ᠰᠢᠨ᠎ᠡ ᠵᠢᠯ ᠢᠶᠠᠨ ᠤᠬᠳᠤᠶ᠎ᠠ | | ᠨᠤᠰᠤᠷᠤᠨ | | ⒈ ᠠᠷᠠᠯᠳᠤ ᠬᠤᠭᠤᠷ ᠢᠶᠠᠨ ᠠᠳᠬᠤᠭᠠᠳ | ᠠᠶᠠᠯᠭᠤ ᠬᠦᠭᠵᠢᠮ ᠢᠶᠠᠨ ᠡᠭᠦᠰᠭᠡᠶ᠎ᠡ | ᠠᠯᠳᠠ ᠴᠠᠭᠠᠨ ᠬᠠᠳᠠᠭ ᠢᠶᠠᠨ ᠲᠡᠯᠭᠡᠭᠡᠳ | ᠠᠮᠤᠭᠤᠯᠠᠩᠳᠤ ᠰᠠᠷ᠎ᠠ ᠪᠠᠨ ᠤᠬᠳᠤᠶ᠎ᠠ︕ | | ⒉ ᠡᠷᠳᠡᠨᠢ ᠶᠢᠨ ᠰᠢᠬᠢᠳᠭᠡᠷᠳᠤ ᠬᠤᠭᠤᠷ ᠢᠶᠠᠨ | ᠡᠭᠡᠰᠢᠭ ᠢ ᠨᠢ ᠲᠠᠭᠠᠷᠠᠭᠤᠯᠤᠭᠠᠳ ᠬᠦᠭᠯᠡᠶᠡ︕ | ᠡᠩ ᠲᠠᠢ ᠲᠤᠷᠭᠠᠨ ᠬᠠᠳᠠᠭ ᠢᠶᠠᠨ ᠡᠷᠭᠦᠭᠡᠳ | ᠡᠩᠭᠡ ᠰᠠᠷ᠎ᠠ ᠪᠠᠨ ᠪᠡᠯᠭᠡᠯᠡᠶ᠎ᠡ︕ | | ⒊ ᠦᠨᠢᠷ ᠪᠠᠶᠠᠨ ᠬᠠᠭᠤᠴᠢᠨ ᠵᠢᠯ ᠮᠢᠨᠢ | ᠦᠯᠵᠡᠢ ᠪᠡᠯᠭᠡ ᠲᠠᠢ ᠮᠤᠷᠳᠠᠵᠤ | ᠦᠭᠡᠳᠡᠯᠡᠨ ᠲᠡᠯᠭᠡᠷᠡᠭᠦ ᠰᠢᠨ᠎ᠡ ᠵᠢᠯ ᠮᠢᠨᠢ | ᠦᠭᠡᠳᠡ ᠭᠡᠶᠢᠮᠦᠷᠢ ᠲᠠᠢ ᠰᠠᠭᠠᠳᠠᠬᠤ ᠳᠤ | | ⒋ ᠠᠵᠠ ᠵᠢᠷᠭᠠᠯᠳᠤ ᠠᠮᠢᠳᠤᠷᠠᠯ ᠢᠶᠠᠨ | ᠠᠶᠠᠯᠭᠤᠯᠠᠨ ᠰᠢᠯᠦᠭᠯᠡᠳᠡᠭ ᠲᠠᠭᠤᠴᠢ ᠪᠢ | ᠠᠷᠢᠭᠤᠨ ᠮᠤᠩᠭᠤᠯ ᠤᠨ ᠤᠳᠤᠮᠰᠢᠯ ᠢᠶᠠᠷ ᠢᠶᠠᠨ | ᠠᠮᠤᠷ ᠠᠶᠢᠯᠠᠳᠬᠠᠨ ᠵᠤᠯᠭᠠᠶ᠎ᠠ︕ | | ⒌ ᠡᠩ ᠲᠠᠢ ᠲᠤᠷᠭᠠᠨ ᠬᠠᠳᠠᠭ ᠢᠶᠠᠷ ᠢᠶᠠᠨ | ᠡᠩᠭᠡ ᠮᠡᠨᠳᠤ ᠶᠢᠨ ᠪᠡᠯᠭᠡ ᠪᠤᠯᠭᠠᠵᠤ | ᠠᠷᠢᠬᠢ ᠰᠠᠷᠬᠤᠳ ᠤᠨ ᠲᠡᠭᠡᠵᠢ ᠪᠠᠨ | ᠠᠯᠳᠠᠨ ᠬᠤᠨᠳᠠᠭᠠᠨ ᠳᠠᠭᠠᠨ ᠰᠦᠩᠨᠡᠭᠡᠳ | | ⒍ ᠮᠠᠨ ᠤ ᠠᠭᠤᠤ ᠶᠡᠭᠡ ᠨᠠᠮ ᠳᠠᠭᠠᠨ | ᠮᠠᠯᠴᠢᠨ ᠲᠠᠷᠢᠶᠠᠴᠢᠨ ᠴᠡᠷᠢᠭ ᠲᠡᠭᠡᠨ | ᠮᠠᠩᠯᠠᠢ ᠪᠠᠶᠠᠷ ᠤᠨ ᠮᠠᠬᠳᠠᠭᠠᠯ ᠢᠶᠠᠨ | ᠮᠠᠩᠨᠤᠭ ᠲᠠᠯ᠎ᠠ ᠠᠴᠠ ᠪᠠᠨ ᠲᠡᠪᠰᠢᠭᠦᠯᠵᠤ ᠪᠠᠶᠢᠨ᠎ᠠ | | ⒎ ᠨᠠᠷᠮᠠᠢ ᠮᠤᠩᠭᠤᠯ ᠤᠷᠤᠨ ᠳᠠᠭᠠᠨ | ᠨᠠᠮ ᠤᠨ ᠪᠤᠳᠤᠯᠭ᠎ᠠ ᠶᠢ ᠲᠤᠤᠱᠯᠠᠭᠤᠯᠤᠬᠰᠠᠨ | ᠨᠠᠢᠮᠠᠨ ᠬᠠᠨ᠎ᠠ ᠲᠠᠢ ᠦᠷᠦᠭᠡᠨ ᠳᠡᠭᠡᠨ | ᠨᠠᠷᠠᠨ ᠤ ᠲᠤᠶᠠᠭ᠎ᠠ ᠶᠢ ᠤᠬᠳᠤᠬᠰᠠ | | ⒏ ᠠᠵᠠ ᠵᠢᠷᠭᠠᠯ ᠤᠨ ᠮᠦᠰᠢᠶᠡᠯ ᠢᠶᠠᠷ | ᠠᠮᠤᠭᠤᠯᠠᠩ ᠰᠠᠶᠢᠬᠠᠨ ᠰᠢᠨᠡᠯᠡᠵᠤ ᠪᠠᠶᠢᠭ᠎ᠠ | ᠰᠢᠯᠢᠳᠡᠭ ᠮᠠᠯᠴᠢᠨ ᠲᠠᠨᠠᠷ ᠲᠠᠭᠠᠨ | ᠰᠢᠨ᠎ᠡ ᠶᠢᠨ ᠮᠠᠨᠳᠤ ᠶᠢ ᠲᠡᠪᠰᠢᠭᠦᠯᠦᠶ᠎ᠡ︕ | | ⒐ ᠮᠢᠨᠳᠠᠰᠤᠨ ᠲᠤᠷᠭᠠᠨ ᠬᠠᠳᠠᠭ ᠢᠶᠠᠨ | ᠲᠡᠯᠭᠡᠨ ᠮᠦᠷᠭᠦᠵᠤ ᠵᠤᠯᠭᠠᠶ᠎ᠠ | ᠮᠠᠨᠠᠨ ᠴᠡᠩᠭᠡᠷ ᠬᠦᠭᠦᠷ ᠢᠶᠠᠨ | ᠰᠤᠯᠢᠨ ᠪᠠᠷᠢᠵᠤ ᠰᠢᠨᠡᠯᠡᠶ᠎ᠡ︕ | | ⒑ ᠬᠦᠨᠳᠦᠳᠦ ᠪᠤᠭᠤᠷᠤᠯ ᠨᠠᠰᠤᠳᠠᠳ ᠲᠠᠭᠠᠨ | ᠬᠠᠴᠠᠷ ᠢᠶᠠᠨ ᠦᠭᠴᠦ ᠦᠨᠦᠰᠦᠭᠦᠯᠦᠶᠡ | ᠬᠦᠭᠡᠷᠦᠭᠦᠨ ᠪᠠᠭᠠᠴᠤᠳ ᠲᠡᠭᠦᠤᠨᠠᠷ ᠲᠡᠭᠡᠨ | ᠬᠠᠶᠢᠷ᠎ᠠ ᠪᠠᠨ ᠢᠯᠡᠳᠭᠡᠵᠤ ᠰᠢᠯᠦᠭᠯᠡᠶ᠎ᠡ︕ | | ⒒ ᠡᠨᠡ ᠪᠡᠶ᠎ᠡ ᠶᠢ ᠲᠤᠷᠨᠢᠭᠤᠯᠤᠬᠰᠠᠨ | ᠡᠯᠡᠰᠤᠳᠤ ᠭᠤᠪᠢ ᠮᠢᠨᠢ ᠰᠠᠶᠢᠨ ᠤᠤ︖ | ᠡᠯᠢᠭᠡᠨ ᠬᠠᠶᠢᠷ᠎ᠠ ᠪᠠᠨ ᠶᠡᠭᠦᠯᠦᠭᠰᠡᠨ | ᠡᠨᠡᠷᠢᠯᠳᠤ ᠡᠵᠢ ᠮᠢᠨᠢ ᠰᠠᠶᠢᠨ ᠤᠤ︖ | | ⒓ ᠠᠳᠤᠭᠤ ᠮᠠᠯ ᠢᠶᠠᠷ ᠪᠢᠯᠬᠠᠷᠠᠬᠰᠠᠨ | ᠠᠳᠠᠷ ᠲᠠᠯ᠎ᠠ ᠮᠢᠨᠢ ᠰᠠᠶᠢᠨ ᠤᠤ︖ | ᠠᠴᠢᠯᠠᠯ ᠬᠠᠶᠢᠷ᠎ᠠ ᠪᠠᠨ ᠢᠪᠡᠭᠡᠭᠰᠡᠨ | ᠠᠴᠢᠳᠤ ᠠᠪᠤ ᠮᠢᠨᠢ ᠰᠠᠶᠢᠨ ᠤᠤ︖ | | ⒔ ᠠᠬᠯᠠᠭ ᠠᠭᠤᠯᠠ ᠶᠢᠨ ᠪᠦᠷᠭᠦᠳ | ᠠᠳᠤᠭᠤᠴᠢᠨ ᠵᠠᠯᠠᠭᠤ ᠮᠢᠨᠢ ᠰᠠᠶᠢᠨ ᠤᠤ︖ | ᠰᠠᠷᠠᠭᠤᠯ ᠲᠠᠯ᠎ᠠ ᠶᠢᠨ ᠲᠠᠭᠤᠴᠢᠨ | ᠰᠠᠭᠠᠯᠢᠴᠢᠨ ᠪᠦᠰᠡᠭᠦᠢ ᠮᠢᠨᠢ ᠰᠠᠶᠢᠨ ᠤᠤ︖ | | ⒕ ᠰᠠᠭᠠᠯᠢ ᠶᠢᠨ ᠲᠡᠭᠡᠵᠢ ᠪᠠᠨ ᠭᠡᠮᠨᠡᠭᠡᠳ | ᠰᠠᠶᠢᠬᠠᠨ ᠬᠠᠪᠤᠷ ᠢᠶᠠᠨ ᠤᠬᠳᠤᠶ᠎ᠠ | ᠰᠢᠯᠢᠳᠡᠭ ᠮᠠᠯᠴᠢᠨ ᠲᠠᠨᠠᠷ ᠲᠠᠭᠠᠨ | ᠰᠢᠨ᠎ᠡ ᠵᠢᠯ ᠤᠨ ᠢᠷᠦᠭᠡᠯ ᠢᠶᠠᠨ ᠲᠡᠪᠰᠢᠭᠦᠯᠦᠶ᠎ᠡ︕ | | ⒖ ᠢᠷᠦᠭᠡᠯ ᠰᠡᠳᠬᠢᠯ ᠬᠤᠶᠠᠷ ᠮᠢᠨᠢ | ᠪᠠᠳᠤ ᠤᠷᠤᠰᠢᠬᠤ ᠪᠤᠯᠳᠤᠭᠠᠢ︕ | ᠶᠢᠷᠳᠢᠨᠴᠤ ᠶᠢᠨ ᠲᠦᠮᠡᠨ ᠤ ᠰᠤᠨᠤᠷ ᠲᠤ | ᠪᠠᠶᠠᠨ ᠮᠤᠩᠭᠤᠯ ᠮᠢᠨᠢ ᠲᠠᠭᠤᠷᠢᠰᠤᠳᠤᠭᠠᠢ︕ |