠷᠢᠭᠵᠢᠭᠤᠯᠤᠯ ᠪᠤᠯᠪᠠ᠃ | ᠰᠤᠮᠤᠨ ᠤ ᠤᠳᠤᠷᠢᠲᠤᠯᠭ᠎ᠠ ᠨᠠᠷ ᠨᠢ ᠲᠡᠭᠦᠨ ᠤ ᠤᠦᠯ ᠳᠠᠭᠠᠨ ᠠᠷᠠᠳ ᠤᠨ ᠶᠠᠪᠤᠳᠠᠯ ᠤᠨ ᠲᠤᠪᠴᠢᠶᠠᠨ ᠳᠤ ᠠᠵᠢᠯᠯᠠᠵᠤ ᠪᠠᠶᠢᠭᠰᠠᠨ ᠵᠡᠷᠭᠡ ᠠᠵᠢᠯ ᠮᠡᠷᠭᠡᠵᠢᠯ | ᠤᠨ ᠠᠪᠢᠶᠠᠰ ᠤᠨᠴᠠᠯᠢᠭ ᠲᠤᠨᠢ ᠲᠤᠬᠢᠷᠠᠭᠤᠯᠤᠨ ᠰᠤᠮᠤᠨ ᠤ ᠠᠷᠠᠳ ᠤᠨ ᠶᠠᠪᠤᠳᠠᠯ ᠤᠨ ᠺᠠᠳ᠋ᠷ ᠪᠤᠯᠭᠠᠵᠤ ︽ᠤᠷᠤᠭ ᠤᠨ ᠪᠠᠲᠤᠯᠠᠪᠤᠷᠢ ︾ ᠂ ︽ᠶᠠᠳᠠᠭᠤ | ᠬᠦᠴᠢᠷᠳᠡᠯ ᠲᠠᠢ ᠡᠷᠦᠬᠡ︾ ᠶᠢᠨ ᠠᠵᠢᠯ ᠵᠡᠷᠭᠡ ᠶᠢ ᠪᠤᠳᠠᠳᠠᠢ ᠪᠠᠷ ᠬᠠᠮᠢᠶᠠᠷᠤᠭᠤᠯᠪᠠ᠃ ᠰᠤᠶᠤᠷᠬᠠᠯ ᠪᠠᠰᠠ ᠬᠦᠤ ᠰᠠᠨᠰᠠᠷ ᠢᠶᠠᠨ ᠰᠤᠮᠤᠨ ᠤ ᠮᠤᠩᠭᠤᠯ | ᠰᠤᠷᠭᠠᠭᠤᠯᠢ ᠳᠤᠨᠢ ᠪᠢᠴᠢᠭ ᠦᠵᠡᠭᠦᠯᠵᠦ ᠡᠬᠡ ᠬᠡᠯᠡ ᠪᠠᠨ ᠰᠤᠷᠭᠠᠬᠤ ᠡᠭᠦᠷᠭᠡ ᠬᠠᠷᠢᠭᠤᠴᠠᠯᠭ᠎ᠠ ᠪᠠᠨ ᠪᠡᠶᠡᠯᠡᠭᠦᠯᠦᠭᠰᠡᠨ ᠪᠠᠶᠢᠯ᠎ᠠ᠃ | ᠡᠨᠡᠬᠦ ᠮᠠᠯᠵᠢᠬᠤ ᠰᠤᠮᠤ ᠨᠢ ᠬᠡᠳᠦᠶᠢᠪᠡᠷ ᠪᠤᠶᠢᠳᠠ ᠪᠦᠭᠯᠡᠭᠦᠤ ᠰᠢᠭ ᠭᠠᠵᠠᠷ ᠪᠤᠯᠪᠠᠴᠤ᠂ ᠠᠳᠡ ᠨᠤᠲᠤᠭ ᠪᠡᠯᠴᠢᠭᠡᠷ ᠠᠭᠤᠳᠠᠮ᠂ ᠠᠭᠤᠯᠠᠷᠬᠠᠭ ᠰᠢᠯᠢᠷᠬᠡᠭ | ᠰᠤᠳᠤᠨ ᠨᠤᠳᠤᠭ ᠪᠠᠶᠢᠵᠦ ᠬᠤᠷ᠎ᠠ ᠪᠤᠷᠤᠭᠠᠨ ᠲᠡᠩᠴᠡᠭᠰᠡᠭᠡᠷ ᠦᠨᠡᠬᠡᠷ ᠴᠦ ᠮᠠᠯ ᠮᠠᠯᠵᠢᠬᠤ ᠳᠤ ᠰᠠᠶᠢᠬᠠᠨ ᠭᠠᠵᠠᠷ ᠪᠠᠶᠢᠯ᠎ᠠ᠃ | ᠡᠷᠭᠢᠯᠳᠦᠬᠦ ᠪᠦᠮᠪᠦᠷᠴᠡᠭ ᠡᠭᠡᠯᠵᠢᠯᠡᠬᠦ ᠤᠯᠠᠷᠢᠯ ᠤᠨ ᠵᠢᠮ᠎ᠡ ᠪᠠᠷ ᠦᠵᠡᠵᠦ ᠪᠠᠶᠢᠲᠠᠯ᠎ᠠ ᠰᠦᠰᠦᠲᠠᠢ ᠰᠤᠶᠤᠷᠬᠠᠯ ᠤᠨ ᠬᠢᠨᠢ ᠡᠨᠡ ᠨᠤᠳᠤᠭ ᠲᠤ ᠠᠷᠪᠠᠨ ᠬᠡᠳᠦᠨ | ᠵᠢᠯ ᠠᠮᠢᠳᠤᠷᠠᠵᠤ᠂ ᠶᠡᠷᠡᠨ ᠭᠤᠷᠪᠠᠨ ᠤᠨ ᠤ ᠵᠤᠨ ᠪᠤᠯᠬᠤ ᠳᠤ ᠰᠠᠨᠰᠡᠷ ᠨᠢ ᠴᠦ ᠦᠨᠳᠦᠷ ᠵᠡᠷᠭᠡ ᠶᠢᠨ ᠲᠤᠮᠳᠠᠳᠤ ᠰᠤᠷᠭᠠᠭᠤᠯᠢ ᠪᠠᠨ ᠲᠡᠭᠦᠰᠭᠡᠭᠡᠳ ᠤᠷᠤᠨ ᠤ | ᠲᠦᠪ ᠲᠤ ᠪᠠᠶᠢᠭ᠎ᠠ ᠨᠢᠭᠡᠨ ᠲᠤᠰᠬᠠᠢ ᠮᠡᠷᠭᠡᠵᠢᠯ ᠤᠨ ᠰᠤᠷᠭᠠᠭᠤᠯᠢ ᠳᠤ ᠰᠢᠯᠭᠠᠨ ᠤᠷᠤᠭᠰᠠᠨ ᠪᠠᠶᠢᠪᠠ᠃ | ᠭᠡᠬᠦ ᠳᠤ ᠬᠦᠮᠦᠨ ᠤ ᠰᠠᠨᠠᠭ᠎ᠠ ᠭᠡᠭᠴᠢ ᠶᠡᠷᠤ ᠠᠴᠠ ᠬᠠᠨᠤᠰᠢ ᠦᠭᠡᠢ ᠶᠢᠨ ᠵᠢᠮ᠎ᠡ ᠪᠠᠷ ᠰᠤᠶᠤᠷᠬᠠᠯ ᠴᠦ ᠮᠥᠨ ᠯᠠ ᠶᠡᠭᠡ ᠯᠠ ᠬᠠᠷᠠᠮᠰᠠᠵᠤ᠄ ︽ᠮᠢᠨᠤ ᠡᠨᠡ | ᠬᠦᠤ ᠭᠡᠭᠴᠢ ᠲᠦᠷᠦᠯᠬᠢ ᠶᠢᠨ ᠴᠤᠪᠤᠭᠤ ᠰᠡᠷᠭᠦᠯᠡᠩ᠂ ᠤᠢ ᠪᠢᠯᠢᠭ ᠰᠠᠶᠢᠲᠠᠢ ᠬᠡᠦᠬᠡᠳ ᠪᠤᠯᠬᠤᠷ ᠬᠡᠷᠪᠡ ᠰᠤᠮᠤᠨ ᠤ ᠰᠤᠷᠭᠠᠭᠤᠯᠢ ᠳᠤ ᠰᠠᠭᠤᠯᠭᠠᠭᠰᠠᠨ ᠦᠭᠡᠢ ᠪᠠᠷ | ᠰᠢᠭᠤᠳ ᠬᠤᠰᠢᠭᠤ ᠪᠤᠶᠦ ᠠᠶᠢᠮᠠᠭ ᠲᠡᠭᠡᠷ᠎ᠡ ᠦᠵᠡᠭᠦᠯᠦᠭᠰᠡᠨ ᠪᠣᠯ ᠯᠠᠪᠲᠠᠢ ᠶᠡᠭᠡ ᠰᠤᠷᠭᠠᠭᠤᠯᠢ ᠶᠢᠨ ᠵᠢᠩᠭᠢᠨᠢ ᠠᠩᠭᠢ ᠶᠢᠨ ᠰᠤᠷᠤᠭᠴᠢ ᠪᠤᠯᠤᠨ᠎ᠠ ᠁︾ ᠭᠡᠵᠤ | ᠠᠭᠤᠯᠵᠠᠭᠰᠠᠨ ᠪᠤᠯᠭᠠᠨ ᠳᠤ ᠮᠠᠵᠤᠤᠯᠠᠨ ᠶᠠᠷᠢᠵᠦ ᠪᠠᠶᠢᠯ᠎ᠠ᠃ | ᠬᠡᠳᠦᠨ ᠵᠢᠯ ᠤᠨ ᠲᠠᠷᠠᠭ᠎ᠠ ᠬᠦᠤ ᠰᠠᠨᠰᠠᠷ ᠨᠢ ᠠᠶᠢᠮᠠᠭ ᠤᠨ ᠲᠦᠪ ᠲᠤ ᠠᠵᠢᠯ ᠬᠤᠪᠢᠶᠠᠭᠳᠠᠨ ᠠᠯᠪᠠᠳᠠᠨ ᠪᠤᠯᠵᠦ ᠠᠶᠢᠯ ᠡᠷᠦᠬᠡ ᠪᠤᠯᠪᠠ᠃ ᠲᠡᠭᠦᠨ ᠤ | ᠲᠠᠷᠠᠭ᠎ᠠ ᠤᠲᠤ ᠠᠴᠠ ᠲᠠᠪᠤᠨ ᠵᠢᠯ ᠤᠨ ᠡᠮᠦᠨ᠎ᠡ ᠰᠦᠰᠦᠲᠠᠢ ᠭᠤᠸᠠᠢ ᠴᠦ ᠠᠵᠢᠯ ᠤᠨ ᠠᠮᠠᠷᠠᠯᠲᠠ ᠪᠠᠨ ᠠᠪᠤᠪᠠ᠃ ᠲᠡᠷᠡ ᠭᠤᠸᠠᠢ ᠮᠢᠨᠢ ᠲᠡᠭᠡᠭᠡᠳ ᠯᠠ ᠰᠡᠳᠭᠢᠯ | ᠲᠠᠭᠠᠷᠠᠭᠰᠠᠨ ᠪᠦᠰᠡᠭᠦᠢ ᠲᠠᠢ᠂ ᠰᠠᠨᠠᠭ᠎ᠠ ᠨᠡᠶᠢᠯᠡᠭᠰᠡᠨ ᠭᠡᠤᠭᠡᠳ ᠲᠠᠢ ᠡᠶᠢᠮᠦ ᠯᠠ ᠨᠢᠭᠡᠨ ᠵᠤᠯ ᠵᠢᠷᠭᠠᠯᠲᠠᠢ ᠭᠡᠷ ᠪᠦᠯᠢ ᠳᠡᠭᠡᠨ ᠲᠠᠭᠠᠲᠠᠢ ᠰᠠᠶᠢᠬᠠᠨ ᠠᠮᠢᠲᠤᠷᠠᠵᠤ | ᠪᠠᠶᠢᠲᠠᠯ᠎ᠠ᠂ ᠭᠠᠢ ᠭᠠᠵᠠᠷ ᠲᠤᠤᠷ᠎ᠠ ᠠᠴᠠ ᠭᠡᠳᠡᠭᠴᠢᠯᠡᠨ ᠮᠠᠭᠤ ᠢᠷᠸ᠎ᠠ ᠶᠢᠨ ᠤᠴᠢᠷ ᠪᠠᠰᠠ ᠭᠡᠨᠡᠳᠲᠡ ᠲᠠᠭᠠᠷᠠᠵᠤ ᠰᠤᠶᠤᠷᠬᠠᠯ ᠰᠠᠮᠠᠭᠠᠨ ᠲᠦᠷᠭᠡᠨ ᠡᠪᠡᠳᠴᠢᠨ ᠢᠶᠠᠷ | ᠲᠠᠯᠢᠢᠭᠴᠢ ᠪᠤᠯᠪᠠ᠃ | ᠦᠯᠡᠳᠡᠭᠰᠡᠨ ᠬᠦᠮᠦᠨ ᠨᠢ ᠦᠩᠭᠡᠷᠡᠭᠰᠡᠨ ᠬᠦᠮᠦᠨ ᠤ ᠬᠤᠶᠢᠨ᠎ᠠ ᠠᠴᠠ ᠦᠬᠦᠵᠦ ᠪᠤᠯᠳᠠᠭ ᠦᠭᠡᠢ ᠶᠢᠨ ᠵᠢᠮ᠎ᠡ ᠪᠠᠷ ᠡᠪᠦᠭᠡᠨ ᠤ ᠬᠦᠤ ᠪᠡᠷᠢ ᠨᠢ ᠠᠪᠤ ᠪᠠᠨ | ᠬᠤᠰᠢᠭᠤᠨ ᠲᠦᠪ ᠲᠤ ᠨᠡᠭᠦᠯᠭᠡᠵᠦ᠂ ᠲᠠᠯᠠᠭᠠᠳ ᠲᠦᠷᠪᠡᠯᠵᠢᠨ ᠮᠧᠲᠷ ᠤᠨ ᠬᠤᠶᠠᠳᠤᠭᠠᠷ ᠲᠠᠪᠬᠤᠷᠯᠢᠭ ᠤᠨ ᠠᠰᠠᠷ ᠬᠤᠳᠠᠯᠳᠤᠨ ᠠᠪᠴᠤ ᠦᠭᠭᠦᠭᠰᠡᠨ ᠪᠠᠶᠢᠵᠠᠢ᠃ | ᠨᠢᠲᠤᠨᠤᠨ ᠴᠠᠭᠠᠨ ᠰᠠᠷ᠎ᠠ ᠬᠦᠤ ᠨᠢ ᠡᠴᠢᠭᠡ ᠳᠡᠭᠡᠨ ᠨᠢᠭᠡ ᠶᠡᠬᠡᠬᠡᠨ ᠨᠢᠭᠤᠷ ᠲᠠᠢ᠂ ᠰᠢᠨ᠎ᠡ ᠮᠠᠶ᠋ᠢᠭ ᠤᠨ ᠭᠠᠷ ᠤᠳᠠᠰᠤ ᠠᠪᠴᠤ ᠦᠭᠭᠦᠭᠰᠡᠨ ᠪᠦᠭᠡᠳ ᠸᠢᠴᠠᠲ | ᠲᠠᠭᠠᠷᠠᠭᠤᠯᠤᠨ᠂ ᠬᠡᠷᠡᠭᠴᠡᠭᠡ ᠴᠢᠳᠠᠮᠵᠢ ᠶᠢ ᠨᠢ ᠪᠦᠷᠢᠨ ᠵᠢᠭᠠᠵᠤ ᠦᠭᠴᠠᠢ᠃ ᠰᠦᠰᠦᠲᠠᠢ ᠭᠤᠸᠠᠢ ᠴᠦ ᠭᠡᠰᠡᠨ ᠪᠢᠴᠢᠭ ᠰᠤᠶᠤᠯ ᠲᠠᠢ ᠮᠦᠷᠳᠡᠬᠡᠨ ᠠᠵᠢᠯ ᠠᠯᠪᠠ | ᠲᠠᠢ ᠶᠠᠪᠤᠭᠰᠠᠨ ᠬᠦᠮᠦᠨ ᠪᠤᠯᠬᠤᠷ ᠰᠢᠨ᠎ᠡ ᠰᠡᠪᠡᠭᠦᠨ ᠶᠠᠭᠤᠮ᠎ᠠ ᠶᠢ ᠰᠤᠷᠬᠤ ᠨᠢ ᠠᠮᠠᠷᠬᠠᠨ ᠪᠠᠶᠢᠵᠦ᠂ ᠲᠡᠮᠡᠢ ᠤᠳᠠᠯ ᠦᠭᠡᠢ ᠸᠢᠴᠠᠲ ᠲᠡᠭᠡᠷ᠎ᠡ ᠪᠠᠨ ︽ᠲᠦᠷᠦᠯ | ᠰᠠᠲᠤᠨ ᠤ ᠴᠤᠭᠯᠠᠷᠠᠯ︾᠂ ︽ᠨᠠᠶᠢᠵᠢ ᠨᠦᠭᠦᠳ ᠤᠨ ᠴᠤᠭᠯᠠᠷᠠᠯ︾᠂ ︽ᠪᠠᠶᠢᠭᠤᠯᠤᠯᠭ᠎ᠠ ᠶᠢᠨ ᠠᠵᠢᠯᠲᠠᠳ ᠤᠨ ᠴᠤᠭᠯᠠᠷᠠᠯ︾ ᠢᠶᠠᠷ ᠡᠳᠦᠷᠵᠢᠨ ᠵᠤᠭᠠᠴᠠᠨ | ᠲᠤᠭᠤᠷᠢᠬᠤ ᠶᠢᠨ ᠬᠠᠮᠲᠤ᠂ ᠰᠦᠯᠵᠢᠶᠡᠨ ᠲᠡᠭᠡᠷ᠎ᠡ ᠠᠴᠠ ᠤᠯᠵᠤ ᠦᠵᠡᠭᠰᠡᠨ ᠰᠢᠨ᠎ᠡ ᠴᠢᠮᠡᠭᠡ᠂ ᠰᠤᠨᠢᠨ ᠰᠤᠨᠤᠰᠬᠠᠯ ᠢᠶᠠᠨ ᠦᠶ᠎ᠡ ᠬᠤᠷᠠᠭ ᠤᠨ ᠡᠪᠦᠭᠡᠳ ᠡᠮᠡᠭᠡᠳ | ᠲᠤ ᠰᠤᠨᠤᠷᠳᠠᠭᠤᠯᠤᠨ ᠭᠠᠶᠢᠬᠠᠭᠤᠯᠳᠠᠭ ᠪᠤᠯᠵᠠᠢ᠃ | ᠭᠡᠬᠦ ᠳᠤ᠂ ᠰᠦᠰᠦᠲᠠᠢ ᠡᠪᠦᠭᠡᠨ᠂ ᠬᠦᠭᠰᠢᠨ ᠢᠶᠠᠨ ᠨᠠᠰᠤ ᠪᠠᠷᠠᠭᠰᠠᠨ ᠠᠴᠠ ᠬᠤᠶᠢᠰᠢ ᠡᠳᠦᠵᠢᠨ ᠭᠠᠭᠴᠠᠭᠠᠷ ᠢᠶᠠᠨ ᠠᠮᠢᠳᠤᠷᠠᠵᠦ ᠲᠤᠶᠢᠯ ᠤᠨ | ᠭᠠᠭᠴᠠᠭᠠᠷᠳᠠᠮᠠᠯ ᠢᠶᠠᠷ ᠰᠢᠷ᠎ᠠ ᠡᠳᠦᠷ ᠪᠤᠷᠤ ᠬᠤᠨᠤᠭ ᠢ ᠤᠶᠢᠳᠬᠠᠷ ᠲᠠᠢ ᠦᠩᠭᠡᠷᠡᠭᠦᠯᠦᠨ ᠰᠦᠨᠢᠵᠢᠨ ᠭᠤᠶ᠎ᠠ ᠪᠠᠨ ᠲᠡᠪᠡᠷᠢᠨ ᠭᠤᠩᠰᠤᠶᠢᠵᠤ ᠤᠨᠳᠠᠬᠤ ᠨᠢ ᠲᠡᠭᠦᠨ | ᠳᠤ ᠶᠠᠮᠠᠷ ᠴᠦ ᠤᠳᠬ᠎ᠠ ᠠᠭᠤᠯᠭ᠎ᠠ ᠦᠭᠡᠢ᠂ ᠠᠮᠳᠠ ᠰᠢᠮᠳᠡ ᠦᠭᠡᠢ ᠰᠠᠨᠠᠭᠳᠠᠪᠠ᠃ ᠲᠡᠷᠡ ᠭᠤᠸᠠᠢ ᠪᠠᠰᠠ ᠶᠠᠭᠠᠬᠢᠯ᠎ᠠ ᠴᠦ ᠭᠡᠰᠡᠨ ᠨᠢᠭᠡ ᠨᠠᠰᠤ ᠨᠠᠮᠪᠠ᠂ ᠠᠵᠤ | ᠠᠮᠢᠳᠤᠷᠠᠯᠭ᠎ᠠ ᠲᠤᠬᠢᠷᠠᠭᠰᠠᠨ ᠬᠠᠨᠢ ᠡᠷᠢᠶ᠎ᠡ ᠭᠡᠵᠤ ᠶᠡᠬᠡᠲᠡ ᠪᠤᠳᠤᠳᠠᠭ ᠪᠤᠯᠪᠠᠴᠤ ᠬᠦᠤ ᠪᠡᠷᠢ ᠠᠴᠠ ᠪᠠᠨ ᠠᠶᠤᠭᠠᠳ ᠬᠡᠯᠡᠬᠦ ᠵᠤᠷᠢᠭ ᠦᠭᠡᠢ ᠪᠠᠶᠢᠯ᠎ᠠ᠃ ᠰᠦᠰᠦᠲᠠᠢ | ᠭᠤᠸᠠᠢ ᠡᠨᠡ ᠲᠡᠷᠡ ᠤᠯᠠᠨ ᠤᠴᠢᠷ ᠢ ᠡᠷᠭᠢᠴᠡᠭᠦᠯᠦᠨ ᠬᠤᠷᠳᠤᠯᠠᠨ ᠠᠯᠬᠤᠭᠰᠠᠭᠠᠷ ᠤᠳᠠᠯ ᠦᠭᠡᠢ ᠭᠡᠷ ᠲᠡᠭᠡᠨ ᠢᠷᠡᠴᠢᠭᠡᠪᠡ᠃ | ᠲᠡᠷᠡ ᠭᠤᠸᠠᠢ ᠨᠢᠲᠤᠨ ᠰᠢᠯ ᠢᠶᠠᠨ ᠵᠡᠭᠦᠵᠦ ᠦᠨᠦᠬᠢ ᠭᠤᠶᠦ ᠪᠦᠰᠡᠭᠦᠢ ᠶᠢᠨ ᠸᠢᠴᠠᠲ ᠲᠡᠭᠡᠷ᠎ᠡ ᠪᠠᠨ ᠲᠠᠯᠪᠢᠭᠰᠠᠨ ᠰᠡᠭᠦᠳᠡᠷ ᠢ ᠨᠢ ᠪᠠᠶᠢᠨ ᠲᠠᠬᠢᠨ ᠬᠡᠲᠦ | ᠤᠳᠠᠭ᠎ᠠ ᠰᠢᠨᠵᠢᠭᠡᠳ ᠰᠢᠷᠠᠪᠲᠤᠷ ᠮᠠᠷᠢᠶᠠᠯᠢᠭ ᠴᠢᠷᠠᠢ ᠳᠠᠭᠠᠨ ᠪᠠᠬ᠎ᠠ ᠨᠢ ᠬᠠᠨᠤᠭᠰᠠᠨ ᠮᠦᠰᠢᠶᠡᠯ ᠲᠤᠳᠤᠷᠠᠭᠤᠯᠤᠨ ᠰᠡᠳᠭᠢᠯ ᠬᠠᠨᠤᠮᠵᠢᠲᠠᠶᠢᠬᠠᠨ ᠭᠡᠭᠴᠢ ᠪᠠᠷ ᠦᠨᠦᠬᠢ | ︽ᠴᠠᠰᠤ ᠴᠠᠭᠠᠨ ᠭᠦᠩᠵᠦ︾ ᠶᠢᠨ ᠨᠠᠶᠢᠵᠢ ᠪᠤᠯᠬᠤ ᠪᠠᠷ ᠡᠷᠡᠮᠡᠯᠵᠡᠭᠰᠡᠨ ᠢ ᠨᠢ ᠵᠦᠪᠰᠢᠶᠡᠷᠡᠬᠦ ᠴᠢᠳᠠᠮᠵᠢ ᠪᠠᠨ ᠡᠪᠲᠠᠶᠢᠬᠡᠨ ᠭᠡᠭᠴᠢ ᠲᠠᠷᠤᠵᠤ ᠪᠢᠯᠠ᠃ ᠲᠡᠮᠡᠢ ᠨᠢᠭᠡ | ᠮᠢᠨᠦ᠋ᠲ ᠴᠦ ᠪᠤᠯᠤᠯ ᠦᠭᠡᠢ ᠪᠠᠷ ᠬᠠᠷᠢᠭᠤ ᠴᠠᠬᠢᠮ ᠢᠷᠡᠭᠦᠯᠵᠤ᠄ ︽ᠰᠠᠶᠢᠬᠠᠨ ᠪᠦᠬᠦᠨ ᠤ ᠡᠬᠢᠯᠡᠯ ᠰᠢᠨ᠎ᠡ ᠦᠷᠯᠦᠭᠡ ᠪᠠᠶᠢᠳᠠᠭ ᠪᠣᠯ ᠰᠠᠶᠢᠨ ᠢᠶᠠᠷ ᠡᠬᠢᠯᠡᠭᠦᠯᠬᠦ | ᠬᠦᠮᠦᠨ ᠨᠢ ᠲᠠ ᠦᠪᠡᠷ ᠢᠶᠠᠨ ᠪᠠᠶᠢᠳᠠᠭ ᠂ ᠮᠤᠩᠭᠤᠯ ᠠᠬ᠎ᠠ ᠳᠠᠭᠠᠨ ᠦᠷᠯᠦᠭᠡ ᠶᠢᠨ ᠮᠡᠨᠲᠦ ᠬᠦᠷᠭᠡᠶ᠎ᠡ᠂ ᠡᠳᠦᠷ ᠪᠤᠯᠭᠠᠨ ᠠᠵᠠ ᠬᠡᠶᠢᠮᠤᠷᠢ ᠲᠠᠢ ᠪᠤᠯᠬᠤ ᠪᠤᠯᠲᠤᠭᠠᠢ | ︾ ᠭᠡᠬᠦ ᠠᠮᠤᠷ ᠮᠡᠨᠲᠦ ᠶᠢ ᠨᠢ ᠠᠰᠠᠭᠤᠭᠰᠠᠨ ᠴᠠᠬᠢᠮ ᠴᠢᠮᠡᠭᠡ ᠢᠷᠡᠭᠦᠯᠦᠭᠰᠡᠨ ᠪᠠᠶᠢᠪᠠ᠃ ᠡᠷᠡᠴᠤᠤᠯ ᠳᠤ ᠪᠦᠰᠡᠭᠦᠢ ᠬᠦᠮᠦᠨ ᠤ ᠬᠠᠯᠠᠮᠵᠢᠯᠠᠯ ᠶᠡᠭᠡ ᠴᠢᠬᠤᠯᠠ | ᠪᠠᠶᠢᠳᠠᠭ ᠤᠨ ᠵᠢᠮ᠎ᠡ ᠪᠠᠷ ᠡᠪᠦᠭᠡᠨ ᠭᠤᠸᠠᠢ ᠡᠨᠡ ᠬᠡᠳᠦᠬᠡᠨ ᠬᠠᠯᠠᠭᠤᠮᠰᠤᠭ ᠦᠭᠡᠨ ᠳᠤᠨᠢ ᠰᠡᠳᠬᠢᠯ ᠪᠦᠯᠢᠶᠡᠰᠦᠭᠰᠡᠨ ᠢ ᠶᠠᠭᠠᠬᠢᠨ ᠲᠦᠷᠰᠦᠯᠡᠬᠦ ᠠᠵᠠᠢ᠃ ᠲᠡᠷᠡᠬᠡᠨ | ᠵᠠᠭᠤᠷ᠎ᠠ ᠶᠠᠮᠠᠷ ᠨᠢᠭᠡᠨ ᠨᠢᠭᠤᠴᠠ ᠶᠠᠭᠤᠮ᠎ᠠ ᠡᠪᠦᠭᠡᠨ ᠭᠤᠸᠠᠢ ᠶᠢᠨ ᠤᠨᠳᠠᠷᠠᠭᠠᠳ ᠤᠳᠠᠭᠰᠠᠨ ᠲᠠᠴᠢᠶᠠᠯ ᠤᠨ ᠭᠠᠯ ᠢ ᠨᠢ ᠲᠦᠷᠡᠯᠵᠡᠭᠦᠯᠵᠦ᠂ ᠬᠠᠮᠤᠭ ᠪᠡᠶ᠎ᠡ ᠳᠤ ᠨᠢ | ᠭᠠᠯ ᠨᠤᠴᠤᠭᠰᠠᠨ ᠰᠢᠭ᠋ ᠬᠠᠯᠠᠭᠤ ᠤᠷᠭᠢᠪᠠ᠃ ᠰᠦᠰᠦᠲᠠᠢ ᠭᠤᠸᠠᠢ ᠨᠠᠷᠠ ᠰᠢᠭ᠋ ᠴᠢᠷᠠᠶᠢᠯᠠᠵᠤ ᠨᠢᠭᠡ ᠯᠠ ᠰᠠᠶᠢᠬᠠᠨ ᠢᠨᠢᠶᠡᠴᠢᠭᠡᠭᠰᠡᠨ ᠢᠶᠠᠨ᠄ ︽ᠠᠶ᠎ᠠ᠂ ᠡᠨᠡ ᠴᠢᠨᠢ | ᠬᠡᠨ ᠭᠡᠳᠡᠭ ᠪᠤᠢ︖ ᠬᠠᠮᠢᠭᠠᠬᠢ ᠬᠦᠮᠦᠨ ᠪᠤᠯᠴᠢᠬᠠᠪᠠ︖ ᠡᠨᠡ ᠭᠡᠭᠴᠢ ᠯᠠᠪ ᠨᠢᠭᠡᠨ ᠲᠦᠯᠭᠡᠴᠢ ᠪᠠᠭᠰᠢᠲᠠᠨ ᠴᠦ ᠪᠤᠯᠪᠠ ᠤᠤ︖ ᠮᠢᠨᠤ ᠮᠤᠩᠭᠤᠯ ᠬᠦᠮᠦᠨ | ᠭᠡᠳᠡᠭ ᠢ ᠶᠠᠭᠠᠬᠢᠨ ᠮᠡᠳᠡᠭᠰᠡᠨ ᠪᠤᠢ︖ ᠪᠠᠰᠠ ᠬᠦᠨᠳᠦᠯᠡᠯ ᠢᠶᠠᠨ ᠠᠬ᠎ᠠ ᠪᠤᠯᠭᠠᠨ ᠲᠠᠭᠤᠳᠠᠪᠠ᠂ ᠡᠨᠡ ᠶᠤᠰᠤᠲᠠᠢ ᠰᠠᠶᠢᠬᠠᠨ ᠶᠠᠭᠤᠮᠠᠨ ᠳᠤ ᠰᠠᠶᠢᠪᠤᠷ ᠵᠢᠷᠤᠭ᠎ᠠ | ᠭᠡᠭᠴᠢ ᠪᠤᠯᠵᠠᠢ ᠁︾ ᠬᠡᠮᠡᠨᠦᠯᠦ ᠰᠤᠨᠤᠰᠳᠠᠮ᠎ᠠ ᠦᠭᠦᠯᠡᠭᠰᠡᠭᠡᠷ᠄ ︽ᠬᠠᠷᠢᠭᠤ ᠶᠠᠭᠤ ᠬᠡᠯᠡᠬᠦ ᠪᠢᠯᠠ︖︾ ᠭᠡᠵᠤ ᠭᠡᠰᠡᠭ ᠪᠤᠲᠤᠯᠬᠢᠯᠠᠬᠰᠠᠨ ᠢᠶᠠᠨ ᠡᠯᠳᠡᠪ | ᠶᠠᠭᠤᠮ᠎ᠠ ᠶᠠᠷᠢᠵᠤ ᠦᠨᠦᠬᠢ ᠭᠤᠶᠦ ᠪᠦᠰᠡᠭᠦᠢ ᠳᠤ ᠭᠤᠯᠤᠭᠳᠠᠬᠤ ᠠᠴᠠ ᠪᠠᠨ ᠬᠡᠴᠢᠶᠡᠨ ᠡᠪᠲᠡᠶᠢᠬᠡᠨ ᠤᠬᠠᠭᠠᠯᠢᠭ ᠬᠡᠳᠦᠨ ᠦᠭᠡ ᠪᠤᠳᠤᠨ ᠤᠯᠵᠤ᠄ ︽ᠪᠠᠶᠠᠷᠯᠠᠯ᠎ᠠ᠂ | ᠬᠠᠷᠢᠭᠤ ᠮᠡᠨᠳᠤ ᠬᠦᠷᠭᠡᠶ᠎ᠡ᠂ ᠡᠷᠬᠢᠮ ᠲᠡᠭᠦᠤᠲᠠᠢ ᠲᠠᠨ ᠤ ᠶᠢᠰᠤᠨ ᠴᠠᠭᠠᠨ ᠬᠦᠰᠡᠯ ᠴᠢᠨᠢ ᠪᠡᠶᠡᠯᠡᠭᠳᠡᠬᠦ ᠪᠤᠯᠳᠤᠭᠠᠢ ᠁︾ ᠭᠡᠰᠡᠨ ᠬᠠᠷᠢᠭᠤ ᠴᠢᠮᠡᠭᠡ | ᠶᠠᠪᠤᠭᠤᠯᠤᠭᠠᠳ ᠶᠠᠭ ᠯᠠ ᠬᠡᠰᠡᠭ ᠰᠢᠬᠢᠷ ᠤᠯᠵᠤ ᠡᠮᠬᠦᠭᠰᠡᠨ ᠭᠡᠤᠭᠡᠳ ᠰᠢᠭ ᠪᠠᠶᠠᠰᠴᠤ᠄ ︽ᠡᠨᠡ ᠴᠦ ᠶᠤᠰᠤᠲᠠᠢ ᠨᠢᠭᠡᠨ ᠶᠠᠷᠢᠶ᠎ᠠ ᠬᠦᠬᠡᠷᠦᠬᠡ ᠲᠠᠢ᠂ ᠲᠤᠷᠭ᠎ᠠ | ᠲᠤᠷᠲᠤᠩ ᠰᠢᠭ᠋ ᠡᠶᠡᠯᠳᠡᠭ ᠵᠦᠭᠡᠯᠡᠨ ᠵᠠᠩᠲᠠᠢ ᠵᠢᠩᠭᠢᠨᠢ ᠨᠡᠷ᠎ᠡ ᠨᠡᠷᠡᠶᠢᠳᠤᠯ ᠳᠡᠭᠡᠨ ᠲᠤᠬᠢᠷᠠᠭᠰᠠᠨ ᠴᠠᠰᠤ ᠴᠠᠭᠠᠨ ᠭᠦᠩᠵᠦ ᠡ᠂ ᠡᠪᠦᠭᠡᠨ ᠠᠬ᠎ᠠ ᠨᠢ ᠴᠢᠮ᠎ᠠ ᠲᠠᠢ | ᠨᠠᠶᠢᠵᠢ ᠪᠤᠯᠤᠯᠴᠠᠭᠰᠠᠨ ᠳᠠᠭᠠᠨ ᠵᠡᠭᠦᠲᠦ ᠪᠠᠷ ᠢᠶᠠᠨ ᠪᠠᠶᠠᠷᠯᠠᠵᠤ ᠪᠠᠶᠢᠬᠤ ᠪᠢᠰᠢ ᠰᠢᠤ᠂ ᠬᠠᠷᠢᠨ ᠵᠢᠷᠦᠬᠡᠨ ᠤᠭ ᠠᠴᠠ ᠪᠠᠨ ᠤᠮᠤᠭᠰᠢᠨ ᠵᠤᠷᠢᠭᠵᠢᠵᠦ ᠪᠠᠶᠢᠬᠤ ᠨᠢ | ᠡᠨᠡ ᠡ ᠁︾ ᠭᠡᠵᠤ ᠠᠮᠠᠨ ᠳᠠᠭᠠᠨ ᠲᠦᠳᠦᠨᠡᠭᠰᠡᠭᠡᠷ ᠯᠤᠩᠬᠤ ᠲᠠᠢ ᠪᠠᠨ ᠭᠠᠷᠭᠠᠨ ᠬᠡᠮᠨᠡᠵᠦ᠂ ᠬᠤᠨᠳᠠᠭ᠎ᠠ ᠲᠠᠢ ᠠᠷᠢᠬᠢ ᠪᠠᠨ ᠪᠠᠭ᠎ᠠ ᠪᠠᠭ᠎ᠠ ᠪᠠᠷ ᠪᠠᠯᠭᠤᠵᠤ᠂ | ᠠᠶᠠᠭ᠎ᠠ ᠲᠠᠢ ᠴᠠᠢ ᠪᠠᠨ ᠠᠭᠠᠵᠢᠮ ᠠᠭᠠᠵᠢᠮ ᠢᠶᠠᠷ ᠤᠭᠤᠴᠢᠵᠤ ᠰᠠᠭᠤᠬᠤ ᠳᠠᠭᠠᠨ ᠡᠮᠡᠭᠡᠨ ᠠᠴᠠ ᠪᠠᠨ ᠬᠤᠶᠢᠰᠢ ᠡᠬᠡᠨᠠᠷ ᠬᠦᠮᠦᠨ ᠤ ᠬᠠᠶᠢᠷ᠎ᠠ ᠬᠠᠯᠠᠮᠵᠢ ᠶᠢ ᠨᠢᠭᠡ | ᠤᠳᠠᠭ᠎ᠠ ᠴᠦ ᠤᠯᠵᠤ ᠬᠦᠷᠳᠡᠭᠰᠡᠨ ᠦᠭᠡᠢ ᠪᠠᠷ ᠤᠶᠢᠳᠬᠠᠷᠲᠠᠢ ᠭᠠᠭᠴᠠᠭᠠᠷᠳᠠᠮᠠᠯ ᠢᠶᠠᠷ ᠦᠩᠭᠡᠷᠡᠭᠦᠯᠦᠭᠰᠡᠨ ᠡᠲᠦᠷ ᠬᠤᠨᠤᠭ ᠤᠳ ᠨᠢ ᠦᠪᠡᠷ ᠤᠨ ᠡᠷᠬᠡ ᠦᠭᠡᠢ | ᠰᠡᠳᠬᠢᠯ ᠰᠡᠷᠡᠯ ᠤᠨ ᠴᠡᠭᠡᠨ ᠬᠦᠰᠢᠭᠡᠨ ᠳᠤᠨᠢ ᠲᠤᠳᠤᠷᠠᠨ᠎ᠠ᠃ | ᠬᠤᠶᠠᠷ ᠵᠢᠯ ᠤᠨ ᠡᠮᠦᠨᠡᠬᠢ ᠨᠢᠭᠡᠨ ᠡᠳᠦᠷ ᠲᠡᠭᠦᠨ ᠤ ᠰᠠᠶᠢᠨ ᠨᠠᠶᠢᠵᠢ ᠨᠢ ᠪᠤᠯᠬᠤ ᠬᠤᠳᠠᠯᠠ ᠭᠤᠸᠠᠢ ᠦᠪᠡᠷ ᠤᠨ ᠢᠶᠠᠨ ᠬᠤᠯᠠ ᠶᠢᠨ ᠲᠦᠷᠦᠯ ᠪᠤᠯᠬᠤ | ᠲᠤᠳᠤᠶᠢᠯᠠᠢ ᠭᠡᠳᠡᠭ ᠨᠡᠷ᠎ᠡ ᠲᠠᠢ ᠲᠠᠪᠢᠨ ᠭᠤᠷᠪᠠᠲᠠᠢ ᠪᠠᠯᠪᠠᠰᠤᠨ ᠡᠬᠡᠨᠠᠷ ᠢ ᠲᠠᠨᠢᠯᠴᠠᠭᠤᠯᠵᠦ ᠥᠭᠴᠡᠢ᠃ ᠲᠡᠷᠡ ᠭᠤᠸᠠᠢ ᠬᠤᠳᠠᠯᠠ ᠡᠪᠦᠭᠡᠨ ᠤ ᠢᠳᠬᠠᠯᠭ᠎ᠠ | ᠲᠠᠨᠢᠯᠴᠠᠭᠤᠯᠭ᠎ᠠ ᠪᠠᠷ ᠦᠨᠦᠬᠢ ᠲᠤᠳᠤᠶᠢᠯᠠᠢ ᠭᠡᠳᠡᠭ ᠪᠦᠰᠡᠭᠦᠢ ᠲᠠᠢ ᠠᠭᠤᠯᠵᠠᠭᠰᠠᠨ ᠪᠠᠶᠢᠵᠠᠢ᠃ ᠲᠡᠷᠡ ᠪᠦᠰᠡᠭᠦᠢ ᠭᠡᠭᠴᠢ ᠠᠵᠢᠯ ᠠᠮᠢᠳᠤᠷᠠᠯ ᠳᠠᠭᠠᠨ ᠴᠢᠩᠭ᠎ᠠ | ᠨᠢᠮᠪᠠᠢ ᠬᠦᠮᠦᠨ ᠪᠢᠰᠢ ᠮᠦᠷᠲᠡᠬᠡᠨ ᠦᠢᠯᠡ ᠤᠶᠤᠳᠠᠯ ᠳᠠᠭᠠᠨ ᠴᠦ ᠠᠨᠠᠢ ᠬᠦᠮᠦᠨ ᠠᠵᠠᠢ᠃ ᠬᠠᠷᠢᠨ ᠲᠡᠭᠦᠨ ᠲᠠᠢ ᠠᠭᠤᠯᠵᠠᠮᠠᠭᠴᠠ ᠨᠢᠲᠦ ᠬᠦᠮᠦᠰᠭᠡ ᠭᠦᠶᠦᠯᠭᠡᠵᠦ | ᠮᠦᠰᠢᠶᠡᠳᠦ ᠲᠤᠨᠤᠯᠵᠠᠭᠤᠯᠤᠨ ᠨᠢᠭᠡ ᠯᠠ ᠤᠨᠲᠤᠤ ᠴᠢᠷᠠᠶᠢᠯᠠᠬᠤ ᠳᠤᠨᠢ ᠰᠦᠰᠦᠲᠠᠢ ᠭᠤᠸᠠᠢ ᠲᠤᠳᠤᠷ᠎ᠠ ᠪᠠᠨ ᠲᠤᠭᠠᠲᠠᠢ ᠪᠤᠯᠵᠦ᠄ ︽ᠡᠨᠡ ᠪᠦᠰᠡᠭᠦᠢ ᠲᠠᠢ | ᠰᠠᠭᠤᠴᠢᠬᠠᠪᠠᠯ ᠬᠦᠤ ᠪᠡᠷᠢ ᠲᠠᠢ ᠪᠠᠨ ᠮᠠᠭᠤᠳᠠᠯᠴᠠᠵᠤ᠂ ᠬᠠᠮᠤᠭ ᠠᠮᠢᠲᠠᠨ ᠤ ᠡᠯᠡᠭ ᠲᠤᠭᠤᠬᠢ ᠪᠤᠯᠬᠤ ᠨᠢ ᠲᠡᠷᠡ ᠁ ︾ ᠭᠡᠵᠤ ᠪᠡᠶ᠎ᠡ ᠰᠡᠳᠬᠢᠯ ᠢᠶᠠᠨ ᠴᠢᠩᠭ᠎ᠠ | ᠪᠠᠷᠢᠭᠠᠳ ᠤᠶᠢᠷᠠᠳᠴᠤ ᠴᠢᠳᠠᠭᠰᠠᠨ ᠦᠭᠡᠢ ᠪᠠᠶᠢᠯ᠎ᠠ᠂ ᠭᠡᠬᠦ ᠳᠤ᠂ ᠬᠤᠳᠠᠯᠠ ᠡᠪᠦᠭᠡᠨ ᠲᠡᠭᠦᠨ ᠳᠤ ᠠᠷᠭ᠎ᠠ ᠵᠢᠭᠠᠵᠤ᠄ ︽ᠴᠢ ᠬᠡᠮᠡᠭᠴᠢ ᠬᠠᠶᠢᠷ᠎ᠠ ᠪᠠᠷ ᠲᠡᠩᠴᠢ | ᠬᠡᠴᠡᠭᠦᠤ ᠭᠠᠩᠳᠠᠵᠤ ᠪᠠᠶᠢᠮᠤᠢ᠂ ᠴᠢ ᠲᠤᠳᠤᠶᠢᠯᠠᠢ ᠶᠢ ᠡᠬᠡᠨᠡᠷ ᠢᠶᠠᠨ ᠪᠤᠯᠭᠠᠵᠤ ᠤᠷᠤᠭ ᠤᠨ ᠪᠠᠳᠤᠯᠠᠪᠤᠷᠢ ᠪᠠᠨ ᠠᠪᠴᠤ ᠰᠠᠭᠤᠬᠤ ᠦᠭᠡᠢ ᠴᠦ ᠭᠡᠰᠡᠨ ᠲᠦᠷ ᠵᠠᠭᠤᠷ᠎ᠠ | ᠶᠢᠨ ᠠᠪᠠᠭᠠᠢ ᠪᠤᠯᠭᠠᠨ ᠠᠩ ᠳᠤ ᠮᠤᠷᠳᠠᠵᠦ᠂ ᠤᠳᠠᠭ᠎ᠠ ᠪᠦᠷᠢ ᠶᠢᠨ ᠵᠤᠭᠤᠰ ᠢᠶᠠᠨ ᠲᠤᠰᠢᠶᠠᠭᠠᠳ ᠯᠠ ᠭᠠᠩ ᠢᠶᠠᠨ ᠲᠠᠶᠢᠯᠤᠨ᠎ᠠ ᠪᠠ ᠳ᠋ᠠ᠂ ᠦᠪᠡᠷ ᠤᠨ ᠠᠮᠢᠲᠤᠷᠠᠯ | ᠢᠶᠠᠨ ᠪᠠᠰᠠ ᠲᠤᠬᠢᠷᠠᠭᠤᠯᠵᠤ ᠴᠢᠳᠠᠬᠤ ᠦᠭᠡᠢ ᠦᠨᠡᠬᠡᠷ ᠴᠦ ᠪᠢᠳᠠᠭᠤ ᠮᠤᠩᠬᠠᠭ ᠬᠦᠮᠦᠨ ᠡ ᠁︾ ᠬᠡᠮᠡᠨ ᠤᠬᠠᠭᠠᠯᠢᠭ ᠭᠡᠭᠴᠢ ᠰᠠᠨᠠᠭᠤᠯᠬᠤ ᠳᠤᠨᠢ᠂ | ᠰᠦᠰᠦᠲᠠᠢ ᠭᠤᠸᠠᠢ ᠴᠦ ︽ᠭᠤᠤᠯ ᠨᠢ ᠲᠠᠰᠤᠷᠠᠬᠤ ᠦᠭᠡᠢ ᠪᠣᠯ ᠭᠤᠷᠢ ᠨᠢ ᠲᠠᠰᠤᠷᠠᠬᠤ ᠦᠭᠡᠢ︾ ᠭᠡᠳᠡᠭ ᠨᠢ ᠪᠤᠯᠤᠭᠠᠳ ᠵᠠᠷᠯᠢᠭ ᠲᠠᠭᠠᠵᠤ ᠬᠤᠶᠠᠳᠠᠬᠢ ᠤᠳᠠᠭ᠎ᠠ | ᠪᠠᠯᠪᠠᠰᠤᠨ ᠪᠦᠰᠡᠭᠦᠢ ᠲᠤᠳᠤᠶᠢᠯᠠᠢ ᠶᠢ ᠡᠷᠢᠵᠦ ᠤᠴᠢᠭᠰᠠᠨ ᠪᠠᠶᠢᠵᠠᠢ᠃ | ᠡᠪᠦᠭᠡᠨ ᠭᠤᠸᠠᠢ ᠶᠢᠨ ᠭᠠᠭᠴᠠᠭᠠᠷ ᠢᠶᠠᠨ ᠢᠷᠡᠭᠰᠡᠨ ᠢ ᠦᠵᠡᠭᠡᠳ ᠦᠨᠦᠬᠢ ᠲᠤᠳᠤᠶᠢᠯᠠᠢ ᠵᠢᠭᠠᠬᠠᠨ ᠡᠪ ᠦᠭᠡᠶᠢᠷᠡᠬᠦ ᠰᠢᠭ ᠪᠤᠯᠤᠭᠰᠠᠨ ᠪᠤᠯᠪᠠᠴᠤ ᠤᠳᠠᠯ | ᠦᠭᠡᠢ ᠪᠡᠶ᠎ᠡ ᠰᠡᠳᠭᠢᠯ ᠢᠶᠠᠨ ᠲᠤᠭᠳᠠᠭᠠᠨ ᠡᠶᠡᠯᠰᠡᠭᠬᠡᠨ ᠭᠡᠭᠴᠢ ᠢᠨᠢᠶᠡᠮᠰᠦᠭᠯᠡᠭᠰᠡᠭᠡᠷ᠄ ︽ᠵᠠ᠂ ᠶᠠᠭᠠᠬᠢᠪᠠ︖ ᠡᠪᠦᠭᠡᠨ ᠠᠬ᠎ᠠ ᠡᠨᠡ ᠤᠳᠠᠭ᠎ᠠ ᠠᠩ ᠤᠨ ᠦᠨᠦᠷ | ᠰᠢᠩᠰᠢᠯᠡᠭᠡᠳ ᠢᠷᠡᠪᠡ ᠤᠤ ︖ ᠪᠤᠯᠴᠢᠩ ᠰᠢᠷᠪᠤᠰᠦ ᠴᠢᠨᠢ ᠵᠠᠩᠭᠢᠷᠠᠵᠤ ᠪᠠᠶᠢᠨ᠎ᠠ ᠤᠤ︖︾ ᠭᠡᠵᠤ ᠠᠯᠢᠶᠠᠷᠬᠠᠨ ᠦᠭᠦᠯᠡᠬᠦ ᠳᠤᠨᠢ ᠲᠡᠷᠡᠬᠡᠨ ᠵᠠᠭᠤᠷ᠎ᠠ᠂ ᠡᠪᠦᠭᠡᠨ | ᠭᠤᠸᠠᠢ ᠶᠢᠨ ᠤᠨᠳᠠᠷᠠᠭᠠᠳ ᠤᠳᠠᠭᠰᠠᠨ ᠲᠠᠴᠢᠶᠠᠯ ᠤᠨ ᠭᠠᠯ ᠨᠢ ᠲᠦᠷᠡᠯᠵᠡᠵᠦ᠂ ᠬᠠᠮᠤᠭ ᠪᠡᠶ᠎ᠡ ᠨᠢ ᠬᠠᠯᠠᠭᠤ ᠤᠷᠭᠢᠵᠤ᠄ ︽ᠵᠠ᠂ ᠲᠡᠭᠦᠤᠲᠠᠢ ᠮᠢᠨᠢ ᠲᠡᠭᠡᠭᠡᠳ ᠨᠢᠭᠡ | ᠤᠳᠠᠭ᠎ᠠ ᠨᠠᠭᠠᠳᠬᠤ ᠳᠤ ᠬᠡᠳᠦᠢ ᠵᠤᠭᠤᠰ ᠠᠪᠬᠤ ᠪᠤᠢ︖︾ ᠭᠡᠵᠤ ᠢᠴᠢᠵᠤ ᠵᠤᠪᠠᠯ ᠦᠭᠡᠢ ᠰᠢᠯᠤᠭᠤᠬᠠᠨ ᠠᠰᠠᠭᠤᠭᠠᠳ ᠴᠢᠷᠠᠶᠢᠴᠢᠯᠠᠬᠤ ᠳᠤᠨᠢ᠂ ᠦᠨᠦᠬᠢ | ᠲᠤᠳᠤᠶᠢᠯᠠᠢ ᠠᠯᠢᠶᠠᠷᠬᠠᠨ ᠢᠨᠢᠶᠡᠮᠰᠦᠭᠯᠡᠭᠰᠡᠭᠡᠷ᠄ ︽ᠠᠬ᠎ᠠ ᠲᠠᠨ ᠤ ᠰᠠᠨᠠᠭ᠎ᠠ ᠪᠠᠷ ᠬᠡᠳᠦᠢ ᠦᠭᠬᠦ ᠪᠤᠢ︖ ᠮᠢᠨᠤ ᠡᠨᠡ ᠨᠠᠰᠤ ᠨᠠᠮᠪᠠ᠂ ᠪᠡᠶ᠎ᠡ ᠭᠠᠯᠪᠢᠷ ᠢᠶᠠᠷ ᠲᠠᠨ ᠢ | ᠯᠠᠪᠲᠠᠢ ᠰᠠᠶᠢᠬᠠᠨ ᠪᠠᠶᠠᠷᠯᠠᠭᠤᠯᠵᠦ ᠲᠡᠶᠢᠯᠦᠨ᠎ᠡ ᠰᠢᠤ᠂ ᠭᠡᠪᠡᠴᠦ ᠲᠠ ᠵᠤᠭᠤᠰ ᠮᠦᠩᠭᠦ ᠪᠠᠨ ᠲᠤᠭ᠎ᠠ ᠶᠤᠰᠤᠭᠠᠷ ᠨᠢ ᠦᠭᠭᠦᠨ᠎ᠡ ᠪᠠ ᠳ᠋ᠠ︖︾ ᠬᠡᠮᠡᠨ ᠵᠦᠪᠰᠢᠶᠡᠷᠡᠯ | ᠭᠤᠷᠢᠳᠠᠭᠰᠠᠨ ᠵᠦᠭᠡᠯᠡᠨ ᠬᠠᠷᠠᠴᠠ ᠪᠠᠷ ᠡᠪᠦᠭᠡᠨ ᠢ ᠰᠢᠷᠲᠡᠬᠦ ᠳᠤ᠂ ᠡᠪᠦᠭᠡᠨ ᠭᠤᠸᠠᠢ ᠶᠡᠭᠡ ᠯᠠ ᠰᠢᠢᠳᠮᠡᠭᠡᠢ ᠪᠠᠷ ︽ᠵᠠ᠂ ᠢᠩᠭᠢᠶ᠎ᠡ᠂ ᠡᠮᠦᠨ᠎ᠡ ᠵᠡᠭᠡᠯᠢ ᠶᠢᠨ | ᠪᠠᠭᠤᠳᠠᠯ ᠨᠤᠭᠤᠳ ᠤᠨ ᠠᠪᠠᠭ᠋ᠠᠢ ᠪᠣᠯ ᠨᠢᠭᠡ ᠤᠳᠠᠭ᠎ᠠ ᠳᠤ ᠬᠤᠷᠢᠭᠠᠳ ᠯᠠ ᠲᠦᠭᠦᠷᠢᠭ ᠪᠠᠶᠢᠳᠠᠭ ᠶᠤᠮ᠂ ᠭᠡᠬᠦ ᠳᠤ᠂ ᠪᠢ ᠲᠡᠭᠦᠤᠲᠠᠢ ᠲᠠᠨ ᠳᠤ ᠲᠠᠪᠢᠨ | ᠲᠦᠭᠦᠷᠢᠭ ᠦᠭᠭᠦᠶ᠎ᠡ ᠳ᠋ᠡ ᠁︾ ᠭᠡᠵᠤ ᠤᠮᠤᠭᠲᠠᠶᠢᠬᠠᠨ ᠭᠡᠭᠴᠢ ᠦᠭᠦᠯᠡᠬᠦ ᠳᠤ ᠨᠢ᠂ ᠲᠡᠷᠡ ᠪᠦᠰᠡᠭᠦᠢ ᠶᠢᠨ ᠴᠢᠷᠠᠢ ᠳᠤᠨᠢ ᠢᠯᠡᠷᠬᠡᠢ ᠲᠤᠷ᠎ᠠ ᠦᠭᠡᠶᠢᠴᠡᠭᠰᠡᠨ | ᠪᠠᠶᠢᠳᠠᠯ ᠢᠯᠡᠷᠡᠵᠦ᠂ ᠡᠪᠦᠭᠡᠨ ᠢ ᠬᠠᠷᠠᠮᠴᠢ ᠭᠡᠵᠤ ᠬᠠᠵᠠᠭᠠᠢ ᠦᠵᠡᠵᠦ ᠬᠦᠢᠲᠡᠨ ᠴᠢᠷᠠᠶᠢᠯᠠᠭᠰᠠᠭᠠᠷ᠄ ︽ᠲᠡᠭᠡᠪᠡᠯ ᠲᠠ ᠲᠡᠳᠡᠭᠡᠷ ᠶᠠᠩᠬᠠᠨ ᠶᠢᠨ ᠡᠷᠢᠬᠦ ᠪᠠᠷ ᠶᠠᠪᠤ ᠳ᠋ᠠ᠂ | ᠮᠢᠨᠦ ᠠᠳᠡ ᠠᠳᠠᠭ ᠪᠠᠭ᠎ᠠ ᠳᠠᠭᠠᠨ ᠭᠤᠷᠪᠠᠨ ᠵᠠᠭᠤᠨ ᠲᠦᠭᠦᠷᠢᠭ ᠡ᠂ ᠦᠨᠡᠨ ᠢᠶᠠᠨ ᠬᠡᠯᠡᠬᠦ ᠳᠤ ᠪᠢ ᠪᠠᠰᠠ ᠦᠨᠦᠷ ᠢᠶᠠᠨ ᠮᠡᠳᠡᠬᠦ ᠪᠠᠨ ᠪᠤᠯᠢᠭᠰᠠᠨ ᠬᠦᠭᠰᠢᠨ ᠪᠤᠬ᠎ᠠ | ᠰᠢᠭ᠋ ᠠᠮᠢᠳᠠᠨ ᠳᠤ ᠲᠤᠷ᠎ᠠ ᠦᠭᠡᠢ ᠡ ᠁︾ ᠭᠡᠵᠤ ᠬᠦᠢᠲᠡᠨ ᠠᠶᠠᠯᠭᠤ ᠪᠠᠷ ᠭᠤᠶᠠᠳᠠᠵᠤ᠂ ᠬᠠᠳᠠᠭᠤ ᠦᠭᠡ ᠪᠠᠷ ᠲᠠᠰᠢᠭᠤᠷᠳᠠᠪᠠ᠃ ᠲᠡᠭᠡᠭᠡᠳ ᠯᠠ ᠡᠪᠦᠭᠡᠨ | ᠭᠤᠸᠠᠢ ᠶᠢᠨ ᠵᠦᠢ ᠶᠤᠰᠤᠨ ᠤ ᠵᠢᠷᠭᠠᠯ ᠭᠤᠷᠢᠳᠠᠯ ᠨᠢ ᠡᠨᠡ ᠤᠳᠠᠭ᠎ᠠ ᠬᠦᠭᠡᠰᠤ ᠪᠤᠯᠤᠨ ᠵᠠᠮᠬᠠᠷᠠᠪᠠ᠃ | ᠨᠢᠲᠤᠨᠤᠨ ᠤ ᠴᠠᠭᠠᠨ ᠰᠠᠷ᠎ᠠ ᠠᠴᠠ ᠡᠮᠦᠨᠡᠬᠡᠨ ᠪᠠᠶᠢᠵᠦ ᠪᠢᠯᠠ᠃ ᠲᠡᠭᠦᠨ ᠤ ᠯᠠᠪᠠᠢ ᠭᠡᠳᠡᠭ ᠨᠠᠶᠢᠵᠢ ᠨᠢ ᠲᠡᠳᠡᠨ ᠤ ᠳᠤ ᠲᠤᠭᠤᠷᠢᠬᠤ ᠪᠠᠷ ᠢᠷᠡᠭᠡᠳ ᠬᠤᠶᠠᠷ | ᠡᠪᠦᠭᠡᠨ ᠠᠷᠢᠬᠢ ᠤᠤᠭᠤᠵᠤ ᠵᠤᠭᠤᠭ ᠲᠠᠭᠠᠷᠠᠭᠠᠳ ᠯᠠᠪᠠᠢ ᠭᠤᠸᠠᠢ ᠬᠠᠯᠠᠰᠠᠭᠤ ᠪᠠᠷ ᠢᠶᠠᠨ᠄ ︽ᠬᠦᠶ᠋ᠢ᠂ ᠪᠢ ᠴᠢᠨᠢ ᠨᠢᠭᠡᠨ ᠪᠠᠭᠤᠳᠠᠯ ᠳᠤ ᠮᠠᠨᠠᠭᠠᠴᠢ ᠶᠢᠨ ᠠᠵᠢᠯ ᠢ | ᠬᠢᠵᠦ ᠪᠠᠶᠢᠨ᠎ᠠ ᠰᠢᠤ᠂ ᠮᠠᠨ ᠤ ᠲᠡᠨᠳᠡ ᠠᠩ ᠳᠤ ᠮᠤᠷᠳᠠᠵᠦ ᠪᠤᠯᠳᠠᠭ ᠰᠢᠤ᠂ ᠪᠠᠷᠠᠳᠠᠵᠤ ᠬᠤᠨᠤᠬᠤ ᠲᠡᠳᠡᠭᠡᠷ ᠡᠮᠡᠭᠲᠠᠢ ᠨᠢ ᠭᠤᠶᠦ ᠭᠡᠭᠡᠨᠴᠢᠷ ᠮᠦᠷᠳᠡᠬᠡᠨ ᠵᠠᠯᠠᠭᠤᠬᠠᠨ | ᠲᠦᠷᠢᠲᠠᠢ ᠁︾ ᠭᠡᠵᠤ ᠦᠵᠡᠵᠦ ᠰᠤᠨᠤᠰᠤᠭᠰᠠᠨ ᠢᠶᠠᠨ ᠦᠩᠭᠡ ᠪᠤᠳᠤᠭ ᠲᠠᠢ᠂ ᠦᠭᠡ ᠲᠠᠭᠤ ᠲᠠᠢ ᠪᠤᠯᠭᠠᠨ ᠰᠠᠶᠢᠬᠠᠨ ᠶᠠᠷᠢᠬᠤ ᠳᠤ ᠨᠢ ᠰᠤᠨᠤᠰᠴᠤ | ᠰᠠᠭᠤᠭᠰᠠᠨ ᠰᠦᠰᠦᠲᠠᠢ ᠭᠤᠸᠠᠢ ᠶᠢᠨ ᠪᠦᠬᠦ ᠪᠡᠶ᠎ᠡ ᠶᠢᠨ ᠮᠡᠳᠡᠷᠡᠯ ᠤᠨ ᠡᠰ ᠪᠦᠬᠦᠨ ᠨᠢ ᠶᠠᠮᠠᠷ ᠨᠢᠭᠡᠨ ᠶᠠᠭᠤᠮᠠᠨ ᠳᠤ ᠬᠦᠨᠳᠡᠭᠳᠡᠵᠦ᠂ ᠬᠠᠮᠤᠭ ᠪᠡᠶ᠎ᠡ ᠨᠢ | ᠨᠢᠯᠴᠢᠬᠢᠨᠡᠭᠡᠳ ᠲᠡᠰᠪᠦᠷᠢ ᠠᠯᠳᠠᠨ ᠤᠪᠤᠭᠤᠨᠠᠨᠠ᠃ | ᠮᠠᠷᠭᠠᠰᠢ ᠤᠷᠤᠢ ᠨᠢ ᠵᠡᠭᠡᠯᠢ ᠶᠢᠨ ᠳ᠋ᠧᠩ ᠠᠷᠠᠢ ᠨᠤᠴᠤᠭᠠᠲᠤᠢ ᠦᠶᠡᠰ ᠢᠶᠠᠷ ᠰᠦᠰᠦᠲᠠᠢ ᠭᠤᠸᠠᠢ ᠦᠨᠦᠬᠢ ᠪᠠᠭᠤᠳᠠᠯ ᠳᠤᠨᠢ ᠰᠡᠮᠡᠭᠡᠷᠬᠡᠨ ᠭᠡᠭᠴᠢ ᠬᠦᠷᠬᠦᠶ᠎ᠡ | ᠂ ᠨᠢᠭᠡᠨ ᠡᠭᠦᠳᠡᠴᠢ ᠨᠢᠭᠤᠴᠠᠭᠠᠢ ᠲᠤᠤᠷᠠᠬᠠᠨ ᠲᠠᠭᠤᠨ ᠢᠶᠠᠷ ᠲᠡᠭᠦᠨ ᠢ ᠪᠠᠶᠠᠷᠯᠠᠨ ᠤᠭᠳᠤᠵᠤ᠂ ᠨᠢᠭᠡᠨ ᠵᠢᠵᠢᠭᠬᠡᠨ ᠦᠷᠦᠭᠡᠨ ᠳᠤ ᠤᠳᠤᠷᠢᠲᠤᠨ ᠤᠷᠤᠭᠤᠯᠵᠤ᠂ | ᠭᠤᠶ᠎ᠠ ᠬᠠᠰᠠ ᠪᠠᠨ ᠭᠠᠷᠭᠠᠨ ᠤᠷᠤᠭᠤᠯ ᠠᠮᠠ ᠪᠠᠨ ᠤᠯᠠᠶᠢᠵᠤ ᠪᠢᠯᠲᠠᠶᠢᠲᠠᠯᠠ ᠪᠤᠳᠤᠭᠰᠠᠨ ᠦᠯᠦ ᠲᠠᠨᠢᠬᠤ ᠨᠢᠭᠡᠨ ᠭᠤᠶᠦ ᠠᠪᠠᠭ᠋ᠠᠢ ᠶᠢ ᠲᠠᠭᠤᠳᠠᠨ ᠲᠠᠨᠢᠯᠴᠠᠭᠤᠯᠪᠠ᠃ | ᠦᠨᠦᠬᠢ ᠠᠪᠠᠭ᠋ᠠᠢ ᠤᠷᠢᠲᠠᠪᠡᠷ ᠡᠪᠦᠭᠡᠨ ᠭᠤᠸᠠᠢ ᠳᠤ ᠬᠠᠶᠢᠷ᠎ᠠ ᠶᠢᠨ ᠦᠭᠡ ᠰᠢᠲᠡᠨ᠂ ᠲᠠᠷᠠᠭᠠᠪᠡᠷ ᠨᠢ ᠭᠤᠶ᠎ᠠ ᠬᠠᠰᠠ ᠪᠠᠨ ᠲᠡᠮᠲᠡᠷᠢᠭᠦᠯᠪᠡ᠃ ᠲᠡᠭᠡᠭᠡᠳ ᠯᠠ ᠲᠡᠮᠡᠢ | ᠤᠳᠠᠯ ᠦᠭᠡᠢ ᠬᠦᠳᠡᠯᠦᠩᠭᠦᠢ ᠭᠡᠭᠴᠢ ᠪᠠᠷ ᠨᠦᠷᠢᠨ ᠢᠷᠡᠵᠦ ᠨᠢᠷᠤᠭᠤ ᠬᠤᠨᠲᠤᠯᠠᠢ ᠶᠢ ᠨᠢ ᠢᠯᠢᠵᠤ ᠨᠠᠭᠠᠯᠢᠩᠬᠠᠶᠢᠳᠠᠪᠠ᠃ ᠲᠡᠷᠡᠬᠡᠨ ᠵᠠᠭᠤᠷ᠎ᠠ ᠡᠪᠦᠭᠡᠨ ᠤ ᠠᠮᠢᠨ | ᠭᠠᠵᠠᠷ ᠤᠷᠤᠭᠤ ᠨᠢ ᠨᠢᠭᠡ ᠵᠦᠢᠯ ᠤᠨ ᠬᠤᠷᠢᠭᠯᠠᠭᠳᠠᠰᠢ ᠦᠭᠡᠢ ᠬᠠᠯᠠᠭᠤᠨ ᠤᠷᠤᠰᠬᠠᠯ ᠨᠢᠯᠴᠢᠬᠢᠨᠡᠭᠡᠳ᠂ ᠪᠡᠶ᠎ᠡ ᠰᠡᠳᠬᠢᠯ ᠢᠶᠠᠨ ᠪᠠᠷᠢᠵᠤ ᠴᠢᠳᠠᠯ ᠦᠭᠡᠢ ᠪᠠᠷ | ᠦᠨᠦᠬᠢ ᠠᠪᠠᠭ᠋ᠠᠢ ᠶᠢᠨ ᠨᠡᠮᠡᠭᠦᠨ ᠵᠦᠭᠡᠯᠡᠨ ᠤᠶᠠᠨ ᠬᠠᠷᠢᠮᠠᠬᠠᠢ ᠨᠢᠴᠦᠭᠦᠨ ᠪᠡᠶ᠎ᠡ ᠶᠢ ᠨᠢ ᠴᠢᠩᠭᠠᠬᠠᠨ ᠭᠡᠭᠴᠢ ᠲᠡᠪᠡᠷᠢᠪᠡ᠃ ᠡᠪᠦᠭᠡᠨ ᠭᠤᠸᠠᠢ ᠶᠠᠭᠤ ᠪᠠᠨ ᠴᠦ ᠪᠦᠷ | ᠮᠠᠷᠳᠠᠭᠠᠳ ᠤᠪᠠᠳᠢᠰᠲᠤ ᠭᠠᠯ ᠳᠤ ᠵᠢᠷᠦᠬᠡ ᠨᠢ ᠨᠢᠯᠴᠢᠬᠢᠨᠡᠨ᠂ ᠡᠷᠢᠶᠡᠯᠵᠡᠬᠦ ᠦᠩᠭᠡᠨ ᠳᠤ ᠬᠠᠷᠠᠭ᠎ᠠ ᠨᠢ ᠪᠠᠯᠠᠷᠠᠭᠰᠠᠨ ᠪᠠᠶᠢᠪᠠ᠃ ︽ᠮᠤᠭᠠᠢ ᠠᠷᠪᠢᠨ ᠶᠠᠪᠤᠪᠠᠯ | ᠮᠤᠰᠢᠭᠠᠢ ᠪᠠᠨ ᠮᠡᠳᠡᠭᠳᠡᠨ᠎ᠡ︾ ᠭᠡᠳᠡᠭ ᠶᠤᠰᠤ ᠶᠢ ᠡᠪᠦᠭᠡᠨ ᠭᠤᠸᠠᠢ ᠰᠠᠶᠢᠨ ᠮᠡᠳᠡᠳᠡᠭ ᠤᠨ ᠤᠴᠢᠷ ᠬᠠᠷ᠎ᠠ ᠭᠡᠷ ᠤᠨ ᠬᠠᠳᠠᠭᠠᠰᠤ᠂ ᠬᠠᠮᠤᠭ ᠠᠮᠢᠲᠠᠨ ᠤ ᠡᠯᠡᠭ | ᠪᠤᠯᠬᠤ ᠠᠴᠠ ᠬᠡᠴᠢᠶᠡᠵᠦ ᠡᠨᠡ ᠭᠠᠵᠠᠷ ᠲᠠᠬᠢᠵᠤ ᠢᠷᠡᠭᠰᠡᠨ ᠦᠭᠡᠢ ᠪᠣᠯᠣᠢ᠃ | ᠰᠦᠰᠦᠲᠠᠢ ᠭᠤᠸᠠᠢ ᠦᠩᠭᠡᠷᠡᠭᠰᠡᠨ ᠤᠴᠢᠷ ᠶᠠᠪᠤᠳᠠᠯ ᠤᠳ ᠢᠶᠠᠨ ᠡᠷᠭᠢᠴᠡᠭᠦᠯᠵᠦ᠂ ᠪᠠᠯᠭᠤᠭᠰᠠᠨ ᠠᠷᠢᠬᠢᠨ ᠳᠠᠭᠠᠨ ᠪᠡᠶ᠎ᠡ ᠨᠢ ᠲᠠᠯᠪᠢᠭᠤᠷᠠᠭᠠᠳ ᠨᠢᠭᠡ | ᠮᠡᠳᠡᠬᠦᠶ᠎ᠡ ᠠᠮᠳᠠᠲᠦ ᠵᠡᠭᠦᠳᠦᠨ ᠳᠡᠭᠡᠨ ᠰᠤᠭᠲᠤᠭᠤᠷᠠᠵᠦ ᠪᠠᠶᠢᠯ᠎ᠠ᠃ ᠦᠳᠡ ᠶᠢᠨ ᠬᠤᠶᠢᠨᠠᠬᠢ ᠭᠤᠷᠪᠠᠨ ᠴᠠᠭ ᠤᠨ ᠦᠶ᠎ᠡ ᠪᠠᠷ ᠡᠪᠦᠭᠡᠨ ᠭᠤᠸᠠᠢ ᠰᠡᠷᠢᠭᠡᠳ ᠄ ︽ | ᠠᠶ᠎ᠠ ᠂ ᠪᠢ ᠴᠢᠨᠢ ᠵᠡᠭᠦᠳᠦᠯᠡᠴᠢᠭᠡᠪᠡ ᠤᠤ︖ ᠶᠠᠭᠤᠨᠠᠢ ᠨᠢᠭᠡᠨ ᠭᠤᠶᠤ ᠪᠦᠰᠡᠭᠦᠢ ᠨᠠᠳᠠ ᠲᠠᠢ ᠸᠢᠴᠠᠲ ᠶᠢᠨ ᠨᠠᠶᠢᠵᠢ ᠪᠤᠯᠬᠤ ᠭᠡᠪᠡ ᠤᠤ︖︾ ᠭᠡᠵᠤ | ᠲᠦᠳᠦᠨᠡᠭᠰᠡᠭᠡᠷ ᠵᠡᠭᠦᠲᠦ ᠵᠡᠭᠦᠷᠮᠡᠭ ᠢᠶᠠᠷ ᠢᠶᠠᠨ ᠦᠨᠦᠬᠢ ᠭᠠᠷ ᠤᠳᠠᠰᠤ ᠪᠠᠨ ᠨᠡᠭᠡᠭᠡᠵᠦ ᠦᠵᠡᠬᠦᠶ᠎ᠡ᠂ ᠴᠠᠰᠤ ᠴᠠᠭᠠᠨ ᠭᠦᠩᠵᠦ ᠨᠢ ᠤᠯᠠᠨ ᠵᠤᠷᠪᠤᠰ ᠦᠭᠡ | ᠢᠷᠡᠭᠦᠯᠦᠭᠰᠡᠨ ᠪᠠᠶᠢᠪᠠ᠃ | ᠰᠦᠰᠦᠲᠠᠢ ᠭᠤᠸᠠᠢ ᠶᠢᠨ ᠵᠢᠷᠦᠬᠡ ᠨᠢ ᠤᠪᠤᠯᠵᠠᠨ ᠪᠠᠶᠠᠷᠯᠠᠵᠤ ᠬᠦᠯ ᠭᠠᠷ ᠨᠢ ᠬᠦᠩᠭᠡᠷᠡᠭᠡᠳ ᠬᠤᠷᠳᠤᠬᠠᠨ ᠭᠡᠭᠴᠢ ᠴᠢᠬᠢᠨ ᠳᠡᠭᠡᠨ ᠨᠠᠭᠠᠯᠳᠤᠭᠤᠯᠤᠨ | ᠴᠢᠩᠨᠠᠬᠤᠶᠠ᠂ ᠲᠡᠷᠡ ᠪᠦᠰᠡᠭᠦᠢ ᠬᠤᠩᠬᠤ ᠰᠢᠭ᠋ ᠲᠤᠩᠭᠠᠯᠠᠭ ᠲᠠᠩᠬᠢᠨᠠᠭᠰᠠᠨ ᠨᠠᠷᠢᠬᠠᠨ ᠲᠠᠭᠤᠨ ᠢᠶᠠᠷ ᠶᠠᠭᠤᠨ ᠤ ᠡᠮᠦᠨ᠎ᠡ ᠮᠤᠩᠭᠤᠯ ᠠᠬ᠎ᠠ ᠲᠠᠢ ᠸᠢᠴᠠᠲ ᠤᠨ | ᠨᠠᠶᠢᠵᠢ ᠪᠤᠯᠤᠭᠰᠠᠨ ᠳᠠᠭᠠᠨ ᠴᠢᠩ ᠰᠡᠳᠭᠢᠯ ᠠᠴᠠ ᠪᠠᠨ ᠤᠮᠤᠭᠰᠢᠨ ᠪᠠᠶᠠᠷᠯᠠᠵᠤ ᠪᠠᠶᠢᠬᠤ ᠪᠠᠨ ᠢᠯᠡᠳᠭᠡᠵᠦ᠂ ᠡᠪᠦᠭᠡᠨ ᠤ ᠸᠢᠴᠠᠲ ᠶᠢ ᠬᠡᠷᠬᠢᠨ ᠤᠯᠤᠭᠰᠠᠨ ᠲᠤᠬᠠᠢ | ᠨᠠᠷᠢᠨ ᠲᠠᠶᠢᠯᠪᠤᠷᠢᠯᠠᠬᠤ ᠳᠠᠭᠠᠨ᠄ ︽ᠪᠢ ᠪᠣᠯ ᠬᠡᠵᠢᠶᠡᠨ ᠠᠴᠠ ᠮᠤᠩᠭᠤᠯ ᠬᠦᠮᠦᠨ ᠢ ᠰᠢᠳᠦᠳᠡᠭ ᠪᠤᠯᠬᠤᠷ ᠲᠠᠨ ᠤ ᠠᠶᠢᠮᠠᠭ ᠲᠡᠭᠡᠷ᠎ᠡ ᠠᠯᠪᠠᠳᠠᠨ ᠢᠶᠠᠷ ᠪᠠᠶᠢᠭ᠎ᠠ ᠮᠢᠨᠤ | ᠨᠢᠭᠡᠨ ᠰᠠᠶᠢᠨ ᠨᠠᠶᠢᠵᠢ ᠠᠴᠠ ᠠᠬ᠎ᠠ ᠲᠠᠨ ᠢ ᠬᠠᠶᠢᠷ᠎ᠠ ᠨᠠᠶᠢᠷ᠂ ᠵᠢᠷᠤᠮ ᠴᠢᠭᠡᠴᠢ᠂ ᠵᠤᠷᠢᠭ ᠵᠢᠷᠦᠬᠡ ᠂ ᠵᠢᠳᠭᠦᠯ ᠬᠠᠨᠳᠢᠪ ᠲᠠᠢ ᠶᠤᠰᠤᠲᠠᠢ ᠨᠢᠭᠡᠨ ᠬᠠᠰᠠᠷ | ᠤᠭᠰᠠᠭᠠᠨ ᠤ ᠬᠠᠳᠠᠨ ᠰᠢᠯᠢᠳᠡᠭ ᠮᠤᠩᠭᠤᠯ ᠬᠦᠮᠦᠨ ᠭᠡᠵᠤ ᠮᠠᠭᠳᠠᠨ ᠲᠠᠨᠢᠯᠴᠠᠭᠤᠯᠤᠭᠰᠠᠨ ᠲᠡᠷᠡ ᠴᠠᠭ ᠠᠴᠠ ᠪᠢ ᠶᠡᠭᠡ ᠯᠠ ᠪᠢᠰᠢᠷᠡᠭᠡᠳ ᠲᠠᠨ ᠤ ᠠᠰ ᠤᠨ | ᠤᠳᠠᠰᠤ ᠶᠢ ᠴᠢᠨᠢ ᠵᠠᠯᠭᠠᠬᠤ ᠶᠢ ᠶᠡᠬᠡᠳᠡ ᠰᠠᠨᠠᠭᠰᠠᠨ ᠰᠢᠤ᠂ ᠭᠡᠬᠦ ᠳᠤ᠂ ᠲᠠᠨ ᠢ ᠵᠦᠪᠰᠢᠶᠡᠷᠡᠬᠦ ᠦᠭᠡᠢ ᠠᠴᠠ ᠤᠨᠴᠠᠭᠠᠢ ᠠᠶᠤᠭᠰᠠᠨ ᠡ᠂ ᠲᠠᠨ ᠲᠠᠢ ᠸᠢᠴᠠᠲ | ᠨᠡᠪᠲᠡᠷᠡᠭᠰᠡᠨ ᠢᠶᠠᠨ ᠪᠢ ᠶᠤᠰᠤᠲᠠᠢ ᠵᠡᠭᠦᠳᠦᠨ ᠳᠤ ᠤᠷᠤᠮ᠎ᠠ ᠦᠭᠡᠢ ᠭᠠᠶᠢᠬᠠᠮᠰᠢᠭ ᠭᠡᠵᠤ ᠪᠠᠶᠠᠷᠯᠠᠨ ᠵᠤᠷᠢᠭᠵᠢᠵᠦ ᠨᠠᠳᠠᠳᠤ ᠬᠠᠮᠤᠭ ᠤᠨ ᠶᠡᠭᠡ ᠵᠤᠯ ᠵᠢᠷᠭᠠᠯ ᠪᠠ | ᠤᠮᠤᠭᠰᠢᠯ ᠪᠠᠶᠠᠰᠤᠯ ᠪᠤᠯᠬᠤ ᠨᠢ ᠶᠠᠷᠢᠶᠠᠨ ᠦᠭᠡᠢ︾ ᠭᠡᠵᠤ ᠴᠢᠬᠢᠨ ᠳᠤᠨᠢ ᠠᠶᠠᠲᠠᠢ ᠰᠠᠶᠢᠬᠠᠨ ᠦᠭᠡᠰ ᠢᠶᠠᠷ ᠡᠪᠦᠭᠡᠨ ᠢ ᠬᠦᠭᠡᠷᠦᠭᠦᠯᠵᠦ ᠪᠠᠶᠢᠯ᠎ᠠ᠃ | ︽ᠡᠷ᠎ᠡ ᠬᠦᠮᠦᠨ ᠤᠯᠵᠠᠨ ᠳᠤ᠂ ᠡᠷᠪᠡᠬᠡᠢ ᠵᠤᠯᠠ ᠳᠤ︾ ᠭᠡᠳᠡᠭᠴᠢᠯᠡᠨ ᠡᠪᠦᠭᠡᠨ ᠭᠤᠸᠠᠢ ᠶᠢ ᠠᠷᠢᠬᠢᠨ ᠤ ᠬᠠᠯᠠᠭᠤᠨ ᠪᠠ ᠲᠤᠷᠠᠯᠠᠯ ᠤᠨ ᠬᠦᠴᠦ ᠰᠡᠳᠭᠢᠯ ᠢ | ᠨᠢ ᠭᠡᠳᠡᠭᠡᠯᠡᠵᠦ᠂ ᠪᠡᠶ᠎ᠡ ᠶᠢ ᠨᠢ ᠮᠢᠨᠴᠦᠷᠡᠭᠦᠯᠦᠨ᠂ ᠲᠤᠷ᠎ᠠ ᠪᠤᠯᠢᠶᠠᠮ᠎ᠠ ᠡᠨᠡᠬᠦ ᠭᠤᠶᠦ ᠨᠠᠶᠢᠵᠢ ᠲᠠᠢ ᠪᠠᠨ ᠬᠠᠭᠠᠰ ᠡᠳᠦᠷ ᠬᠠᠨᠳᠠᠯ᠎ᠠ ᠪᠠᠨ ᠶᠠᠷᠢᠯᠴᠠᠵᠠᠢ᠃ | ᠶᠠᠷᠢᠯᠴᠠᠭᠠᠨ ᠤ ᠲᠤᠮᠳᠠ ᠠᠴᠠ ︽ᠴᠠᠰᠤ ᠴᠠᠭᠠᠨ ᠭᠦᠩᠵᠦ︾ ᠨᠢ ᠡᠨᠡ ᠵᠢᠯ ᠲᠦᠴᠢᠨ ᠲᠠᠪᠤᠲᠠᠢ᠂ ᠬᠦᠬᠡᠬᠤᠳᠠ ᠳᠤ ᠰᠠᠭᠤᠳᠠᠭ᠂ ᠤᠦᠯ ᠨᠢ ᠱᠠᠩᠬᠠᠢ ᠶᠢᠨ | ᠨᠡᠷᠡᠲᠠᠢ ᠨᠢᠭᠡᠨ ᠶᠡᠭᠡ ᠰᠤᠷᠭᠠᠭᠤᠯᠢ ᠠᠴᠠ ᠲᠡᠭᠦᠰᠦᠭᠡᠳ ᠨᠠᠨᠵᠢᠩ ᠤᠨ ᠨᠢᠰᠭᠡᠯ ᠤᠨ ᠪᠠᠭᠤᠳᠠᠯ ᠳᠤ ᠠᠵᠢᠯ ᠠᠯᠪᠠ ᠲᠠᠢ ᠪᠠᠶᠢᠪᠠ ᠂ ᠬᠤᠷᠢᠨ ᠲᠤᠯᠤᠭᠠᠲᠠᠢ ᠲᠡᠷᠡ ᠵᠢᠯ | ᠳᠡᠭᠡᠨ ᠬᠦᠬᠡᠬᠤᠳᠠ ᠶᠢᠨ ᠨᠢᠭᠡᠨ ᠪᠠᠶᠠᠨ ᠠᠷᠠᠯᠵᠢᠶᠠᠴᠢᠨ ᠲᠠᠢ ᠲᠠᠨᠢᠯᠴᠠᠭᠠᠳ ᠲᠡᠮᠡᠢ ᠤᠳᠠᠯ ᠦᠭᠡᠢ ᠬᠤᠷᠢᠮᠯᠠᠵᠦ᠂ ᠠᠵᠢᠯ ᠠᠯᠪᠠ ᠪᠠᠨ ᠪᠦᠬᠦᠨ ᠢ ᠬᠠᠶᠠᠭᠠᠳ | ᠬᠦᠬᠡᠬᠤᠳᠠ ᠳᠤ ᠢᠷᠡᠨ ᠨᠤᠲᠤᠭᠯᠠᠵᠤ ᠭᠡᠷ ᠪᠦᠯᠢ ᠶᠢᠨ ᠡᠮᠡᠭᠲᠠᠢ ᠪᠣᠯᠵᠠᠢ᠃ | ᠭᠡᠬᠦ ᠳᠤ᠂ ᠭᠠᠢ ᠭᠠᠵᠠᠷ ᠲᠤᠤᠷ᠎ᠠ ᠠᠴᠠ ᠭᠡᠳᠡᠭᠴᠢᠯᠡᠨ᠂ ᠲᠡᠭᠦᠨ ᠢ ᠭᠤᠴᠢᠨ ᠲᠤᠯᠤᠭᠠᠲᠠᠢ ᠲᠡᠷᠡ ᠵᠢᠯ ᠳᠤᠨᠢ᠂ ᠡᠷ᠎ᠡ ᠨᠦᠬᠦᠷ ᠨᠢ ᠵᠠᠯᠠᠭᠤ ᠨᠠᠰᠤ ᠪᠠᠨ | ᠬᠤᠯᠪᠤᠭᠰᠠᠨ ᠵᠠᠶᠠᠭᠠᠨ ᠤ ᠪᠦᠰᠡᠭᠦᠢ ᠪᠠᠨ ᠬᠠᠶᠠᠭᠠᠳ᠂ ᠤᠶᠤᠳᠠᠨ ᠭᠡᠤᠬᠡᠨ ᠲᠠᠢ ᠬᠦᠯ ᠭᠠᠷ ᠪᠤᠯᠤᠭᠰᠠᠨ ᠢᠶᠠᠷ ᠢᠶᠠᠨ ᠠᠷᠭ᠎ᠠ ᠪᠤᠰᠦ ᠤᠷᠤᠭ ᠰᠠᠯᠵᠦ᠂ ᠠᠰ ᠠᠰ | ᠤᠨ ᠠᠮᠢᠲᠤᠷᠠᠯ ᠤᠨ ᠵᠠᠮ ᠢᠶᠠᠨ ᠬᠦᠭᠡᠭᠡᠭᠰᠡᠨ ᠪᠠᠶᠢᠵᠠᠢ᠃ ᠠᠮᠢᠳᠤᠷᠠᠯ ᠤᠨ ᠵᠠᠮ ᠳᠠᠭᠠᠨ ᠪᠦᠳᠦᠷᠢᠵᠤ ᠶᠠᠪᠤᠭᠰᠠᠨ ᠡᠨᠡ ᠪᠦᠰᠡᠭᠦᠢ ᠡᠳᠡᠭᠡᠷ ᠵᠢᠯ ᠤᠳ ᠲᠤ ᠲᠠᠬᠢᠵᠤ | ᠠᠶᠢᠯ ᠭᠡᠷ ᠪᠤᠯᠤᠭᠰᠠᠨ ᠦᠭᠡᠢ ᠪᠠᠷ ᠭᠠᠭᠴᠠᠭᠠᠷ ᠢᠶᠠᠨ ᠠᠮᠢᠲᠤᠷᠠᠵᠤ ᠪᠠᠶᠢᠬᠤ ᠵᠡᠷᠭᠡ ᠪᠠᠨ ᠰᠦᠰᠦᠲᠠᠢ ᠭᠤᠸᠠᠢ ᠲᠤ ᠤᠶᠠᠷᠠᠩᠭᠤᠢ ᠲᠠᠭᠤᠨ ᠢᠶᠠᠷ ᠲᠤᠭᠠᠴᠢᠭᠰᠠᠨ | ᠪᠠᠶᠢᠵᠠᠢ᠃ | ᠰᠦᠰᠦᠲᠠᠢ ᠭᠤᠸᠠᠢ ᠦᠨᠦᠬᠢ ᠭᠤᠶᠦ ᠪᠦᠰᠡᠭᠦᠢ ᠶᠢᠨ ᠭᠠᠭᠴᠠᠭᠠᠷ ᠢᠶᠠᠨ ᠠᠮᠢᠲᠤᠷᠠᠵᠦ ᠪᠠᠶᠢᠬᠤ ᠶᠢ ᠨᠢ ᠰᠤᠨᠤᠰᠤᠭᠠᠳ ᠰᠡᠳᠭᠢᠯ ᠳᠡᠭᠡᠨ ᠬᠡᠯᠡᠵᠦ ᠭᠠᠷᠤᠰᠢ | ᠦᠭᠡᠢ ᠪᠠᠶᠠᠷ ᠴᠠᠯᠬᠢᠯᠠᠭᠤᠯᠤᠨ᠄ ︽ᠪᠢᠲᠡᠭᠡᠢ ᠵᠤᠪᠠ ᠡ᠂ ᠠᠮᠢᠳᠤᠷᠠᠯ ᠭᠡᠭᠴᠢ ᠶᠡᠷᠤ ᠳᠡᠭᠡᠨ ᠬᠢᠳᠤᠭᠠᠨ ᠤ ᠲᠤᠷᠭᠠᠨ ᠢᠷ ᠲᠡᠭᠡᠭᠦᠷ ᠦᠷᠭᠦᠯᠵᠢᠯᠡᠳᠡᠭ ᠨᠢ ᠡᠩ ᠤᠨ | ᠵᠢᠮ᠎ᠡ ᠶᠤᠰᠦ ᠰᠢᠤ︾ ᠭᠡᠵᠤ ᠲᠠᠶᠢᠳᠬᠤᠷᠠᠭᠤᠯᠤᠨ ᠬᠡᠯᠡᠭᠡᠳ ᠦᠪᠡᠷ ᠤᠨ ᠢᠶᠠᠨ ᠮᠤᠷᠤᠢ ᠰᠠᠷᠤᠢ ᠵᠠᠮ ᠢᠶᠠᠷ ᠨᠤᠭᠤᠷᠠᠯ ᠪᠦᠳᠦᠷᠢᠯ ᠲᠠᠢ ᠠᠶᠠᠯᠠᠭᠰᠠᠨ ᠦᠯᠢᠭᠡᠷ | ᠲᠤᠮᠤᠭ ᠰᠢᠭ᠋ ᠦᠩᠭᠡᠷᠡᠯᠲᠡ ᠪᠠᠨ ᠬᠡᠯᠡᠵᠤ ᠲᠠᠭᠤᠰᠬᠠᠭᠰᠠᠨ ᠪᠠ ᠦᠪᠡᠷ ᠤᠨ ᠭᠠᠭᠴᠠᠭᠠᠷ ᠢᠶᠠᠨ ᠪᠠᠶᠢᠬᠤ ᠵᠢᠴᠢ ᠤᠳᠤᠬᠠᠨ ᠳᠠᠭᠠᠨ ᠲᠤᠶᠢᠯ ᠤᠨ ᠤᠶᠢᠳᠬᠠᠷᠲᠠᠢ | ᠭᠠᠭᠴᠠᠭᠠᠷᠳᠠᠮᠠᠯ ᠪᠠᠶᠢᠬᠤ ᠵᠡᠷᠭᠡ ᠪᠠᠨ ᠶᠡᠷᠦ ᠨᠢᠭᠤᠯ ᠦᠭᠡᠢ ᠬᠡᠯᠡᠵᠦ ᠦᠭᠭᠦᠭᠰᠡᠨ ᠪᠠᠶᠢᠯ᠎ᠠ᠃ | ᠵᠠ᠂ ᠲᠡᠭᠡᠭᠡᠳ ᠯᠠ ᠲᠡᠷᠡ ᠴᠠᠭ ᠠᠴᠠ ᠡᠬᠢᠯᠡᠨ ᠰᠦᠰᠦᠲᠠᠢ ᠭᠤᠸᠠᠢ᠂ ᠴᠠᠰᠤ ᠴᠠᠭᠠᠨ ᠭᠦᠩᠵᠦ ᠬᠤᠶᠠᠭᠤᠯᠠ ᠸᠢᠴᠠᠲ ᠤᠨ ᠠᠮᠠᠷᠠᠭ ᠪᠤᠯᠤᠭᠠᠳ ᠡᠳᠦᠷ | ᠪᠦᠷᠢ ᠴᠠᠭᠢᠮ ᠴᠢᠮᠡᠭᠡ ᠪᠠᠷ ᠠᠮᠤᠷ ᠮᠡᠨᠲᠦ ᠪᠠᠨ ᠠᠰᠠᠭᠤᠯᠴᠠᠨ᠂ ᠰᠡᠳᠭᠢᠯ ᠤᠨ ᠦᠭᠡ ᠪᠠᠨ ᠠᠭᠤᠲᠠᠯᠤᠨ ᠡᠪᠦᠭᠡᠨ ᠭᠤᠸᠠᠢ ᠶᠢᠨ ᠤᠶᠢᠳᠬᠠᠷ ᠭᠤᠨᠢᠭ ᠨᠢ ᠰᠠᠯᠬᠢ | ᠦᠵᠡᠭᠰᠡᠨ ᠡᠭᠦᠯᠡ ᠮᠠᠨᠠᠨ ᠰᠢᠭ᠋ ᠠᠷᠢᠯᠤᠨ ᠵᠠᠮᠬᠠᠷᠠᠵᠠᠢ᠃ ᠡᠶᠢᠮᠦᠷᠬᠦ ᠬᠠᠯᠠᠭᠤᠨ ᠪᠦᠯᠢᠶᠡᠨ ᠮᠦᠷᠳᠡᠬᠡᠨ ᠤᠳᠬ᠎ᠠ ᠠᠭᠤᠯᠭ᠎ᠠ ᠲᠠᠢ ᠠᠮᠢᠳᠤᠷᠠᠯ ᠨᠢ ᠦᠷᠭᠦᠯᠵᠢᠯᠡᠭᠰᠡᠭᠡᠷ | ᠪᠠᠶᠢᠯ᠎ᠠ ᠁ ᠰᠦᠰᠦᠲᠠᠢ ᠭᠤᠸᠠᠢ ᠶᠢᠨ ᠡᠳᠦᠷ ᠤᠨ ᠪᠤᠳᠤᠯ᠂ ᠰᠦᠨᠢ ᠶᠢᠨ ᠵᠡᠭᠦᠳᠦᠨ ᠳᠤ ᠨᠢ ᠦᠨᠦᠬᠢ ᠵᠢᠭᠠᠬᠠᠨ ᠠᠮᠠᠷᠠᠭ ᠨᠢ ᠪᠤᠳᠤᠭᠳᠠᠵᠦ ᠲᠡᠭᠦᠨ ᠲᠠᠢ ᠪᠠᠨ | ᠬᠤᠷᠢᠮᠯᠠᠵᠦ ᠰᠢᠨ᠎ᠡ ᠬᠦᠷᠭᠡᠨ ᠪᠤᠯᠵᠤ ᠪᠠᠶᠢᠨ᠎ᠠ ᠭᠡᠵᠤ ᠵᠡᠭᠦᠲᠦ ᠪᠠᠷ ᠢᠶᠠᠨ ᠭᠦᠶᠦᠨ ᠪᠤᠰᠳᠠᠭ ᠬᠡᠮᠵᠢᠶᠡᠨ ᠲᠤ ᠬᠦᠷᠴᠠᠢ᠃ ᠡᠪᠦᠭᠡᠨ ᠭᠤᠸᠠᠢ ᠡᠳᠦᠷᠵᠢᠨ ᠰᠦᠨᠢᠵᠢᠨ | ᠦᠭᠡᠷ᠎ᠡ ᠶᠠᠭᠤᠮ᠎ᠠ ᠬᠢᠬᠦ ᠦᠭᠡᠢ ᠪᠤᠯᠵᠦ ᠵᠢᠭᠠᠬᠠᠨ ᠠᠮᠠᠷᠠᠭ ᠤᠨ ᠢᠶᠠᠨ ᠬᠤᠩᠬᠤ ᠰᠢᠭ᠋ ᠲᠠᠩᠬᠢᠨᠠᠭᠰᠠᠨ ᠲᠤᠩᠭᠠᠯᠠᠭ ᠮᠦᠷᠳᠡᠬᠡᠨ ᠦᠨᠡᠷᠬᠡᠭᠰᠡᠨ ᠨᠠᠷᠢᠬᠠᠨ ᠲᠠᠭᠤᠨ ᠢ | ᠬᠤᠷᠳᠤᠬᠠᠨ ᠭᠡᠭᠴᠢ ᠤᠯᠵᠦ ᠰᠤᠨᠤᠰᠬᠤ ᠪᠠᠷ ᠶᠠᠭᠠᠷᠠᠨ ᠭᠠᠷ ᠤᠳᠠᠰᠤ ᠪᠠᠨ ᠪᠠᠶᠢᠨ ᠪᠠᠶᠢᠨ ᠬᠠᠷᠠᠳᠠᠭ ᠪᠤᠯᠵᠠᠢ᠃ | ᠬᠠᠭᠠᠰ ᠰᠠᠷ᠎ᠠ ᠶᠢᠨ ᠲᠠᠷᠠᠭᠠᠬᠢ ᠨᠢᠭᠡᠨ ᠦᠷᠯᠦᠭᠡ ᠴᠠᠰᠤ ᠴᠠᠭᠠᠨ ᠭᠦᠩᠵᠦ ᠦᠭᠡ ᠢᠷᠡᠭᠦᠯᠵᠦ᠄ ︽ᠠᠶ᠎ᠠ᠂ ᠬᠠᠶᠢᠷᠠᠳᠤ ᠠᠬ᠎ᠠ ᠮᠢᠨᠢ ᠡ᠂ ᠪᠢ ᠰᠡᠳᠭᠢᠯ | ᠲᠤᠳᠤᠷ᠎ᠠ ᠪᠠᠨ ᠲᠠᠷᠤᠭᠠᠳ ᠤᠳᠠᠭᠰᠠᠨ ᠨᠢᠭᠡ ᠴᠢᠬᠤᠯᠠ ᠤᠴᠢᠷ ᠢᠶᠠᠨ ᠲᠠᠨ ᠳᠠᠭᠠᠨ ᠬᠡᠯᠡᠶ᠎ᠡ ᠭᠡᠳ ᠬᠡᠯᠡᠨ ᠦᠵᠦᠭᠦᠷ ᠲᠤᠯᠤᠭᠠᠳ ᠬᠡᠯᠡᠬᠦ ᠵᠤᠷᠢᠭ ᠦᠭᠡᠢ ᠪᠠᠶᠢᠨ᠎ᠠ | ᠰᠢᠤ᠂ ᠤᠲᠤ ᠶᠠᠭᠠᠬᠢᠳᠠᠭ ᠪᠢᠯᠠ︖︾ ᠭᠡᠵᠤ ᠶᠡᠭᠡ ᠯᠠ ᠢᠴᠢᠮᠡᠳᠡᠭᠡᠢ ᠲᠠᠭᠤᠨ ᠢᠶᠠᠷ ᠡᠷᠬᠡᠯᠡᠨ ᠠᠰᠠᠭᠤᠬᠤ ᠳᠤ ᠨᠢ ᠡᠪᠦᠭᠡᠨ ᠭᠤᠸᠠᠢ᠄ ︽ᠲᠡᠭᠦᠤᠲᠠᠢ ᠮᠢᠨᠢ᠂ | ᠬᠡᠯᠡᠯ ᠳ᠋ᠠ᠂ ᠠᠮᠢᠨᠳᠠᠢ ᠮᠢᠨᠢ ︾ ᠭᠡᠵᠤ ᠰᠢᠯᠤᠭᠤᠬᠠᠨ ᠠᠰᠠᠭᠤᠵᠤ ᠪᠢᠯᠠ᠃ | ᠴᠠᠰᠤ ᠴᠠᠭᠠᠨ ᠭᠦᠩᠵᠦ ᠴᠠᠭᠠᠨ᠎ᠠ ᠠᠴᠠ ᠨᠢ᠄ ︽ᠪᠢ ᠨᠢᠭᠡᠨᠲᠡ ᠲᠠᠨ ᠲᠠᠢ ᠬᠠᠶᠢᠷ᠎ᠠ ᠰᠡᠳᠭᠢᠯ ᠲᠠᠢ ᠪᠤᠯᠴᠢᠬᠠᠯ᠎ᠠ᠂ ᠬᠤᠷᠳᠤᠬᠠᠨ ᠭᠡᠭᠴᠢ ᠬᠤᠷᠢᠮᠯᠠᠬᠤ | ᠰᠠᠨᠠᠭᠠᠲᠠᠢ ᠪᠠᠶᠢᠨ᠎ᠠ᠂ ᠲᠠ ᠵᠦᠪᠰᠢᠶᠡᠷᠡᠨ᠎ᠡ ᠪᠢᠵᠠ︖︾ ᠭᠡᠵᠤ ᠦᠨᠡᠷᠬᠡᠭᠰᠡᠨ ᠨᠠᠷᠢᠬᠠᠨ ᠲᠠᠭᠤᠨ ᠢᠶᠠᠷ ᠠᠰᠠᠭᠤᠬᠤ ᠳᠤ ᠨᠢ᠂ ᠰᠦᠰᠦᠲᠠᠢ ᠭᠤᠸᠠᠢ ᠨᠢᠭᠤᠷ | ᠲᠦᠭᠦᠷᠡᠩ ᠮᠦᠰᠢᠶᠡᠳᠦ ᠲᠤᠭᠯᠠᠭᠤᠯᠤᠨ᠄ ︽ᠵᠠ᠂ ᠵᠠ ᠁ ᠠᠮᠢᠨᠳᠠᠢ ᠮᠢᠨᠢ᠂ ᠠᠮᠠᠷᠠᠭ ᠬᠤᠩᠭᠤᠷ ᠮᠢᠨᠢ᠂ ᠠᠬ᠎ᠠ ᠨᠢ ᠵᠦᠪᠰᠢᠶᠡᠷᠡᠨ᠎ᠡ︾ ᠭᠡᠵᠤ ᠦᠭᠡ ᠤᠨᠠᠭᠠᠯ | ᠦᠭᠡᠢ ᠡᠯᠭᠦᠨ ᠵᠦᠪᠰᠢᠶᠡᠷᠡᠵᠤ ᠪᠠᠶᠢᠯ᠎ᠠ᠃ ᠴᠠᠰᠤ ᠴᠠᠭᠠᠨ ᠭᠦᠩᠵᠦ ᠪᠠᠰᠠ᠄ ︽ᠬᠠᠶᠢᠷᠠᠲᠤ ᠮᠢᠨᠢ᠂ ᠪᠢ ᠴᠢᠮ᠎ᠠ ᠳᠠᠭᠠᠨ ᠬᠡᠯᠡᠮᠡᠷ ᠵᠢᠭᠠᠬᠠᠨ ᠤᠴᠢᠷ ᠪᠠᠶᠢᠨ᠎ᠠ᠂ ᠪᠢ | ᠲᠠᠨ ᠳᠤ ᠬᠡᠯᠡᠭᠰᠡᠨ ᠦᠭᠡᠢ ᠪᠠᠷ ᠭᠠᠭᠴᠠᠭᠠᠷ ᠢᠶᠠᠨ ᠡᠵᠡᠨ ᠮᠡᠳᠡᠭᠡᠳ ᠪᠢᠳᠡ ᠬᠤᠶᠠᠭᠤᠯᠠ ᠶᠢᠨ ᠬᠤᠷᠢᠮᠯᠠᠬᠤ ᠰᠢᠨ᠎ᠡ ᠠᠰᠠᠷ ᠢᠶᠠᠨ ᠴᠦ ᠬᠤᠳᠠᠯᠳᠤᠨ ᠠᠪᠴᠢᠬᠠᠯ᠎ᠠ᠃ | ᠲᠡᠭᠡᠷ᠎ᠡ ᠭᠠᠷᠠᠭ ᠪᠢ ᠸᠠᠨ ᠳ᠋ᠠ ᠬᠤᠳᠠᠯᠳᠤᠭᠠᠨ ᠤ ᠲᠠᠯᠠᠪᠠᠢ ᠶᠢᠨ ᠤᠶᠢᠷᠠᠯᠴᠠᠭ᠎ᠠ ᠶᠢᠤ ᠢ ᠰᠢᠨ᠎ᠡ ᠲᠤᠭᠤᠷᠢᠭ ᠠᠴᠠ ᠪᠡᠯᠡᠨ ᠮᠦᠩᠭᠦ ᠪᠠᠷ ᠨᠢᠭᠡ ᠭᠡᠷ ᠬᠤᠳᠠᠯᠳᠤᠨ | ᠠᠪᠤᠭᠰᠠᠨ ᠡ᠂ ᠲᠡᠭᠡᠭᠰᠡᠨ ᠴᠢᠨᠢ ᠭᠠᠷ ᠲᠠᠬᠢ ᠪᠡᠯᠡᠨ ᠮᠥᠩᠭᠦ ᠵᠢᠭᠠᠬᠠᠨ ᠲᠤᠳᠠᠴᠢᠬᠠᠯᠠ᠂ ᠦᠨᠡᠨ ᠳᠡᠭᠡᠨ ᠮᠢᠨᠦ ᠬᠦᠮᠦᠨ ᠳᠤ ᠵᠢᠭᠡᠯᠡᠵᠦ ᠭᠠᠷᠭᠠᠭᠰᠠᠨ ᠠᠷᠪᠠᠨ | ᠲᠦᠮᠡᠨ ᠲᠦᠭᠦᠷᠢᠭ ᠪᠠᠶᠢᠬᠤ ᠶᠤᠮ᠂ ᠭᠡᠬᠦ ᠳᠤ ᠬᠠᠮᠤᠭ ᠬᠤᠷᠲᠤᠨ ᠳᠠᠭᠠᠨ ᠲᠦᠷᠪᠡ ᠲᠠᠪᠤᠨ ᠬᠤᠨᠤᠭ ᠤᠨ ᠲᠠᠷᠠᠭ᠎ᠠ ᠰᠠᠶ᠋ᠢ ᠨᠠᠳᠠ ᠪᠤᠴᠠᠭᠠᠨ᠎ᠠ ᠭᠡᠨ᠎ᠡ᠃ ᠲᠡᠶᠢᠮᠦ | ᠠᠴᠠ ᠠᠬ᠎ᠠ ᠲᠠ ᠨᠠᠳᠠᠳᠤ ᠳᠤ ᠨᠠᠢᠮᠠᠨ ᠲᠦᠮᠡᠨ ᠲᠦᠭᠦᠷᠢᠭ ᠵᠤᠭᠤᠰ ᠢᠶᠠᠨ ᠬᠡᠳᠦᠨ ᠡᠳᠦᠷ ᠵᠢᠭᠡᠯᠡᠵᠦ ᠦᠭᠭᠦᠨ᠎ᠡ ᠤᠤ︖ ᠲᠠᠷᠠᠭ᠎ᠠ ᠭᠠᠷᠠᠭ ᠤᠨ ᠭᠤᠷᠪᠠᠨ ᠳᠤ | ᠲᠠᠨ ᠤ ᠲᠡᠨᠲᠡ ᠤᠷᠤᠭ ᠤᠨ ᠪᠠᠳᠤᠯᠠᠪᠤᠷᠢ ᠪᠠᠨ ᠠᠪᠬᠤ ᠪᠠᠷ ᠤᠴᠢᠬᠤ ᠳᠠᠭᠠᠨ ᠲᠠᠨ ᠳᠤ ᠠᠪᠠᠴᠢᠭᠠᠳ ᠦᠭᠴᠢᠭᠡᠨᠡ ᠰᠢᠤ ᠁︾ ᠭᠡᠵᠤ ᠵᠦᠪᠰᠢᠶᠡᠷᠡᠯ | ᠭᠤᠷᠢᠳᠠᠭᠰᠠᠨ ᠵᠦᠭᠡᠯᠡᠨ ᠲᠠᠭᠤᠨ ᠢᠶᠠᠷ ᠨᠠᠮᠤᠭᠤᠬᠠᠨ ᠭᠡᠭᠴᠢ ᠦᠭᠦᠯᠡᠬᠦ ᠳᠤᠨᠢ ᠡᠪᠦᠭᠡᠨ ᠭᠤᠸᠠᠢ ᠤᠮᠤᠭ ᠪᠠᠷᠳᠠᠮ ᠢᠶᠠᠷ᠄ ︽ᠵᠠ᠂ ᠪᠤᠯᠤᠨ᠎ᠠ ᠁ ᠪᠠᠩᠬᠢ ᠶᠢᠨ | ᠨᠤᠮᠧᠷ ᠢᠶᠠᠨ ᠬᠤᠷᠳᠤᠬᠠᠨ ᠶᠠᠪᠤᠭᠤᠯ᠂ ᠪᠢ ᠤᠳᠤ ᠪᠠᠷ ᠢᠶᠠᠨ ᠭᠤᠪᠢᠭᠤᠯᠵᠤ ᠦᠭᠭᠦᠶ᠎ᠡ︾ ᠭᠡᠵᠤ ᠪᠠᠶᠠᠷᠲᠠᠶᠢᠬᠠᠨ ᠭᠡᠭᠴᠢ ᠵᠦᠪᠰᠢᠶᠡᠷᠡᠪᠡ᠃ | ᠡᠪᠦᠭᠡᠨ ᠭᠤᠸᠠᠢ ᠡᠬᠡᠨᠠᠷ ᠤᠨ ᠢᠶᠠᠨ ᠨᠠᠰᠤᠨ ᠲᠤᠷᠰᠢ ᠢᠳᠡᠵᠦ ᠡᠮᠦᠰᠬᠦ ᠪᠠᠨ ᠠᠷᠪᠢᠯᠠᠵᠤ ᠪᠠᠶᠢᠭᠠᠳ ᠦᠯᠡᠳᠡᠭᠡᠵᠦ ᠬᠠᠳᠠᠭᠠᠯᠠᠭᠰᠠᠨ ᠲᠤᠯᠤᠭᠠᠨ ᠲᠦᠮᠡᠨ | ᠲᠦᠭᠦᠷᠢᠭ ᠵᠤᠭᠤᠰ ᠢ ᠨᠢ ᠪᠠᠩᠬᠢ ᠠᠴᠠ ᠠᠪᠴᠦ ᠭᠠᠷᠭᠠᠨ᠂ ᠰᠠᠶᠢᠨ ᠨᠠᠶᠢᠵᠢ ᠯᠠᠪᠠᠢ ᠠᠴᠠ ᠨᠢᠭᠡ ᠲᠦᠮᠡᠨ ᠲᠦᠭᠦᠷᠢᠭ ᠵᠢᠭᠡᠯᠡᠭᠡᠳ ᠴᠠᠰᠤ ᠴᠠᠭᠠᠨ ᠭᠦᠩᠵᠦ ᠶᠢᠨ | ᠬᠠᠩᠭᠠᠭᠰᠠᠨ ᠪᠠᠩᠬᠢ ᠶᠢᠨ ᠨᠤᠮᠧᠷ ᠤᠷᠤᠭᠤ ᠭᠤᠪᠢᠭᠤᠯᠤᠯᠠ᠃ | ᠤᠳᠠᠯ ᠦᠭᠡᠢ ᠵᠢᠭᠠᠬᠠᠨ ᠠᠮᠠᠷᠠᠭ ᠨᠢ ᠴᠠᠬᠢᠮ ᠴᠢᠮᠡᠭᠡ ᠢᠷᠡᠭᠦᠯᠦᠨ ᠄ ︽ᠬᠠᠶᠢᠷᠠᠲᠦ ᠮᠢᠨᠢ᠂ ᠵᠤᠭᠤᠰ ᠢ ᠴᠢᠨᠢ ᠤᠯᠤᠯ᠎ᠠ᠂ ᠪᠠᠶᠠᠷᠯᠠᠵᠤ ᠲᠠᠯᠠᠷᠬᠠᠬᠤ ᠳᠠᠭᠠᠨ | ᠬᠠᠯᠠᠭᠤᠨ ᠤᠷᠤᠭᠤᠯ ᠢ ᠴᠢᠨᠢ ᠰᠢᠪ ᠰᠢᠪ ᠭᠡᠲᠡᠯ᠎ᠡ ᠦᠨᠦᠰᠦᠶ᠎ᠡ᠂ ᠬᠡᠯᠡᠬᠦ ᠤᠴᠢᠷ ᠭᠡᠪᠡᠯ᠂ ᠲᠠᠷᠠᠭ᠎ᠠ ᠭᠠᠷᠠᠭ ᠤᠨ ᠭᠤᠷᠪᠠᠨ ᠳᠤ ᠪᠢ ᠲᠠᠨ ᠤ ᠲᠡᠨᠳᠡ ᠤᠴᠢᠵᠤ | ᠲᠠᠨ ᠲᠠᠢ ᠪᠠᠨ ᠠᠭᠤᠯᠵᠠᠨ᠎ᠠ ᠰᠢᠤ᠂ ᠲᠡᠷᠡ ᠦᠶᠡᠰ ᠬᠤᠶᠠᠭᠤᠯᠠ ᠤᠷᠤᠭ ᠤᠨ ᠪᠠᠳᠤᠯᠠᠪᠤᠷᠢ ᠪᠠᠨ ᠠᠪᠤᠨ᠎ᠠ᠂ ᠵᠤᠭᠤᠰ ᠢ ᠴᠢᠨᠢ ᠴᠦ ᠲᠤᠭ᠎ᠠ ᠶᠤᠰᠤᠭᠠᠷ ᠨᠢ | ᠪᠤᠴᠠᠭᠠᠨ᠎ᠠ ᠳ᠋ᠠ᠂ ᠲᠡᠭᠦᠤᠲᠠᠢ ᠨᠢ ᠪᠢ ᠵᠤᠭᠤᠰ ᠭᠡᠮᠡᠭᠴᠢ ᠡᠨᠡᠬᠦ ᠡᠷᠢᠶᠡᠨ ᠠᠯᠠᠭ ᠴᠠᠭᠠᠰᠤ ᠶᠢ ᠶᠡᠷᠦ ᠠᠴᠠ ᠲᠤᠭᠤᠳᠠᠭ ᠦᠭᠡᠢ ᠡ᠂ ᠬᠠᠷᠢᠨ ᠦᠨᠡᠯᠡᠰᠢ ᠦᠭᠡᠢ | ᠬᠠᠯᠠᠭᠤᠨ ᠬᠠᠶᠢᠷ᠎ᠠ ᠪᠠᠨ ᠠᠮᠢᠨ ᠠᠴᠠ ᠪᠠᠨ ᠢᠯᠡᠭᠦᠤ ᠡᠷᠬᠢᠮᠯᠡᠨ᠎ᠡ᠂ ᠲᠠᠨ ᠤ ᠪᠠᠨ ᠠᠰᠪᠤᠷ ᠵᠠᠩ᠂ ᠲᠤᠰᠠᠷᠬᠠᠭ ᠰᠡᠳᠬᠢᠯ᠂ ᠴᠠᠶᠢᠯᠭᠠᠨ ᠰᠠᠨᠠᠭ᠎ᠠ ᠁ ᠵᠡᠷᠭᠡ ᠳᠤ | ᠴᠢᠨᠢ ᠮᠢᠨᠦ ᠰᠦᠨᠡᠰᠦ ᠶᠢ ᠲᠠᠯᠠᠯᠤᠵᠦ᠂ ᠰᠦᠰᠦᠭ ᠢ ᠪᠠᠳᠤᠳᠬᠠᠭᠰᠠᠨ ᠡ ᠁︾ ᠭᠡᠵᠤ ᠰᠡᠳᠭᠢᠯ ᠤᠶᠠᠷᠠᠲᠠᠯ᠎ᠠ ᠰᠠᠶᠢᠬᠠᠨ ᠶᠠᠷᠢᠵᠠᠢ᠃ | ᠡᠳᠡᠭᠡᠷ ᠠᠷᠭ᠎ᠠ ᠠᠯᠳᠠᠭᠤᠯᠤᠮ᠎ᠠ ᠠᠶᠠᠲᠠᠢ ᠰᠠᠶᠢᠬᠠᠨ ᠦᠭᠡ ᠶᠢ ᠨᠢ ᠰᠤᠨᠤᠰᠤᠭᠠᠳ ᠡᠪᠦᠭᠡᠨ ᠭᠤᠸᠠᠢ ᠶᠡᠬᠡᠳᠡ ᠰᠡᠳᠭᠢᠯ ᠬᠦᠳᠡᠯᠵᠦ᠂ ᠠᠩᠭᠠᠯᠵᠠᠭᠰᠠᠨ ᠠᠮᠠᠨ | ᠠᠴᠠ ᠨᠢ ᠲᠠᠭᠤᠨ ᠭᠠᠷᠬᠤ ᠦᠭᠡᠢ ᠪᠠᠴᠢᠮᠳᠠᠨ ᠤᠬᠢᠯᠠᠭ᠎ᠠ ᠦᠭᠡᠢ ᠴᠦ ᠨᠢᠯᠪᠦᠰᠦ ᠨᠢ ᠤᠷᠤᠰᠤᠭᠠᠳ ᠪᠠᠶᠢᠯ᠎ᠠ᠃ ᠡᠪᠦᠭᠡᠨ ᠭᠤᠸᠠᠢ ᠪᠠᠶᠠᠰᠤᠯ ᠲᠤᠭᠳᠤᠯᠤᠯ ᠤᠨ | ᠨᠢᠯᠪᠤᠰᠤ ᠲᠠᠢ ᠪᠦᠷᠦᠯᠵᠡᠭᠰᠡᠨ ᠨᠢᠲᠤ ᠪᠠᠨ ᠠᠶᠠᠷᠬᠠᠨ ᠭᠡᠭᠴᠢ ᠵᠦᠯᠭᠦᠭᠡᠳ ᠲᠢᠩᠭᠢᠨᠡᠭᠰᠡᠨ ᠴᠢᠩᠭ᠎ᠠ ᠲᠠᠭᠤᠨ ᠢᠶᠠᠷ᠄ ︽ ᠵᠠ᠂ ᠠᠮᠢᠨᠳᠠᠢ ᠮᠢᠨᠢ᠂ ᠠᠬ᠎ᠠ ᠨᠢ ᠠᠳᠡ | ᠪᠠᠨ ᠶᠠᠭᠤ ᠪᠡᠯᠡᠳᠭᠡᠪᠡᠯ ᠲᠠᠭᠠᠷᠠᠬᠤ ᠪᠤᠢ︖︾ ᠬᠡᠮᠡᠨ ᠪᠠᠶᠠᠷᠯᠢᠩᠭᠤᠢ ᠠᠰᠠᠭᠤᠬᠤ ᠳᠤᠨᠢ᠂ ᠵᠢᠭᠠᠬᠠᠨ ᠠᠮᠠᠷᠠᠭ ᠨᠢ᠄ ︽ᠬᠠᠶᠢᠷᠠᠳᠤ ᠮᠢᠨᠢ᠂ ᠲᠠ ᠶᠠᠭᠤ ᠴᠦ | ᠪᠡᠯᠡᠳᠭᠡᠬᠦ ᠬᠡᠷᠡᠭ ᠦᠭᠡᠢ᠂ ᠬᠤᠪᠴᠠᠰᠤ ᠪᠠᠨ ᠲᠠᠶᠢᠯᠵᠤ ᠬᠤᠶᠠᠭᠤᠯᠠ ᠪᠠᠨ ᠰᠠᠶᠢᠬᠠᠨ ᠵᠢᠷᠭᠠᠬᠤ ᠪᠠᠷ ᠪᠡᠯᠡᠳᠭᠡᠯ ᠲᠠᠢ ᠪᠠᠶᠢᠪᠠᠯ ᠪᠤᠯᠴᠢᠬᠠᠬᠤ ᠨᠢ ᠲᠡᠷᠡ ᠁︾ | ᠭᠡᠵᠤ ᠠᠭᠠᠯᠢ ᠦᠭᠡᠶᠢᠳᠡᠪᠡ᠃ | ᠲᠡᠷᠡ ᠴᠠᠭ ᠠᠴᠠ ᠡᠬᠢᠯᠡᠨ ᠡᠪᠦᠭᠡᠨ ᠭᠤᠸᠠᠢ ᠶᠢᠨ ᠤᠨᠳᠠᠷᠠᠭᠠᠳ ᠤᠳᠠᠭᠰᠠᠨ ᠲᠠᠴᠢᠶᠠᠯ ᠤᠨ ᠭᠠᠯ ᠨᠢ ᠡᠭᠡᠭᠡ ᠯᠠ ᠬᠠᠭᠤᠷᠠᠢ ᠲᠦᠯᠡᠭᠡᠨ ᠳᠤ ᠭᠠᠯ | ᠵᠠᠯᠭᠠᠭᠰᠠᠨ ᠮᠡᠲᠦ ᠲᠦᠷᠡᠯᠵᠡᠭᠡᠳ ᠵᠢᠭᠠᠬᠠᠨ ᠠᠮᠠᠷᠠᠭ ᠨᠢ ᠡᠪᠦᠷ ᠤᠷᠤᠭᠤ ᠨᠢ ᠤᠳᠠᠯ ᠦᠭᠡᠢ ᠪᠦᠮᠪᠦᠷᠢᠭᠡᠳ ᠢᠷᠡᠬᠦ ᠶᠢ ᠬᠦᠯᠢᠶᠡᠨ ᠰᠠᠭᠤᠬᠤᠶ᠎ᠠ᠂ ᠲᠠᠪᠤᠨ ᠡᠳᠦᠷ ᠢ | ᠴᠦ ᠬᠦᠯᠢᠶᠡᠵᠦ ᠲᠡᠰᠬᠦ ᠦᠭᠡᠢ ᠲᠡᠰᠪᠤᠷᠢ ᠠᠯᠳᠠᠨ ᠰᠠᠨᠳᠤᠷᠤᠨ᠎ᠠ ᠁ | ᠭᠠᠷᠠᠭ ᠤᠨ ᠲᠠᠪᠤᠨ ᠭᠡᠭᠴᠢ ᠨᠢ ᠨᠠᠷᠠ ᠲᠤᠯᠠᠶᠢᠭᠰᠠᠨ ᠰᠠᠶᠢᠬᠠᠨ ᠡᠳᠦᠷ ᠪᠠᠶᠢᠪᠠ᠃ ᠲᠡᠷᠡ ᠦᠷᠯᠦᠭᠡ ᠨᠢ ᠱᠠᠭᠠᠵᠠᠭᠠᠢ ᠴᠦ ᠱᠠᠭᠰᠢᠭᠰᠠᠨ ᠦᠭᠡᠢ᠂ ᠬᠡᠷᠢᠶ᠎ᠡ | ᠴᠦ ᠭᠤᠸᠠᠭᠯᠠᠭᠰᠠᠨ ᠦᠭᠡᠢ ᠡᠩ ᠤᠨ ᠶᠡᠷᠦᠮᠳᠡᠭ ᠢᠶᠠᠷ ᠰᠢᠨ᠎ᠡ ᠡᠳᠦᠷ ᠡᠬᠢᠯᠡᠭᠰᠡᠨ ᠡ᠃ ᠡᠪᠦᠭᠡᠨ ᠭᠤᠸᠠᠢ ᠵᠢᠭᠠᠬᠠᠨ ᠠᠮᠠᠷᠠᠭ ᠲᠠᠭᠠᠨ ᠴᠠᠬᠢᠮ ᠴᠢᠮᠡᠭᠡ ᠶᠠᠪᠤᠭᠤᠯᠵᠦ | ᠄ ︽ᠬᠦᠬᠡᠬᠤᠳᠠ ᠠᠴᠠ ᠭᠠᠷᠤᠭᠠᠳ ᠢᠷᠡᠴᠢᠭᠡᠪᠡ ᠤᠤ︖︾ ᠬᠡᠮᠡᠨᠬᠠᠯᠠᠨᠵᠢᠯᠠᠨ ᠠᠰᠠᠭᠤᠬᠤ ᠳᠤ ᠨᠢ᠂ ᠵᠢᠭᠠᠬᠠᠨ ᠠᠮᠠᠷᠠᠭ ᠨᠢ ᠴᠠᠬᠢᠮ ᠴᠢᠮᠡᠭᠡ ᠢᠷᠡᠭᠡᠳ᠄ ︽ | ᠲᠡᠷᠭᠡ ᠬᠦᠳᠡᠯᠴᠢᠭᠡᠯᠡ᠂ ᠪᠠᠷᠤᠭ ᠦᠳᠡ ᠶᠢᠨ ᠬᠤᠶᠢᠨᠠᠬᠢ ᠬᠤᠶᠠᠷ ᠴᠠᠭ ᠤᠨ ᠦᠶ᠎ᠡ ᠪᠠᠷ ᠲᠠᠨ ᠤ ᠬᠤᠰᠢᠭᠤᠨ ᠤ ᠲᠦᠪ ᠲᠤ ᠬᠦᠷᠴᠢᠭᠡᠨ᠎ᠡ ︾ ᠭᠡᠵᠤ | ᠲᠤᠳᠤᠷᠬᠠᠶᠢᠯᠠᠨ ᠬᠡᠯᠡᠪᠡ᠃ | ᠰᠦᠰᠦᠲᠠᠢ ᠡᠪᠦᠭᠡᠨ ᠵᠢᠭᠠᠬᠠᠨ ᠠᠮᠠᠷᠠᠭ ᠲᠠᠢ ᠪᠠᠨ ᠬᠤᠷᠳᠤᠬᠠᠨ ᠭᠡᠭᠴᠢ ᠠᠭᠤᠯᠵᠠᠬᠤ ᠬᠡᠮᠡᠨᠠᠷᠠᠢ ᠭᠡᠵᠤ ᠦᠳᠡ ᠶᠢᠨ ᠨᠢᠭᠡ ᠴᠠᠭ ᠭᠠᠷᠤᠢ ᠪᠤᠯᠤᠮᠠᠭᠴᠠ | ᠲᠡᠷᠭᠡᠨ ᠦᠷᠲᠡᠭᠡᠨ ᠳᠤ ᠬᠦᠷᠪᠡ᠃ ᠬᠦᠯᠢᠶᠡᠭᠰᠡᠨ ᠶᠠᠭᠤᠮ᠎ᠠ ᠤᠳᠠᠭᠠᠨ᠂ ᠬᠦᠰᠡᠭᠰᠡᠨ ᠶᠠᠭᠤᠮ᠎ᠠ ᠬᠤᠯᠠ ᠭᠡᠳᠡᠭᠴᠢᠯᠡᠨ ᠲᠦᠩᠭᠡᠵᠦ ᠬᠤᠶᠠᠷ ᠴᠠᠭ ᠭᠠᠷᠤᠢ ᠪᠤᠯᠤᠭᠠᠳ | ᠰᠠᠶ᠋ᠢ ᠬᠦᠬᠡᠬᠤᠲᠠ ᠠᠴᠠ ᠢᠷᠡᠭᠰᠠᠨ ᠲᠡᠷᠭᠡ ᠦᠷᠲᠡᠭᠡᠨ ᠳᠤ ᠤᠷᠤᠵᠦ ᠢᠷᠡᠪᠡ᠃ | ᠡᠪᠦᠭᠡᠨ ᠭᠤᠸᠠᠢ ᠡᠭᠦᠳᠡᠨ ᠤ ᠬᠠᠵᠠᠭᠤ ᠳᠤ ᠵᠤᠭᠰᠤᠵᠦ᠂ ᠲᠦᠴᠢᠭᠡᠳ ᠠᠶᠠᠨᠴᠢᠳ ᠢ ᠪᠦᠭᠦᠳᠡ ᠶᠢ ᠲᠡᠷᠭᠡᠨ ᠠᠴᠠ ᠪᠠᠭᠤᠵᠦ ᠪᠠᠷᠠᠳᠠᠯ᠎ᠠ ᠠᠵᠢᠭᠯᠠᠭᠰᠠᠨ ᠴᠦ | ᠵᠢᠭᠠᠬᠠᠨ ᠠᠮᠠᠷᠠᠭ ᠨᠢ ᠪᠠᠷ᠎ᠠ ᠰᠤᠷᠠᠭ ᠦᠭᠡᠢ ᠪᠠᠶᠢᠭᠰᠠᠨ ᠳᠤ᠂ ᠡᠪᠦᠭᠡᠨ ᠭᠤᠸᠠᠢ ᠶᠢᠨ ᠲᠤᠳᠤᠷ᠎ᠠ ᠲᠦᠩ ᠳ᠋ᠠᠩ ᠲᠠᠢ ᠪᠤᠯᠵᠦ ᠄ ︽ ᠪᠢ ᠴᠢᠨᠢ ᠮᠡᠬᠡᠯᠡᠭᠳᠡᠴᠢᠭᠡᠪᠡ | ᠤᠤ︖︾ ᠭᠡᠵᠤ ᠰᠡᠵᠢᠭ ᠲᠦᠷᠦᠭᠰᠡᠭᠡᠷ ᠲᠦᠷᠭᠡᠬᠡᠨ ᠭᠡᠭᠴᠢ ᠭᠡᠷ ᠲᠡᠭᠡᠨ ᠬᠠᠷᠢᠵᠦ᠂ ᠵᠢᠭᠠᠬᠠᠨ ᠠᠮᠠᠷᠠᠭ ᠤᠨ ᠢᠶᠠᠨ ᠸᠢᠴᠠᠲ ᠢ ᠨᠢ ᠨᠡᠭᠡᠭᠡᠵᠦ ᠦᠵᠡᠬᠦᠶ᠎ᠡ᠂ ᠲᠡᠷᠡᠬᠦ | ᠵᠤᠤᠮᠠᠯᠵᠠᠨ ᠢᠨᠢᠶᠡᠮᠰᠦᠭᠯᠡᠭᠰᠡᠨ ᠭᠤᠶᠦ ᠰᠡᠭᠦᠳᠡᠷ ᠨᠢ ᠠᠯᠢ ᠬᠡᠳᠦᠶᠢᠨ ᠠᠯᠠᠭ᠎ᠠ ᠪᠤᠯᠵᠦ᠂ ᠦᠨᠦᠬᠢ ᠪᠦᠰᠡᠭᠦᠢ ᠶᠢᠨ ᠸᠢᠴᠠᠲ ᠨᠢ ᠴᠦ ᠦᠭᠡ ᠦᠰᠦᠭ ᠠᠯᠢ ᠨᠢ ᠴᠦ | ᠨᠡᠪᠳᠡᠷᠡᠬᠦ ᠪᠠᠨ ᠪᠤᠯᠢᠵᠦ ᠬᠡᠷᠡᠭᠴᠡᠭᠡ ᠪᠠᠨ ᠠᠯᠳᠠᠭᠰᠠᠨ ᠪᠠᠶᠢᠪᠠ᠃ | ᠲᠡᠷᠡᠬᠡᠨ ᠵᠠᠭᠤᠷ᠎ᠠ ᠰᠦᠰᠦᠲᠠᠢ ᠭᠤᠸᠠᠢ ᠶᠢᠨ ᠬᠤᠶᠠᠷ ᠬᠦᠯ ᠨᠢ ᠡᠪᠦᠳᠦᠭ ᠢᠶᠠᠷ ᠢᠶᠠᠨ ᠨᠤᠭᠤᠷᠠᠴᠢᠬᠠᠭᠰᠠᠨ ᠪᠠᠶᠢᠵᠦ᠂ ᠵᠢᠰᠦ ᠦᠵᠡᠭᠳᠡᠮ᠎ᠡ ᠵᠦᠯᠭᠦᠭᠰᠡᠨ ᠱᠠᠯᠠ | ᠲᠡᠭᠡᠷ᠎ᠡ ᠪᠠᠨ ︽ᠲᠦᠰ︾ ᠭᠡᠲᠡᠯ᠎ᠡ ᠰᠦᠭᠦᠳᠦᠭᠡᠳ᠄ ︽ᠪᠢ ᠬᠦᠬᠡᠷᠦᠬᠦᠢ ᠡᠮᠡᠭᠡᠨ ᠳᠡᠭᠡᠨ ᠤᠰᠤᠯᠳᠠᠵᠠᠢ ᠁︾ ᠬᠡᠮᠡᠨ ᠬᠤᠶᠠᠷ ᠨᠢᠳᠦᠨ ᠠᠴᠠ ᠪᠠᠨ ᠬᠡᠯᠬᠢᠶ᠎ᠡ | ᠨᠢᠯᠪᠦᠰᠦ ᠪᠦᠮᠪᠦᠷᠢᠭᠦᠯᠦᠨᠡ᠃ |